ᠭᠠᠯᠵᠠᠭᠤ ᠡᠪᠡᠳᠴᠢᠨ- ᠳ· ᠨᠠᠴᠤᠭᠳᠣᠷᠵᠢГалзуу өвчин
ᠳ· ᠨᠠᠴᠤᠭᠳᠣᠷᠵᠢ
ᠥᠮᠦᠨ ᠭᠡᠭᠴᠢ ᠮᠠᠰᠢ ᠨᠠᠷᠢᠨ ᠢ᠋ᠶ᠋ᠠᠷ ᠪᠦᠲᠦᠭᠰᠡᠨ ᠡᠷᠳᠡᠨᠢ ᠶ᠋ᠢᠨ ᠴᠣᠭᠴᠠᠰ ᠲᠤᠯᠠ᠂ ᠲᠡᠭᠦᠨ ᠦ᠌ ᠡᠷᠬᠢᠮ ᠲᠤᠩᠭᠠᠯᠠᠭ ᠮᠡᠳᠡᠷᠡᠯ ᠦ᠋ᠨ ᠰᠢᠵᠢᠮ ᠭᠡᠮᠲᠦᠪᠡᠯ ᠰᠣᠯᠢᠶ᠎ᠠ ᠭᠠᠯᠵᠠᠭᠤ ᠶ᠋ᠢᠨ ᠠᠶᠤᠯᠲᠤ ᠭᠠᠮᠰᠢᠭ ᠢ᠋ ᠠᠮᠰᠠᠬᠤ ᠪᠣᠯᠤᠨ᠎ᠠ᠃ ᠬᠠᠲᠠᠭᠤ ᠰᠢᠷᠦᠭᠦᠨ ᠬᠠᠯᠳᠠᠪᠤᠷᠢᠲᠤ ᠡᠪᠡᠳᠴᠢᠨ ᠶᠠᠷ᠎ᠠ ᠬᠦᠢᠲᠡᠨ ᠵᠡᠷᠭᠡ ᠶ᠋ᠢᠨ ᠥᠴᠦᠬᠡᠨ ᠨᠢᠶᠠᠨ ᠲᠣᠭ᠎ᠠ ᠲᠣᠮᠰᠢ ᠦᠭᠡᠢ ᠣᠯᠠᠨ ᠢ᠋ᠶ᠋ᠠᠷ ᠬᠤᠷᠠᠯᠳᠤᠵᠤ ᠬᠥᠮᠦᠨ ᠦ᠌ ᠪᠡᠶ᠎ᠡ ᠶ᠋ᠢ ᠰᠦᠢᠳᠬᠡᠬᠦ ᠳ᠋ᠡᠭᠡᠨ ᠵᠥᠪᠬᠡᠨ ᠮᠢᠬ᠎ᠠ ᠴᠢᠰᠤ ᠶ᠋ᠢ ᠰᠢᠳᠬᠡᠬᠦ ᠪᠢᠰᠢ᠂ ᠮᠢᠩᠭᠠᠨ ᠵᠦᠭ ᠲᠦ᠍ ᠰᠠᠯᠪᠤᠷᠢᠯᠠᠭᠰᠠᠨ ᠭᠠᠢᠬᠠᠮᠰᠢᠭᠲᠤ ᠮᠡᠷᠭᠡᠨ ᠮᠡᠳᠡᠷᠡᠯ ᠦ᠋ᠨ ᠰᠤᠳᠠᠰᠤ ᠬᠢᠭᠡᠳ ᠣᠶᠤᠨ ᠤᠬᠠᠭᠠᠨ ᠤ᠋ ᠲᠥᠪ᠂ ᠰᠠᠷᠠᠭᠤᠯ ᠰᠠᠢᠬᠠᠨ ᠤᠭᠤᠷᠠᠭ ᠲᠠᠷᠢᠬᠢ ᠶ᠋ᠢ ᠬᠦᠷᠲᠡᠯ᠎ᠡ ᠰᠠᠨᠳᠠᠷᠠᠭᠠᠨ ᠭᠡᠮᠲᠦᠭᠡᠵᠦ᠂ ᠰᠠᠢᠨ ᠬᠥᠮᠦᠨ᠂ ᠰᠠᠢᠬᠠᠨ ᠬᠥᠮᠦᠨ ᠢ᠋ ᠪᠣᠯᠪᠠᠴᠤ ᠶᠢᠷᠲᠢᠨᠴᠦ ᠡᠴᠡ ᠬᠠᠭᠠᠴᠠᠭᠠᠨ᠂ ᠤᠬᠢᠯᠠᠬᠤ᠂ ᠭᠠᠰᠠᠯᠬᠤ᠂ ᠪᠠᠷᠬᠢᠷᠠᠬᠤ᠂ ᠳᠠᠭᠤᠯᠠᠬᠤ᠂ ᠬᠠᠷᠢᠶᠠᠬᠤ᠂ ᠢᠷᠦᠭᠡᠬᠦ᠂ ᠲᠠᠲᠠᠯᠳᠤᠬᠤ᠂ ᠶᠣᠢᠯᠠᠬᠤ ᠲᠦᠮᠡᠨ ᠪᠡᠷᠬᠡ ᠵᠣᠪᠠᠯᠠᠩ ᠳ᠋ᠤ᠌ ᠤᠨᠠᠭᠠᠨ᠎ᠠ᠃
1935 ᠣᠨ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠭᠠᠷᠮ᠎ᠠ᠂ ᠣᠳᠬᠠᠨᠰᠣ᠎ᠠ
