ᠠᠤᠭ᠎ᠠ ᠬᠦᠴᠦᠲᠡᠨ- ᠳ· ᠨᠠᠴᠤᠭᠳᠣᠷᠵᠢАугаа хүчтэн-Д.Нацагдорж
ᠳ· ᠨᠠᠴᠤᠭᠳᠣᠷᠵᠢ
ᠨᠢᠭᠡ ᠥᠷᠯᠥᠭᠡ ᠡᠮᠡᠭᠡᠨ ᠲᠤᠯᠭᠠᠷ ᠭᠡᠷ ᠦ᠋ᠨ ᠬᠣᠭ ᠢ᠋ ᠴᠡᠪᠡᠷᠯᠡᠭᠡᠳ ᠭᠠᠷᠴᠤ ᠣᠳᠪᠠ᠃ ᠭᠡᠷ ᠦ᠋ᠨ ᠳᠣᠲᠣᠷ᠎ᠠ ᠲᠣᠭᠣᠰᠣ ᠪᠤᠵᠢᠭᠢᠨᠠᠬᠤ ᠨᠢ ᠵᠤᠵᠠᠭᠠᠨ ᠡᠭᠦᠯᠡ ᠮᠡᠲᠦ ᠦᠵᠡᠭᠳᠡᠨ᠎ᠡ᠃ ᠡᠨᠡ ᠵᠠᠭᠤᠷ᠎ᠠ ᠠᠭᠠᠷ ᠤ᠋ᠨ ᠬᠡᠢ ᠡᠴᠡ ᠨᠢᠳᠦᠨ ᠳ᠋ᠦ᠍ ᠦᠯᠦ ᠦᠵᠡᠭᠳᠡᠬᠦ ᠨᠢᠭᠡ ᠴᠤᠬᠠᠭ ᠨᠥᠬᠥᠷ ᠪᠠᠭᠤᠵᠤ᠂ ᠤᠯᠠᠭᠠᠨ ᠪᠣᠳᠣᠭ ᠲᠠᠢ ᠠᠪᠳᠠᠷ᠎ᠠ ᠶ᠋ᠢᠨ ᠥᠨᠴᠥᠭ ᠳᠡᠭᠡᠷ᠎ᠡ ᠲᠣᠯᠣᠭᠠᠢ ᠪᠠᠨ ᠲᠦᠰᠢᠵᠦ᠂ ᠰᠠᠨᠠᠭ᠎ᠠ ᠠᠯᠲᠠᠨ ᠵᠣᠪᠠᠯᠠᠩᠲᠤ ᠪᠠᠢᠳᠠᠯ ᠢ᠋ᠶ᠋ᠠᠷ ᠭᠠᠰᠠᠯᠤᠨ᠎ᠠ᠃
ᠡᠭᠦᠨ ᠦ᠌ ᠪᠡᠶ᠎ᠡ ᠶ᠋ᠢᠨ ᠪᠠᠢᠳᠠᠯ ᠢ᠋ ᠡᠩ ᠦ᠋ᠨ ᠨᠢᠳᠦ ᠪᠡᠷ ᠦᠵᠡᠬᠦ ᠭᠡᠭᠴᠢ ᠮᠠᠰᠢ ᠪᠡᠷᠬᠡ ᠪᠥᠭᠡᠳ ᠭᠠᠭᠴᠠ ᠬᠦ᠌ ᠲᠣᠮᠣᠷᠠᠭᠤᠯᠳᠠᠭ ᠰᠢᠯ ᠢ᠋ᠶ᠋ᠡᠷ ᠦᠵᠡᠵᠦ ᠪᠣᠯᠤᠨ᠎ᠠ᠃ ᠬᠡᠳᠦᠢ ᠪᠡᠷ ᠡᠢᠮᠦ ᠥᠴᠦᠬᠡᠨ ᠪᠠᠭ᠎ᠠ ᠪᠣᠯᠪᠠᠴᠤ ᠬᠦᠴᠦ ᠮᠠᠰᠢ ᠦᠯᠡᠮᠵᠢ ᠲᠤᠯᠠ ᠳᠠᠷᠤᠢ ᠠᠤᠭ᠎ᠠ ᠬᠦᠴᠦ ᠲᠡᠢ ᠭᠡᠵᠦ ᠨᠡᠷᠡᠯᠡᠵᠦ ᠪᠣᠯᠤᠨ᠎ᠠ᠃ ᠲᠡᠳᠦᠢ ᠯᠡ ᠤᠳᠠᠯ ᠦᠭᠡᠢ ᠪᠠᠰᠠ ᠨᠢᠭᠡ ᠥᠭᠡᠷ᠎ᠡ ᠮᠠᠶᠢᠭ ᠤ᠋ᠨ ᠨᠥᠬᠥᠷ ᠠᠭᠠᠷ ᠠ᠋ᠴᠠ ᠪᠠᠭᠤᠵᠤ ᠢᠷᠡᠭᠡᠳ᠂ ᠲᠡᠭᠦᠨ ᠦ᠌ ᠳᠡᠷᠭᠡᠳᠡ ᠰᠠᠭᠤᠵᠤ᠄
— ᠵᠠ ᠡᠷᠬᠢᠮ ᠬᠦᠨᠳᠦᠲᠦ ᠨᠥᠬᠥᠷ ᠶᠠᠷ᠎ᠠ ᠶ᠋ᠢᠨ ᠬᠣᠷᠣᠬᠠᠢ ᠡᠨᠳᠡ ᠶᠠᠮᠠᠷ ᠤᠴᠢᠷ ᠠ᠋ᠴᠠ ᠢᠩᠭᠢᠵᠦ ᠤᠢᠳᠬᠠᠷᠯᠠᠨ ᠰᠠᠭᠤᠨ᠎ᠠ ᠭᠡᠵᠦ ᠯᠠᠪᠯᠠᠵᠤ᠂ ᠮᠡᠨᠳᠦ ᠶ᠋ᠢ ᠮᠡᠨᠳᠦᠯᠴᠡᠭᠰᠡᠨ ᠦ᠌ ᠳᠠᠷᠠᠭ᠎ᠠ ᠳ᠋ᠤ᠌᠂
— ᠡᠷᠬᠢᠮ ᠨᠥᠬᠥᠷ ᠬᠦᠢᠲᠡᠨ ᠦ᠌ ᠬᠣᠷᠣᠬᠠᠢ ᠲᠠᠨ ᠲᠠᠢ ᠤᠴᠠᠷᠠᠭᠰᠠᠨ ᠳ᠋ᠠᠭᠠᠨ ᠲᠦᠮᠡᠨᠲᠡ ᠪᠠᠶᠠᠷᠯᠠᠨ᠎ᠠ᠃ ᠮᠢᠨᠦ ᠢᠩᠭᠢᠵᠦ ᠵᠣᠪᠠᠬᠤ ᠨᠢ ᠵᠥᠪᠬᠡᠨ ᠮᠢᠨᠦ ᠬᠤᠪᠢ ᠪᠡᠶ᠎ᠡ ᠶ᠋ᠢᠨ ᠬᠡᠷᠡᠭ ᠪᠢᠰᠢ ᠪᠥᠭᠡᠳ ᠪᠦᠭᠦᠳᠡ ᠶ᠋ᠢᠨ ᠲᠥᠯᠥᠭᠡ ᠪᠢᠯᠡ᠂ ᠡᠭᠦᠨ ᠡᠴᠡ ᠤᠷᠢᠳᠤ ᠠᠷᠪᠠ ᠭᠠᠷᠤᠢ ᠵᠢᠯ ᠦ᠋ᠨ ᠡᠮᠦᠨ᠎ᠡ ᠪᠢᠳᠡ ᠬᠡᠴᠢᠨᠡᠨ ᠵᠢᠷᠭᠠᠯ ᠲᠠᠢ ᠪᠠᠢᠭᠰᠠᠨ ᠪᠢᠯᠡ᠃ ᠲᠡᠭᠦᠨ ᠢ᠋ ᠡᠷᠬᠢᠮ ᠬᠦᠨᠳᠦᠲᠦ ᠨᠥᠬᠥᠷ ᠠᠷᠠᠢ ᠮᠠᠷᠲᠠᠭ᠎ᠠ ᠦᠭᠡᠢ ᠪᠢᠵᠡ᠃ ᠪᠢ ᠪᠣᠯᠪᠠᠯ ᠶᠠᠮᠠᠷ ᠴᠤ ᠬᠥᠮᠦᠨ ᠦ᠌ ᠪᠡᠶ᠎ᠡ ᠮᠠᠬᠠᠪᠣᠳ ᠢ᠋ ᠳᠣᠷᠣᠮᠵᠢᠯᠠᠨ ᠰᠦᠢᠳᠬᠡᠵᠦ᠂ ᠠᠳᠠᠭ ᠲᠤ ᠬᠠᠮᠠᠷ ᠴᠤ ᠦᠭᠡᠢ ᠪᠣᠯᠭᠠᠳᠠᠭ ᠴᠢᠳᠠᠯ ᠲᠠᠢ ᠪᠠᠢᠭᠰᠠᠨ ᠪᠢᠯᠡ᠃ ᠭᠡᠲᠡᠯ᠎ᠡ ᠰᠡᠭᠦᠯ ᠦ᠋ᠨ ᠦᠶ᠎ᠡ ᠳ᠋ᠦ᠍ ᠰᠢᠨᠵᠢᠯᠡᠬᠦ ᠤᠬᠠᠭᠠᠨ ᠤ᠋ ᠡᠮᠨᠡᠯᠭᠡ ᠳᠡᠯᠭᠡᠷᠡᠵᠦ ᠬᠡᠴᠡᠭᠦᠦ ᠬᠥᠮᠦᠰ ᠪᠣᠢ ᠪᠣᠯᠵᠤ᠂ ᠪᠢᠳᠡᠨ ᠦ᠌ ᠲᠡᠷᠡ ᠬᠦ᠌ ᠲᠠᠩᠬᠠᠢ ᠪᠠᠢᠳᠠᠯ ᠢ᠋ ᠬᠠᠯᠠᠵᠤ᠂ ᠬᠠᠮᠠᠷ ᠨᠠᠷᠮᠠᠢ ᠳ᠋ᠤ᠌ ᠬᠦᠷᠬᠦ ᠪᠠᠢᠲᠤᠭᠠᠢ ᠬᠠᠷᠢᠨ ᠣᠷᠣᠬᠤ ᠭᠠᠵᠠᠷ ᠣᠯᠳᠠᠬᠤ ᠦᠭᠡᠢ ᠵᠣᠪᠠᠯᠠᠩ ᠤ᠋ᠨ ᠳᠠᠯᠠᠢ ᠳ᠋ᠤ᠌ ᠤᠨᠠᠭᠠᠵᠤ᠂ ᠡᠳᠦᠷ ᠢᠷᠡᠬᠦ ᠳᠣᠳᠣᠮ ᠲᠤᠷᠠᠵᠤ ᠵᠦᠳᠡᠷᠡᠨ ᠵᠣᠪᠠᠵᠤ ᠭᠤᠨᠢᠬᠠᠷᠠᠨ ᠰᠡᠳᠬᠢᠯ ᠳ᠋ᠦ᠍ ᠲᠠᠪᠠ ᠦᠭᠡᠢ ᠪᠣᠯᠵᠠᠢ᠃
ᠬᠦᠢᠲᠡᠨ ᠦ᠌ ᠬᠣᠷᠣᠬᠠᠢ ᠭᠡᠳᠡᠯᠵᠡᠵᠦ ᠭᠣᠳᠣᠯᠵᠠᠨ᠄
— ᠦᠨᠡᠬᠡᠷ ᠲᠡᠢᠮᠦ᠂ ᠲᠠᠨ ᠤ᠋ ᠬᠡᠯᠡᠳᠡᠭ ᠮᠠᠰᠢ ᠦᠨᠡᠨ ᠭᠡᠵᠦ ᠪᠠᠲᠤᠯᠠᠨ᠎ᠠ᠃ ᠭᠡᠲᠡᠯ᠎ᠡ ᠳᠠᠬᠢᠨ ᠭᠤᠷᠪᠠᠳᠤᠭᠠᠷ ᠨᠥᠬᠥᠷ ᠰᠠᠮ ᠬᠦᠷᠴᠦ ᠢᠷᠡᠭᠡᠳ ᠲᠡᠳᠡᠭᠡᠷ ᠦ᠋ᠨ ᠬᠠᠵᠠᠭᠤ ᠳ᠋ᠤ᠌ ᠰᠠᠭᠤᠬᠤ ᠳ᠋ᠤ᠌᠂ ᠶᠠᠷ᠎ᠠ ᠶ᠋ᠢᠨ ᠬᠣᠷᠣᠬᠠᠢ᠄
— ᠲᠠᠨ ᠤ᠋ ᠠᠯᠳᠠᠷ ᠨᠡᠷ᠎ᠡ ᠬᠡᠨ ᠭᠡᠭᠴᠢ ᠪᠣᠢ? ᠬᠠᠮᠢᠭ᠎ᠠ ᠠ᠋ᠴᠠ ᠢᠷᠡᠪᠡ? ᠭᠡᠬᠦ ᠳ᠋ᠦ᠍
— ᠮᠢᠨᠦ ᠰᠠᠬᠢᠯ ᠤ᠋ᠨ ᠰᠠᠢᠬᠠᠨ ᠠᠯᠳᠠᠷ ᠬᠠᠯᠠᠭᠤᠨ ᠬᠢᠵᠢᠭ ᠦ᠋ᠨ ᠬᠣᠷᠣᠬᠠᠢ ᠭᠡᠭᠴᠢ ᠪᠥᠭᠡᠳ ᠣᠯᠠᠨ ᠳ᠋ᠤ᠌ ᠬᠦᠨᠳᠦᠯᠡᠭᠳᠡᠭᠰᠡᠨ ᠣᠨᠴᠠ ᠭᠠᠪᠢᠶ᠎ᠠ ᠨᠢ ᠵᠠᠨᠤᠯ ᠵᠦᠬᠡᠯ ᠪᠣᠯᠤᠨ᠎ᠠ᠃ ᠲᠡᠢᠮᠦ ᠪᠣᠯᠪᠠᠴᠤ ᠣᠢᠷ᠎ᠠ ᠶ᠋ᠢᠨ ᠬᠡᠳᠦᠨ ᠵᠢᠯ ᠳ᠋ᠦ᠍ ᠣᠯᠵᠠ ᠠᠰᠢᠭ ᠪᠠᠭ᠎ᠠ ᠪᠣᠯᠵᠠᠢ᠃ ᠲᠡᠢᠮᠦ ᠶ᠋ᠢᠨ ᠲᠤᠯᠠ ᠮᠢᠨᠦ ᠳᠣᠲᠣᠷ᠎ᠠ ᠦᠷᠭᠦᠯᠵᠢ ᠵᠣᠪᠠᠭᠤᠷᠢ ᠲᠠᠢ ᠪᠣᠯᠤᠭᠰᠠᠨ ᠪᠢᠯᠡ᠃ ᠤᠷᠢᠳᠤ ᠬᠡᠳᠦᠨ ᠵᠢᠯ ᠦ᠋ᠨ ᠡᠮᠦᠨ᠎ᠡ᠂ ᠨᠠᠮᠠᠶ᠋ᠢ ᠬᠥᠮᠦᠨ ᠠᠮᠢᠲᠠᠨ ᠮᠡᠳᠡᠬᠦ ᠦᠭᠡᠢ ᠳ᠋ᠦ᠍ ᠡᠷᠬᠡ ᠳᠤᠷ᠎ᠠ ᠪᠠᠷ ᠢ᠋ᠶ᠋ᠠᠨ ᠡᠨᠡ ᠲᠡᠷᠡ ᠶ᠋ᠢ ᠰᠢᠯᠭᠠᠳᠠᠭ ᠪᠠᠢᠭᠰᠠᠨ ᠪᠥᠭᠡᠳ ᠣᠳᠣ ᠬᠠᠷᠢᠨ ᠰᠢᠨ᠎ᠡ ᠰᠢᠨ᠎ᠡ ᠡᠮᠨᠡᠯᠭᠡ ᠭᠠᠷᠤᠭᠰᠠᠨ ᠠ᠋ᠴᠠ ᠬᠣᠢᠰᠢ ᠰᠢᠨᠵᠢᠯᠡᠳᠡᠭ ᠪᠠᠭᠠᠵᠢ ᠪᠠᠷ ᠮᠢᠨᠦ ᠠᠰᠤᠷᠤ ᠬᠦᠴᠦᠲᠦ ᠠᠯᠲᠠᠨ ᠠᠮᠢ ᠶ᠋ᠢ ᠣᠯᠵᠤ ᠰᠤᠳᠤᠯᠤᠭᠠᠳ ᠠᠶᠤᠯᠲᠤ ᠡᠮ ᠲᠠᠷᠢᠯᠭ᠎ᠠ ᠶ᠋ᠢ ᠤᠷᠢᠳᠴᠢᠯᠠᠨ ᠬᠢᠭᠰᠡᠭᠡᠷ ᠣᠳᠣ ᠰᠠᠢᠨ ᠵᠠᠪᠰᠢᠶᠠᠨ ᠢ᠋ ᠮᠢᠨᠢ ᠨᠢᠭᠡᠮᠦᠰᠦᠨ ᠠᠯᠳᠠᠭᠳᠠᠭᠤᠯᠵᠠᠢ ᠭᠡᠬᠦ ᠳ᠋ᠦ᠍᠂
ᠶᠠᠷ᠎ᠠ ᠶ᠋ᠢᠨ ᠬᠣᠷᠣᠬᠠᠢ ᠲᠣᠯᠣᠭᠠᠢ ᠪᠠᠨ ᠰᠡᠭᠰᠦᠷᠴᠦ᠄
— ᠡᠨᠡ ᠶᠠᠪᠤᠳᠠᠯ ᠨᠢᠭᠡᠨᠲᠡ ᠡᠢᠮᠦ ᠪᠣᠯᠤᠭᠰᠠᠨ ᠲᠤᠯᠠ ᠠᠷᠭ᠎ᠠ ᠶ᠋ᠢ ᠰᠦᠪᠡᠭᠴᠢᠯᠡᠵᠦ᠂ ᠠᠯᠢ ᠭᠠᠵᠠᠷ ᠶᠠᠮᠠᠷ ᠬᠥᠮᠦᠨ ᠲᠡᠷᠡ ᠬᠦ᠌ ᠲᠠᠷᠢᠯᠭ᠎ᠠ ᠬᠢᠯᠭᠡᠭᠰᠡᠨ ᠦᠭᠡᠢ᠂ ᠲᠡᠭᠦᠨ ᠢ᠋ ᠣᠯᠵᠤ ᠤᠴᠠᠷᠠᠬᠤ ᠶ᠋ᠢ ᠰᠠᠨᠠᠭᠠᠴᠢᠯᠠᠪᠠᠯ᠂ ᠵᠦᠢᠲᠡᠢ ᠰᠠᠨᠠᠭᠳᠠᠨ᠎ᠠ ᠭᠡᠵᠦ ᠨᠡᠯᠢᠶᠡᠳ ᠤᠴᠢᠷ ᠢ᠋ ᠮᠡᠳᠡᠭᠰᠡᠨ ᠮᠡᠲᠦ ᠢᠨᠢᠶᠡᠮᠰᠦᠭᠯᠡᠬᠦ ᠳ᠋ᠦ᠍᠂ ᠬᠢᠵᠢᠭ ᠦ᠋ᠨ ᠬᠣᠷᠣᠬᠠᠢ᠄
— ᠬᠣᠶᠠᠷ ᠵᠢᠯ ᠦ᠋ᠨ ᠡᠮᠦᠨ᠎ᠡ ᠪᠣᠯ ᠭᠣᠷᠢᠳᠠᠯ ᠲᠠᠢ ᠪᠠᠢᠭᠰᠠᠨ ᠪᠢᠯᠡ᠃ ᠣᠳᠣ ᠬᠥᠮᠦᠨ ᠪᠦᠷᠢ ᠥᠪᠡᠷᠰᠡᠳ ᠢ᠋ᠶ᠋ᠡᠨ ᠳᠠᠷᠢᠭᠤᠯᠳᠠᠭ ᠪᠣᠯᠤᠭᠰᠠᠨ ᠲᠤᠯᠠ ᠶᠠᠭᠠᠬᠢᠬᠤ ᠴᠤ ᠠᠷᠭ᠎ᠠ ᠦᠭᠡᠢ ᠪᠣᠯᠵᠠᠢ ᠭᠡᠳ ᠴᠠᠰᠢ ᠶᠠᠷᠢᠬᠤ ᠭᠡᠲᠡᠯ᠎ᠡ᠂ ᠬᠦᠢᠲᠡᠨ ᠦ᠌ ᠬᠣᠷᠣᠬᠠᠢ ᠶᠠᠭᠠᠷᠠᠨ ᠥᠭᠦᠯᠡᠪᠡ᠄
— ᠵᠠ ᠨᠥᠬᠥᠳ ᠠ᠋! ᠪᠢ ᠡᠨᠳᠡ ᠤᠳᠠᠭᠠᠨ ᠲᠡᠰᠬᠦ ᠠᠷᠭ᠎ᠠ ᠦᠭᠡᠢ ᠪᠣᠯᠪᠠ᠃ ᠨᠠᠳᠠ ᠳ᠋ᠤ᠌ ᠴᠢᠭᠢᠭ ᠨᠣᠢᠲᠠᠨ ᠬᠡᠷᠡᠭ ᠲᠡᠢ ᠲᠤᠯᠠ ᠡᠨᠳᠡ ᠦᠨᠡᠬᠡᠷ ᠬᠠᠭᠤᠷᠠᠢ᠂ ᠠᠮᠢ ᠠᠯᠳᠠᠬᠤ ᠪᠣᠯᠵᠣᠰᠢ ᠦᠭᠡᠢ ᠪᠥᠭᠡᠳ ᠡᠷᠲᠡᠬᠡᠨ ᠨᠢᠭᠡ ᠲᠡᠰᠢ ᠣᠳᠤᠶ᠎ᠠ ᠭᠡᠬᠦ ᠳ᠋ᠦ᠍ ᠬᠡᠪ ᠭᠡᠨᠡᠳᠲᠡ ᠭᠡᠷ ᠦ᠋ᠨ ᠡᠭᠦᠳᠡ ᠨᠡᠭᠡᠭᠡᠭᠳᠡᠬᠦ ᠰᠠᠴᠠᠭᠤ ᠥᠴᠦᠬᠡᠨ ᠰᠠᠯᠬᠢ ᠦᠯᠢᠶᠡᠭᠡᠳ᠂ ᠮᠠᠨ ᠤ᠋ ᠠᠤᠭ᠎ᠠ ᠬᠦᠴᠦᠲᠡᠨ ᠳ᠋ᠦ᠍ ᠬᠢᠵᠠᠭᠠᠷᠯᠠᠰᠢ ᠦᠭᠡᠢ ᠶᠡᠬᠡ ᠰᠠᠯᠬᠢ ᠰᠢᠭᠤᠷᠭ᠎ᠠ ᠮᠡᠲᠦ ᠪᠣᠯᠵᠤ ᠬᠡᠳᠦᠢᠨ ᠦᠯᠢᠶᠡᠭᠳᠡᠨ ᠲᠣᠭᠣᠨᠣ ᠪᠠᠷ ᠬᠥᠭᠡᠭᠡᠭᠳᠡᠵᠡᠢ᠃
1935 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠭᠠᠷᠮ᠎ᠠ᠂ ᠣᠳᠬᠠᠨᠰᠣ᠎ᠠ
