ᠮᠡᠰᠡ ᠵᠠᠰᠠᠯ ᠤ᠋ᠨ ᠲᠠᠰᠤᠭ- ᠳ· ᠨᠠᠴᠤᠭᠳᠣᠷᠵᠢМэс заслын тасаг-Д.Нацагдорж
ᠳ· ᠨᠠᠴᠤᠭᠳᠣᠷᠵᠢ
ᠥᠷᠭᠡᠨ ᠴᠡᠯᠡᠭᠡᠷ ᠭᠡᠭᠡᠪᠴᠢᠨ ᠦ᠌ ᠰᠢᠯ ᠳ᠋ᠦ᠍ ᠦᠵᠡᠰᠬᠦᠯᠡᠩᠲᠦ ᠨᠠᠷᠠᠨ ᠤ᠋ ᠲᠤᠶᠠᠭ᠎ᠠ ᠲᠤᠰᠤᠭᠰᠠᠨ ᠨᠢ ᠠᠯᠲᠠᠨ ᠤᠲᠠᠰᠤ ᠲᠠᠲᠠᠵᠤ ᠶᠣᠰᠣᠯᠠᠯ ᠢ᠋ ᠭᠦᠢᠴᠡᠳᠬᠡᠭᠰᠡᠨ ᠠᠳᠠᠯᠢ ᠪᠥᠭᠡᠳ ᠰᠢᠯ ᠬᠠᠯᠬᠠᠪᠴᠢ ᠲᠠᠢ ᠮᠡᠰᠡ ᠵᠠᠰᠠᠯ ᠤ᠋ᠨ ᠨᠠᠷᠢᠨ ᠬᠡᠷᠡᠭᠰᠡᠯ ᠦ᠋ᠳ ᠲᠦ᠍ ᠲᠤᠰᠤᠭᠰᠠᠨ ᠭᠡᠷᠡᠯ ᠦ᠋ᠨ ᠨᠠᠭᠠᠳᠤᠬᠢ ᠨᠢ ᠭᠢᠯᠪᠠᠰ ᠭᠢᠯᠪᠠᠰ ᠬᠢᠵᠦ ᠨᠢᠳᠦᠨ ᠳ᠋ᠦ᠍ ᠲᠠᠭᠠᠯᠠᠮᠵᠢᠲᠠᠢ᠃ ᠡᠭᠦᠨ ᠢ᠋ ᠦᠵᠡᠭᠰᠡᠨ ᠬᠥᠮᠦᠨ ᠡᠷᠬᠡᠪᠰᠢ ᠨᠢᠭᠡ ᠪᠣᠳᠣᠯᠭ᠎ᠠ ᠲᠥᠷᠥᠬᠦ ᠪᠥᠭᠡᠳ ᠮᠢᠨᠦ ᠪᠣᠳᠣᠯᠭ᠎ᠠ ᠳ᠋ᠤ᠌ ᠬᠢᠲᠤᠭ᠎ᠠ ᠰᠡᠯᠡᠮ᠎ᠡ ᠬᠤᠷᠴᠠ ᠮᠡᠰᠡ ᠭᠡᠭᠴᠢ ᠬᠥᠮᠦᠨ ᠦ᠌ ᠠᠮᠢ ᠶ᠋ᠢ ᠲᠠᠰᠤᠯᠬᠤ ᠪᠠᠭᠠᠵᠢ ᠭᠡᠵᠦ ᠰᠠᠨᠠᠭᠳᠠᠪᠠ᠃ ᠭᠡᠲᠡᠯ᠎ᠡ ᠬᠥᠮᠦᠨ ᠦ᠌ ᠠᠮᠢ ᠶ᠋ᠢ ᠠᠪᠤᠭᠴᠢ ᠠᠶᠤᠯᠲᠤ ᠡᠪᠡᠳᠴᠢᠨ ᠢ᠋ ᠠᠨᠠᠭᠠᠬᠤ ᠠᠷᠢᠭᠤᠨ ᠠᠷᠭ᠎ᠠ ᠬᠡᠷᠡᠭᠯᠡᠭᠦᠷ ᠡᠨᠡ ᠪᠠᠢᠵᠠᠢ᠃ ᠲᠡᠭᠡᠵᠦ ᠡᠷᠭᠢᠨ ᠲᠣᠭᠣᠷᠢᠨ ᠦᠵᠡᠪᠡᠯ ᠲᠠᠰᠤᠯᠭᠠᠨ ᠳᠣᠲᠣᠷ᠎ᠠ ᠭᠢᠯᠪᠠᠬᠤ ᠨᠢ ᠲᠦᠮᠡᠨ ᠵᠦᠢᠯ ᠰᠣᠯᠣᠩᠭ᠎ᠠ ᠲᠠᠲᠠᠨ᠎ᠠ᠃ ᠡᠢᠮᠦ ᠨᠢᠭᠡ ᠴᠡᠪᠡᠷ ᠭᠣᠶᠣᠮᠰᠣᠭ ᠭᠠᠵᠠᠷ᠂ ᠰᠢᠷᠦᠭᠦᠨ ᠠᠮᠢᠰᠬᠤᠯᠯᠠᠬᠤ ᠪᠠ ᠨᠡᠰᠢ ᠴᠠᠰᠢ ᠶᠠᠪᠤᠬᠤ ᠭᠡᠭᠴᠢ ᠳᠤᠷ᠎ᠠ ᠵᠣᠷᠢᠭ ᠢ᠋ᠶ᠋ᠠᠷ ᠪᠣᠯᠬᠤ ᠦᠭᠡᠢ ᠦᠨᠡᠬᠡᠷ ᠭᠠᠢᠬᠠᠮᠰᠢᠭ ᠲᠠᠢ᠃
ᠡᠨᠡ ᠰᠠᠢᠬᠠᠨ ᠲᠡᠷᠡ ᠰᠣᠨᠢᠨ ᠢ᠋ ᠦᠵᠡᠭᠰᠡᠭᠡᠷ ᠪᠠᠢᠲᠠᠯ᠎ᠠ ᠳ᠋ᠣᠺᠲ᠋ᠣᠷ ᠡᠮᠴᠢ ᠨᠠᠷ ᠬᠥᠮᠦᠨ ᠦ᠌ ᠭᠡᠳᠡᠰᠦ ᠶ᠋ᠢ ᠣᠭᠲᠣᠯᠬᠤ ᠬᠠᠭᠠᠯᠬᠤ᠂ ᠮᠡᠰᠡ ᠵᠠᠰᠠᠯ ᠢ᠋ ᠦᠢᠯᠡᠳᠦᠨ᠎ᠡ ᠭᠡᠵᠦ ᠶᠠᠷᠢᠯᠴᠠᠬᠤ ᠳ᠋ᠤ᠌ ᠴᠣᠬᠣᠮ ᠶᠠᠭᠤ ᠪᠣᠯᠳᠠᠭ ᠢ᠋ ᠦᠵᠡᠬᠦ ᠪᠡᠷ ᠰᠢᠢᠳᠴᠦ ᠬᠦᠯᠢᠶᠡᠨ ᠪᠠᠢᠲᠠᠯ᠎ᠠ᠂ ᠮᠢᠩᠭᠠᠨ ᠵᠦᠢᠯ ᠦᠯᠦ ᠲᠠᠨᠢᠭᠳᠠᠬᠤ ᠶᠠᠭᠤᠮᠠᠰ ᠢ᠋ ᠪᠡᠯᠡᠳᠬᠡᠨ᠂ ᠲᠦᠮᠡᠨ ᠵᠦᠢᠯ ᠦᠯᠦ ᠤᠬᠠᠭᠳᠠᠬᠤ ᠦᠭᠡᠰ ᠢ᠋ ᠬᠡᠯᠡᠯᠴᠡᠭᠰᠡᠭᠡᠷ ᠪᠠᠢᠭᠠᠳ᠂ ᠯᠠᠮᠠ ᠰᠠᠩᠵᠠᠢ ᠭᠡᠳᠡᠭ ᠳᠥᠴᠢᠭᠡᠳ ᠨᠠᠰᠤᠨ ᠤ᠋ ᠬᠢᠷᠢ᠂ ᠡᠪᠡᠳᠴᠢᠨ ᠳ᠋ᠦ᠍ ᠨᠡᠯᠢᠶᠡᠳ ᠵᠦᠳᠡᠷᠡᠭᠰᠡᠨ ᠴᠠᠭᠠᠨ ᠰᠢᠷᠭᠠᠯ ᠴᠢᠷᠠᠢ ᠲᠠᠢ᠂ ᠶᠠᠰᠤᠯᠢᠭ ᠰᠢᠨ᠎ᠠ ᠲᠠᠢ ᠨᠢᠭᠡ ᠬᠥᠮᠦᠨ ᠢ᠋ ᠣᠷᠣᠭᠤᠯᠤᠨ ᠢᠷᠡᠭᠡᠳ ᠨᠢᠭᠡ ᠥᠨᠳᠥᠷᠯᠢᠭ᠂ ᠣᠷᠣ ᠠᠳᠠᠯᠢ ᠭᠠᠢᠬᠠᠮᠰᠢᠭᠲᠤ ᠪᠦᠲᠡᠭᠡᠯᠭᠡ ᠲᠡᠢ ᠶᠠᠭᠤᠮᠠᠨ ᠳᠡᠭᠡᠷ᠎ᠡ ᠬᠡᠪᠲᠡᠭᠦᠯᠪᠡ᠃ ᠲᠡᠢᠮᠦ ᠵᠦᠢᠯ ᠢ᠋ ᠤᠷᠢᠳ ᠬᠣᠵᠢᠳ ᠦᠵᠡᠭᠡ ᠦᠭᠡᠢ ᠲᠤᠯᠠ ᠬᠡᠵᠢᠶ᠎ᠡ ᠬᠠᠭᠠᠯᠬᠤ ᠣᠭᠲᠣᠯᠬᠤ ᠪᠣᠯ ᠭᠡᠬᠦ ᠳ᠋ᠦ᠍ ᠪᠦᠬᠦᠢ ᠪᠡᠶ᠎ᠡ ᠪᠡᠷ ᠬᠦᠢᠲᠡᠨ ᠬᠥᠯᠥᠰᠥ ᠠᠰᠬᠠᠷᠠᠬᠤ ᠳ᠋ᠤ᠌ ᠠᠷᠭᠠᠴᠠᠨ ᠬᠠᠷᠠᠵᠤ ᠪᠠᠢᠪᠠᠯ᠂ ᠥᠨᠥᠬᠢ ᠡᠪᠡᠳᠴᠢᠲᠡᠢ ᠬᠥᠮᠦᠨ ᠦ᠌ ᠰᠢᠷᠭᠠᠯ ᠴᠠᠭᠠᠨ ᠨᠢᠭᠤᠷ ᠨᠢ ᠲᠤᠩ ᠴᠠᠭᠠᠨ ᠪᠣᠯᠵᠤ ᠦᠭᠡ ᠬᠡᠯᠡᠬᠦ ᠶ᠋ᠢᠨ ᠰᠡᠭᠡᠭᠡ ᠦᠭᠡᠢ ᠳᠡᠮᠡᠢ ᠯᠡ ᠬᠣᠶᠠᠷ ᠨᠢᠳᠦ ᠪᠡᠨ ᠡᠷᠭᠢᠯᠳᠦᠭᠦᠯᠦᠨ ᠡᠨᠡ ᠲᠡᠷᠡ ᠶ᠋ᠢ ᠰᠢᠷᠳᠡᠨ᠎ᠡ᠃
ᠤᠳᠠᠭᠰᠠᠨ ᠦᠭᠡᠢ ᠨᠢᠳᠦ ᠪᠡᠨ ᠠᠨᠢᠨ ᠤᠬᠠᠭᠠᠨ ᠦᠭᠡᠢ ᠬᠡᠪᠲᠡᠬᠦ ᠶ᠋ᠢ ᠦᠵᠡᠪᠡᠯ ᠬᠡᠳᠦᠢᠨ ᠨᠠᠰᠤ ᠪᠠᠷᠠᠭᠰᠠᠨ ᠮᠡᠲᠦ ᠪᠥᠭᠡᠳ ᠬᠡᠳᠦᠨ ᠳ᠋ᠣᠺᠲ᠋ᠣᠷ ᠵᠡᠷᠭᠡ ᠵᠡᠷᠭᠡ ᠪᠡᠷ ᠴᠠᠭ ᠬᠠᠷᠠᠵᠤ ᠠᠵᠢᠭᠯᠠᠭᠰᠠᠭᠠᠷ ᠬᠡᠮᠵᠢᠶ᠎ᠡ ᠲᠡᠢ ᠴᠠᠭ ᠲᠠᠭᠠᠨ ᠳᠠᠬᠢᠨ ᠰᠡᠬᠡᠭᠡᠵᠦ ᠠᠮᠢᠳᠤ ᠬᠥᠮᠦᠨ ᠪᠣᠯᠭᠠᠬᠤ ᠶ᠋ᠢ ᠠᠵᠢᠭᠯᠠᠪᠠᠯ ᠰᠢᠨᠵᠢᠯᠡᠬᠦ ᠤᠬᠠᠭᠠᠨ ᠤ᠋ ᠡᠮᠨᠡᠯᠭᠡ ᠭᠡᠭᠴᠢ ᠦᠨᠡᠬᠡᠷ ᠭᠠᠢᠬᠠᠮᠰᠢᠭᠲᠠᠶᠠ ᠭᠡᠵᠦ ᠳᠣᠲᠣᠷ᠎ᠠ ᠪᠣᠳᠣᠭᠳᠠᠨ᠎ᠠ᠃ ᠭᠡᠲᠡᠯ᠎ᠡ ᠲᠡᠷᠡ᠂ ᠳ᠋ᠣᠺᠲ᠋ᠣᠷ ᠠ᠋ᠴᠠ ᠡᠨᠡ ᠬᠥᠮᠦᠨ ᠢ᠋ ᠳᠣᠯᠣᠭ᠎ᠠ ᠬᠣᠨᠣᠭ ᠪᠣᠯᠤᠭᠠᠳ ᠶᠠᠪᠤᠵᠤ ᠪᠣᠯᠤᠨ᠎ᠠ ᠭᠡᠵᠦ ᠤᠷᠢᠳᠠ ᠮᠡᠳᠡᠵᠦ ᠦᠨᠡᠨ ᠢ᠋ ᠢᠯᠡᠳᠬᠡᠬᠦ ᠨᠢ ᠦᠨᠡᠬᠡᠷ ᠶᠢᠷᠲᠢᠨᠴᠦ ᠳ᠋ᠦ᠍ ᠬᠣᠣᠰ ᠦᠭᠡᠢ ᠪᠠᠶᠠᠰᠬᠤᠯᠠᠩ ᠮᠡᠲᠦ ᠰᠠᠨᠠᠭᠳᠠᠪᠠ᠃
1935 ᠣᠨ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠳᠬᠠᠨᠰᠣ᠎ᠠ
