ᠪᠣᠭᠣᠨᠢ ᠰᠢᠪᠠᠭᠤᠨ ᠲᠠᠷᠢᠶ᠎ᠠ Богино шувуун тариа

ᠪᠣᠭᠣᠨᠢ ᠰᠢᠪᠠᠭᠤᠨ ᠲᠠᠷᠢᠶ᠎ᠠ
ᠦᠶᠡᠲᠦ ᠤᠷᠭᠤᠮᠠᠯ ᠤ᠋ᠨ ᠢᠵᠠᠭᠤᠷ
ᠨᠢᠭᠡ ᠨᠠᠰᠤᠲᠤ ᠡᠪᠡᠰᠦᠯᠢᠭ ᠤᠷᠭᠤᠮᠠᠯ᠂ ᠢᠭᠴᠤ ᠨᠠᠷᠢᠨ ᠰᠠᠬᠠᠯ ᠦᠨᠳᠦᠰᠦ ᠲᠡᠢ᠃ ᠰᠦᠷᠡᠯ ᠨᠢ 15—90cm ᠥᠨᠳᠥᠷ ᠰᠢᠯᠤᠭᠤᠨ ᠪᠤᠶᠤ ᠣᠵᠣᠭᠣᠷ ᠲᠠᠭᠠᠨ ᠮᠤᠷᠤᠢᠵᠤ ᠤᠷᠭᠤᠨ᠎ᠠ᠂ ᠪᠠᠰᠠ ᠪᠣᠳᠠᠯᠠᠨ᠎ᠠ᠃ ᠨᠠᠪᠴᠢᠨ ᠤ᠋ ᠲᠣᠭᠳᠣᠢ ᠨᠢ ᠬᠠᠪᠲᠠᠭᠠᠢ᠂ ᠢᠷᠮᠡᠭ ᠲᠡᠢ᠂ ᠦᠰᠦ ᠦᠭᠡᠢ ᠪᠤᠶᠤ ᠲᠠᠷᠠᠮᠠᠭ ᠦᠰᠦ ᠲᠡᠢ᠃ ᠠᠮᠠᠰᠠᠷ ᠨᠢ ᠵᠠᠷᠢᠮ ᠳ᠋ᠠᠭᠠᠨ ᠦᠰᠦ ᠲᠡᠢ ; ᠨᠠᠪᠴᠢᠨ ᠤ᠋ ᠬᠡᠯᠡ ᠨᠢ 1mm ᠤᠷᠲᠤ ; ᠨᠠᠪᠴᠢ ᠨᠢ ᠲᠡᠭᠰᠢᠬᠡᠨ ᠬᠠᠪᠲᠠᠭᠠᠢ ᠪᠤᠶᠤ ᠬᠤᠮᠢᠷᠠᠨ᠎ᠠ᠂ 15cm ᠤᠷᠲᠤ᠂ 3—5mm ᠥᠷᠭᠡᠨ᠂ ᠦᠰᠦ ᠦᠭᠡᠢ ᠪᠤᠶᠤ ᠳᠡᠭᠡᠳᠦ ᠲᠠᠯ᠎ᠠ ᠳ᠋ᠤᠨᠢ ᠦᠰᠦ ᠲᠡᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ3—10cm ᠤᠷᠲᠤ᠂ 3—5mm ᠥᠷᠭᠡᠨ᠂ ᠶᠡᠷᠦ ᠳ᠋ᠡᠭᠡᠨ ᠡᠰᠢᠨ ᠦ᠌ ᠣᠷᠣᠢ ᠳ᠋ᠤ᠌ ᠬᠣᠶᠠᠷ ᠠ᠋ᠴᠠ ᠳᠡᠭᠡᠭᠰᠢ ᠨᠡᠯᠢᠶᠡᠳ ᠬᠡᠳᠦ ᠪᠡᠷ ᠬᠤᠷᠤᠭᠤ ᠮᠡᠲᠦ ᠪᠣᠯᠵᠤ ᠪᠠᠢᠷᠢᠯᠠᠨ᠎ᠠ᠂ ᠳᠣᠲᠣᠭᠰᠢ ᠮᠤᠷᠤᠢᠵᠤ ᠲᠠᠬᠢᠶᠠᠨ ᠤ᠋ ᠰᠠᠪᠠᠷ ᠰᠢᠭ᠋ ᠪᠣᠯᠬᠤ ᠦᠭᠡᠢ ; ᠵᠢᠵᠢᠭ ᠲᠦᠷᠦᠭᠦᠦ ᠨᠢ 4—7mm ᠤᠷᠲᠤ᠂ 2—3mm ᠥᠷᠭᠡᠨ᠂ 3—6 ᠴᠡᠴᠡᠭ ᠲᠡᠢ ; ᠬᠠᠯᠢᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠰᠢᠷᠦᠭᠦᠨ ᠨᠢᠷᠤᠭᠤ ᠲᠠᠢ᠂ ᠨᠢᠭᠡᠳᠦᠭᠡᠷ ᠬᠠᠯᠢᠰᠤ ᠨᠢ 1.5—2mm ᠤᠷᠲᠤ ; ᠬᠣᠶᠠᠳᠤᠭᠠᠷ ᠬᠠᠯᠢᠰᠤ ᠨᠢ 2—3 mm ᠤᠷᠲᠤ ; ᠨᠢᠭᠡᠳᠦᠭᠡᠷ ᠭᠠᠳᠠᠷ ᠬᠡᠪᠡᠭ ᠨᠢ 3—3.5mm ᠤᠷᠲᠤ᠂ ᠢᠪᠴᠤᠬᠠᠨ ᠳᠠᠯᠠᠪᠴᠢ ᠪᠦᠬᠦᠢ ᠨᠢᠷᠤᠭᠤ ᠲᠠᠢ ; ᠳᠣᠲᠣᠷ ᠬᠡᠪᠡᠭ ᠨᠢ ᠭᠠᠳᠠᠷ ᠬᠡᠪᠡᠭ ᠡᠴᠡ ᠣᠬᠣᠷ᠂ ᠠᠷᠤ ᠶ᠋ᠢᠨ ᠭᠣᠣᠯ ᠰᠤᠳᠠᠯ ᠳ᠋ᠤᠨᠢ ᠵᠢᠵᠢᠭ ᠦᠰᠦ ᠲᠡᠢ ; ᠡᠷ᠎ᠡ ᠲᠣᠭᠣᠷᠴᠣᠭ ᠨᠢ ᠭᠤᠷᠪᠠ᠂ ᠦᠷ᠎ᠡ ᠨᠢ ᠬᠠᠷᠠᠪᠲᠤᠷ ᠬᠦᠷᠡᠩ᠂ 1.5mm ᠣᠷᠴᠢᠮ ᠤᠷᠲᠤ᠂ ᠥᠨᠳᠡᠭᠡᠯᠵᠢᠨ᠂ ᠭᠠᠳᠠᠷᠭᠤ ᠳ᠋ᠤᠨᠢ ᠳᠣᠯᠭᠢᠶᠠᠯᠠᠭᠰᠠᠨ ᠮᠡᠲᠦ ᠢᠯᠡ ᠠᠲᠤᠷᠢᠶ᠎ᠠ ᠲᠠᠢ᠃
ᠶᠡᠷᠦ ᠳ᠋ᠡᠭᠡᠨ᠂ ᠲᠡᠭᠰᠢ ᠲᠠᠯ᠎ᠠ ᠶ᠋ᠢᠨ ᠠᠲᠠᠷ ᠭᠠᠵᠠᠷ ᠣᠯᠠᠨ ᠤᠷᠭᠤᠨ᠎ᠠ᠃
ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠡᠰᠢ ᠪᠡᠷ ᠨᠢ ᠳᠡᠭᠡᠰᠦ ᠲᠠᠮᠤᠵᠤ᠂ ᠡᠪᠡᠰᠦᠨ ᠱᠠᠬᠠᠢ ᠬᠦᠷᠦᠵᠦ᠂ ᠮᠠᠳᠠᠢ ᠨᠡᠬᠡᠵᠦ ᠪᠣᠯᠬᠤ ᠠ᠋ᠴᠠ ᠭᠠᠳᠠᠨ᠎ᠠ ᠴᠠᠭᠠᠰᠤ ᠪᠠᠰᠠ ᠬᠢᠵᠦ ᠪᠣᠯᠤᠨ᠎ᠠ᠃ ᠦᠷ᠎ᠡ ᠪᠡᠷ ᠨᠢ ᠴᠢᠰᠤ ᠭᠠᠷᠬᠤ ᠶ᠋ᠢ ᠵᠣᠭᠰᠣᠭᠠᠬᠤ ᠡᠮ ᠬᠢᠳᠡᠭ᠃ ᠮᠥᠨ ᠰᠠᠢᠨ ᠴᠢᠨᠠᠷ ᠤ᠋ᠨ ᠪᠣᠷᠳᠣᠭ᠎ᠠ ᠡᠪᠡᠰᠦ ᠪᠢᠯᠡ᠃ ᠪᠠᠰᠠ ᠲᠠᠷᠢᠶᠠᠨ ᠤ᠋ ᠨᠣᠭᠣᠭᠠᠨ ᠪᠣᠷᠳᠣᠭᠤᠷ ᠬᠢᠵᠦ ᠪᠣᠯᠳᠠᠭ᠃
ᠬᠢᠲᠠᠳ ᠨᠡᠷ᠎ᠡ᠄ 牛筋草
ᠠᠩᠭ᠌ᠯᠢ ᠨᠡᠷ᠎ᠡ᠄ Eleusine indica (L.) Gaertn.
ᠦᠰᠦᠭ ᠠᠮᠢᠯᠠᠭᠤᠯᠤᠭᠠᠴᠢ᠄ ᠳ· ᠡᠷᠬᠢᠮᠪᠠᠭᠠᠲᠤᠷ
ᠬᠢᠨᠠᠭᠴᠢ᠄ ᠫᠣ· ᠴᠠᠭᠠᠨ
