ᠤᠨᠠᠭᠠᠨ ᠪᠦᠷᠢᠳᠦ-ᠠ᠊᠂ ᠣᠳᠽᠠᠷУнаган бүрд-А,Одзар

ᠤᠨᠠᠭᠠᠨ ᠪᠦᠷᠢᠳᠦ
ᠤᠨᠠᠭᠠᠨ ᠪᠦᠷᠢᠳᠦ ①
ᠠ᠊᠂ ᠣᠳᠽᠠᠷ
ᠵᠤᠨ ᠤ᠋ ᠡᠬᠢᠨ ᠦ᠌ ᠲᠤᠩᠭᠠᠯᠠᠭ ᠡᠳᠦᠷ ᠪᠢ ᠲᠡᠮᠡᠭᠡ ᠤᠨᠤᠵᠤ ᠮᠠᠩᠬᠠᠨ ᠳᠠᠯᠠᠢ ᠶ᠋ᠢ ᠭᠡᠲᠦᠯᠵᠦ ᠤᠨᠠᠭᠠᠨ ᠪᠦᠷᠢᠳᠦ ᠶ᠋ᠢ ᠴᠢᠭᠯᠡᠪᠡ᠃ ᠮᠥᠯᠢᠭᠡᠷ ᠮᠥᠯᠢᠭᠡᠷ ᠴᠠᠭᠠᠨ ᠮᠠᠩᠬ᠎ᠠ ᠬᠢᠵᠠᠭᠠᠷ ᠦᠭᠡᠢ ᠵᠠᠯᠭᠠᠯᠳᠤᠨ ᠭᠦᠨ ᠳᠠᠯᠠᠢ ᠶ᠋ᠢᠨ ᠲᠣᠭᠰᠢᠨ ᠳᠠᠪᠠᠯᠭᠠᠨ ᠮᠡᠲᠦ ᠴᠠᠯᠭᠢᠯᠠᠵᠤ ᠬᠤᠷᠴᠠ ᠨᠠᠷᠠᠨ ᠤ᠋ ᠭᠡᠷᠡᠯ ᠰᠠᠴᠤᠷᠠᠨ᠎ᠠ᠃ ᠰᠢᠲᠠᠭᠠᠮ᠎ᠠ ᠨᠠᠷᠠᠨ ᠳᠡᠭᠡᠷ᠎ᠡ ᠡᠴᠡ ᠲᠥᠭᠡᠨᠡᠬᠦ ᠳ᠋ᠦ᠍ ᠬᠠᠯᠠᠭᠤᠨ ᠢᠯᠴᠢ ᠳᠣᠣᠷ᠎ᠠ ᠠ᠋ᠴᠠ ᠨᠢᠯᠴᠢᠭᠢᠨᠡᠵᠦ ᠠᠮᠢᠰᠬᠤᠭ᠎ᠠ ᠪᠥᠭᠯᠡᠷᠡᠬᠦ ᠪᠣᠯᠪᠠᠴᠤ ᠬᠠᠶᠠ ᠥᠨᠳᠥᠷ ᠮᠠᠩᠬᠠᠨ ᠤ᠋ ᠬᠥᠲᠥᠯ ᠢ᠋ ᠳᠠᠪᠠᠵᠤ᠂ ᠦᠶ᠎ᠡ ᠦᠶ᠎ᠡ ᠢᠯᠪᠢᠨ ᠢᠷᠡᠬᠦ ᠰᠡᠷᠢᠭᠦᠨ ᠰᠠᠯᠬᠢ ᠶ᠋ᠢ ᠰᠥᠷᠦᠨ ᠶᠠᠪᠤᠬᠤ ᠨᠢ ᠮᠥᠨ ᠴᠤ᠌ ᠨᠢᠭᠡ ᠴᠠᠭ ᠤ᠋ᠨ ᠵᠢᠷᠭᠠᠯ ᠪᠣᠯᠤᠨ᠎ᠠ᠃
《ᠡᠯᠡᠰᠦᠨ ᠳᠠᠯᠠᠢ ᠶ᠋ᠢᠨ ᠣᠩᠭᠣᠴᠠ》 ᠭᠡᠵᠦ ᠡᠷᠲᠡ ᠡᠴᠡ ᠠᠯᠳᠠᠷᠰᠢᠭᠰᠠᠨ ᠣᠷᠳᠣᠰ ᠤ᠋ᠨ ᠲᠡᠮᠡᠭᠡ᠂ ᠮᠠᠩᠬᠠᠨ ᠳᠠᠪᠠᠭ᠎ᠠ ᠨᠤᠭᠤᠳ ᠢ᠋ ᠠᠷᠤ ᠳ᠋ᠠᠭᠠᠨ ᠣᠷᠬᠢᠨ ᠤᠷᠤᠭᠰᠢᠯᠠᠵᠤ ᠶᠠᠪᠤᠲᠠᠯ᠎ᠠ ᠬᠦᠳᠡᠩᠲᠦᠨ ᠴᠡᠩᠬᠡᠷᠯᠡᠬᠦ ᠮᠠᠨᠠᠨ ᠳᠤᠮᠳᠠ ᠨᠢᠭᠡ ᠶᠡᠬᠡ ᠲᠠᠭᠲᠤ ᠮᠡᠲᠦ ᠥᠨᠳᠥᠷ ᠬᠠᠢᠷᠬᠠᠨ ᠠᠯᠤᠰ ᠲᠤ᠌ ᠬᠥᠪᠬᠡᠯᠵᠡᠨ ᠬᠠᠷᠠᠭᠳᠠᠪᠠ᠃ ᠪᠢ ᠣᠯᠵᠤ ᠦᠵᠡᠮᠡᠭᠴᠡ ᠲᠡᠭᠦᠨ ᠢ᠋ ᠵᠡᠷᠭᠡᠯᠭᠡᠨ ᠳᠤᠮᠳᠠᠬᠢ ᠬᠣᠯᠠ ᠶ᠋ᠢᠨ ᠡᠭᠦᠯᠡ ᠭᠡᠵᠦ ᠰᠠᠨᠠᠪᠠ᠃ ᠭᠡᠲᠡᠯ᠎ᠡ ᠡᠨᠡ ᠪᠣᠯ ᠣᠷᠳᠣᠰ ᠨᠤᠲᠤᠭ ᠤ᠋ᠨ ᠥᠷᠥᠴᠡ ᠪᠣᠯᠤᠭᠰᠠᠨ ᠡᠷᠬᠡᠲᠦ ᠬᠠᠢᠷᠬᠠᠨ ᠭᠡᠳᠡᠭ ᠠᠭᠤᠯᠠ ᠭᠡᠵᠦ ᠬᠠᠮᠲᠤ ᠠᠶᠠᠯᠠᠭᠰᠠᠨ ᠨᠥᠬᠥᠳ ᠨᠠᠳᠠ ᠬᠡᠯᠡᠵᠦ ᠥᠭᠪᠡ᠃ ᠡᠯᠡᠰᠦᠨ ᠳᠠᠯᠠᠢ ᠳᠣᠲᠣᠷ᠎ᠠ ᠲᠤᠵᠢ ② ᠭᠤᠷᠪᠠᠨ ᠡᠳᠦᠷ ᠠᠶᠠᠯᠠᠭᠠᠳ ᠭᠡᠨᠡᠳᠲᠡ ᠠᠭᠤᠯᠠᠨ ᠤ᠋ ᠪᠠᠷ᠎ᠠ ᠦᠵᠡᠬᠦ ᠳ᠋ᠦ᠍ ᠦᠨᠡᠬᠡᠷ ᠰᠠᠯᠵᠤ ᠤᠳᠠᠭᠰᠠᠨ ᠨᠠᠢᠵᠠ ᠲᠠᠢ ᠪᠠᠨ ᠤᠴᠠᠷᠠᠭᠰᠠᠨ ᠰᠢᠭ᠋ ᠬᠠᠯᠠᠭᠤᠨ ᠳᠣᠲᠣᠨᠣ ᠰᠠᠨᠠᠭᠳᠠᠵᠤ᠂ ᠶᠠᠭᠠᠬᠢᠯ᠎ᠠ ᠴᠤ᠌ ᠭᠡᠰᠡᠨ ᠲᠦᠷᠭᠡᠬᠡᠨ ᠳᠡᠷᠭᠡᠳᠡ ᠨᠢ ᠣᠴᠢᠬᠤ ᠶ᠋ᠢ ᠬᠦᠰᠡᠯ᠎ᠡ᠃ ᠡᠷᠬᠡᠲᠦ ᠬᠠᠢᠷᠬᠠᠨ ᠣᠢᠷᠠᠲᠤᠬᠤ ᠳᠣᠳᠣᠮ ᠮᠣᠳᠣ ᠰᠢᠭᠤᠢ ᠤᠯᠠᠮ ᠵᠤᠵᠠᠭᠠᠷᠠᠵᠤ᠂ ᠪᠡᠯᠴᠢᠭᠡᠷ ᠡᠪᠡᠰᠦ ᠨᠣᠭᠣᠭᠠᠷᠠᠭᠠᠳ᠂ ᠮᠠᠩᠭᠢᠷ ᠳᠠᠭᠠᠨ᠎ᠠ ᠶ᠋ᠢᠨ ᠦᠨᠦᠷ ᠲᠠᠭᠠᠲᠠᠢ ᠰᠠᠢᠬᠠᠨ ᠬᠠᠩᠬᠤᠯᠤᠨ᠎ᠠ᠃ ᠮᠠᠩᠬᠠᠨ ᠵᠠᠬ᠎ᠠ ᠶ᠋ᠢᠨ ᠥᠨᠳᠥᠷ ᠣᠷᠣᠢ ᠶ᠋ᠢ ᠳᠠᠪᠠᠵᠤ ᠭᠠᠷᠤᠩᠭᠤᠲᠠ ᠲᠡᠭᠷᠢ ᠲᠤᠯᠤᠮ᠎ᠠ ᠴᠡᠩᠬᠡᠷ ᠳᠣᠯᠭᠢᠶᠠᠨ ᠤ᠋ ᠦᠵᠦᠭᠦᠷ ᠲᠦ᠍ ᠨᠢᠭᠡ ᠰᠠᠢᠬᠠᠨ ᠲᠥᠭᠥᠷᠢᠭ ᠨᠠᠭᠤᠷ ᠦᠵᠡᠭᠳᠡᠪᠡ᠃ ᠬᠣᠯᠠ ᠠ᠋ᠴᠠ ᠬᠠᠷᠠᠬᠤ ᠳ᠋ᠤ᠌ ᠨᠠᠭᠤᠷ ᠶᠠᠭ ᠮᠥᠩᠭᠥᠨ ᠤᠰᠤ ᠮᠡᠲᠦ ᠮᠡᠯᠮᠡᠯᠵᠡᠨ ᠭᠢᠯᠲᠦᠭᠡᠨᠡᠭᠡᠳ᠂ ᠲᠡᠷᠭᠡᠯ ᠰᠠᠷᠠᠨ ᠭᠠᠵᠠᠷ ᠤᠨᠠᠭᠰᠠᠨ ᠰᠢᠭ᠋ ᠲᠥᠭᠥᠷᠢᠭ ᠪᠥᠭᠡᠳ ᠭᠡᠭᠡᠨ᠃ ᠡᠨᠡ ᠨᠢ ᠣᠷᠳᠣᠰ ᠤ᠋ᠨ ᠥᠨᠳᠥᠷᠯᠢᠭ ᠦ᠋ᠨ ᠴᠢᠮᠡᠭ ᠪᠣᠯᠤᠭᠰᠠᠨ ᠠᠯᠳᠠᠷᠲᠤ ᠰᠠᠢᠬᠠᠨ ᠤᠨᠠᠭᠠᠨ ᠪᠦᠷᠢᠳᠦ ᠮᠥᠨ ᠠᠵᠢ᠃ ᠶᠠᠪᠤᠵᠤ ᠪᠠᠢᠲᠠᠯ᠎ᠠ ᠮᠠᠩᠬᠠᠨ ᠵᠠᠮ ᠪᠢᠳᠡᠨ ᠢ᠋ ᠬᠥᠲᠥᠯᠵᠦ ᠲᠡᠭᠷᠢ ᠶ᠋ᠢᠨ ᠨᠠᠷᠠ ᠦᠵᠡᠭᠳᠡᠬᠦ ᠦᠭᠡᠢ ᠪᠠᠯᠠᠷ ᠲᠦᠩ ③ ᠳ᠋ᠦ᠍ ᠣᠷᠣᠭᠤᠯᠪᠠ᠃ ᠡᠨᠡ ᠬᠢᠷᠢ ᠳ᠋ᠦ᠍ ᠮᠠᠩᠬᠠᠨ ᠳᠠᠯᠠᠢ ᠶ᠋ᠢᠨ ᠰᠢᠲᠠᠭᠠᠮ᠎ᠠ ᠬᠠᠯᠠᠭᠤᠨ ᠬᠣᠯᠠ ᠬᠠᠶᠠᠭᠳᠠᠵᠤ᠂ ᠴᠢᠭᠢᠭ ᠦ᠋ᠨ ᠠᠮᠢᠰᠬᠤᠯ ᠢ᠋ᠶ᠋ᠠᠷ ᠳᠦᠭᠦᠷᠦᠭᠰᠡᠨ ᠰᠡᠷᠢᠭᠦᠨ ᠰᠠᠯᠬᠢ ᠡᠩᠭᠡᠯᠵᠡᠭᠦᠷ ᠥᠭᠡᠳᠡ ᠰᠡᠩᠭᠢᠨᠡᠵᠦ ᠨᠢᠭᠡ ᠯᠡ ᠴᠠᠭ ᠢ᠋ᠶ᠋ᠠᠷ ᠨᠠᠮᠤᠷ ᠪᠣᠯᠤᠭᠰᠠᠨ ᠮᠡᠲᠦ ᠰᠠᠨᠠᠭᠳᠠᠭᠤᠯᠤᠨ᠎ᠠ᠃ ᠡᠨᠳᠡ ᠶᠣᠰᠣᠲᠠᠢ ᠵᠦᠢᠯ ᠦ᠋ᠨ ᠰᠢᠪᠠᠭᠤᠳ ᠤ᠋ᠨ ᠴᠡᠩᠭᠡᠯᠲᠦ ᠣᠷᠣᠨ ᠪᠠᠢᠵᠠᠢ᠃ ᠬᠣᠯᠠ ᠠ᠋ᠴᠠ ᠬᠥᠬᠥᠭᠡ ᠰᠢᠪᠠᠭᠤ ᠳᠣᠩᠭᠣᠳᠤᠨ᠂ ᠬᠣᠢᠭᠤᠷ ᠡᠮᠦᠨᠡᠭᠦᠷ ᠬᠠᠷᠢᠶᠠᠴᠠᠢ ᠬᠠᠯᠢᠨ ᠨᠢᠰᠴᠦ᠂ ᠬᠣᠶᠠᠷ ᠬᠠᠵᠠᠭᠤ ᠪᠠᠷ ᠪᠣᠯᠵᠣᠮᠣᠷ ᠴᠡᠭᠴᠡᠦᠬᠡᠢ ᠵᠢᠷᠭᠢᠨ᠎ᠡ᠃
ᠡᠨᠳᠡ ᠬᠢᠩᠭᠠᠨ ᠠᠭᠤᠯᠠᠨ ᠤ᠋ ᠣᠢ ᠮᠡᠲᠦ ᠰᠦᠷᠯᠢᠭ ᠨᠠᠷᠠᠰᠤ ᠦᠵᠡᠭᠳᠡᠬᠦ ᠦᠭᠡᠢ᠂ ᠠᠪᠠ ᠶ᠋ᠢᠨ ᠠᠭᠤᠯᠠᠨ ᠤ᠋ ᠣᠢ ᠮᠡᠲᠦ ᠴᠡᠭᠡᠬᠡᠨ ᠬᠤᠰᠤ ᠬᠠᠷᠠᠭᠳᠠᠬᠤ ᠦᠭᠡᠢ᠂ ᠵᠥᠪᠬᠡᠨ ᠢᠭᠴᠤ ᠤᠷᠭᠤᠭᠰᠠᠨ ᠤᠳᠠ ᠤᠯᠢᠶᠠᠰᠤ ᠨᠢ ᠨᠠᠮᠠᠭ᠎ᠠ ᠪᠠᠷ ᠢ᠋ᠶ᠋ᠠᠨ ᠨᠡᠢᠯᠡᠵᠦ᠂ ᠵᠠᠮ ᠤ᠋ᠨ ᠬᠣᠶᠠᠷ ᠲᠠᠯ᠎ᠠ ᠪᠠᠷ ᠮᠣᠢᠯ᠂ ᠤᠬᠤᠨᠠᠢ᠂ ᠨᠣᠬᠠᠢ ᠶ᠋ᠢᠨ ᠬᠣᠰᠢᠭᠤ᠂ ᠦᠷᠢᠯ᠂ ᠬᠡᠭᠡᠷ᠎ᠡ ᠶ᠋ᠢᠨ ᠠᠯᠢᠮ᠎ᠠ ᠵᠡᠷᠭᠡ ᠶᠠᠭᠰᠢᠷᠠᠲᠠᠯ᠎ᠠ ᠰᠠᠭᠤᠵᠤ᠂ ᠨᠥᠬᠥᠷᠰᠡᠭ ᠵᠣᠴᠢᠷᠬᠠᠭ ᠣᠷᠳᠣᠰ ᠤ᠋ᠨ ᠮᠠᠯᠴᠢᠳ ᠤ᠋ᠨ ᠲᠠᠪᠠᠭ ᠲᠠᠢ ᠴᠠᠭᠠᠨ ᠢᠳᠡᠭᠡ ᠮᠡᠲᠦ ᠬᠠᠮᠢᠭᠠᠰᠢ ᠪᠠᠨ ᠭᠠᠷ ᠰᠤᠩᠭᠠᠪᠠᠴᠤ ᠠᠪᠴᠤ ᠡᠮᠬᠦᠮᠡᠷ ᠪᠠᠢᠨ᠎ᠠ ᠪᠢᠯᠡ᠃ ᠣᠢ ᠰᠢᠭᠤᠢ ᠶ᠋ᠢᠨ ᠵᠠᠬ᠎ᠠ ᠠ᠋ᠴᠠ ᠭᠠᠷᠬᠤ ᠲᠠᠢ ᠵᠡᠷᠭᠡ ᠠᠳᠤᠭᠤ ᠮᠠᠯ ᠤ᠋ᠨ ᠰᠦᠷᠦᠭ ᠬᠠᠷᠠᠭᠳᠠᠵᠤ᠂ ᠬᠣᠨᠢᠴᠢᠨ ᠬᠡᠦᠬᠡᠨ ᠦ᠌ ᠬᠣᠩᠭᠣᠷ ᠳᠠᠭᠤᠨ ᠣᠢ ᠶ᠋ᠢᠨ ᠳᠣᠲᠣᠷ᠎ᠠ ᠴᠤᠤᠷᠢᠶᠠᠲᠤᠨ ᠰᠣᠨᠣᠰᠳᠠᠨ᠎ᠠ᠃
ᠤᠨᠠᠭᠠᠨ ᠪᠦᠷᠢᠳᠦ ᠶ᠋ᠢᠨ ᠭᠠᠳᠠᠭᠤᠷ ᠣᠭ᠌ᠶᠤᠨ ᠬᠡᠷᠡᠮ ᠪᠣᠯᠵᠤ ᠴᠠᠭᠠᠷᠢᠭᠯᠠᠭᠰᠠᠨ ᠪᠠᠯᠠᠷ ᠰᠢᠭᠤᠢ ᠶ᠋ᠢ ᠰᠢᠪᠲᠤᠯᠤᠨ ᠥᠩᠭᠡᠷᠡᠪᠡᠯ ᠴᠡᠴᠡᠭ ᠬᠤᠸᠠᠷ ᠢ᠋ᠶ᠋ᠠᠷ ᠴᠢᠮᠡᠭᠯᠡᠭᠰᠡᠨ ᠰᠣᠷᠭᠣᠭ ᠪᠡᠯᠴᠢᠭᠡᠷᠲᠦ ᠲᠠᠯ᠎ᠠ ᠬᠠᠷᠠᠭᠳᠠᠨ᠎ᠠ᠃ ᠤᠷᠠᠯᠠᠨ ᠨᠡᠬᠡᠭᠰᠡᠨ ᠬᠡᠪᠢᠰ ᠮᠡᠲᠦ ᠨᠠᠷᠢᠨ ᠵᠥᠭᠡᠯᠡᠨ ᠵᠦᠯᠭᠡᠨ ᠳᠡᠭᠡᠷ᠎ᠡ ᠴᠠᠪᠠ ᠦᠭᠡᠢ ᠱᠠᠵᠠᠩ ᠰᠢᠭ᠋ ᠮᠠᠨᠤ ᠬᠤᠸᠠᠷ᠂ ᠴᠢᠰᠤᠨ ᠤᠯᠠᠭᠠᠨ ᠲᠤᠷᠤᠭ ᠰᠠᠷᠠᠨ᠎ᠠ᠂ ᠠᠯᠲᠠᠨ ᠥᠩᠭᠡᠲᠡᠢ ᠰᠢᠷ᠎ᠠ ᠬᠤᠸᠠᠷ᠂ ᠪᠢᠨᠳᠠᠷᠢᠶᠠᠨ ᠥᠩᠭᠡᠲᠡᠢ ᠪᠡᠷᠢᠴᠡᠴᠡᠭ ᠦ᠋ᠳ ᠥᠩᠭᠡ ᠢᠯᠭᠠᠷᠠᠨ ᠳᠡᠯᠭᠡᠷᠡᠭᠡᠳ ᠵᠢᠪᠠᠷ ᠤ᠋ᠨ ᠠᠶᠠᠰ ᠢ᠋ᠶ᠋ᠠᠷ ᠲᠣᠯᠣᠭᠠᠢ ᠲᠣᠬᠢᠯᠵᠠᠵᠤ ᠨᠠᠢᠭᠤᠨ᠎ᠠ᠃ ᠴᠡᠴᠡᠭ ᠦ᠋ᠨ ᠳᠤᠮᠳᠠᠭᠤᠷ ᠥᠷᠥᠮ᠎ᠡ ᠬᠤᠯᠠᠭᠠᠢᠴᠢ ᠰᠦᠯᠵᠢᠯᠳᠦᠵᠦ᠂ ᠥᠩᠭᠡ ᠪᠦᠷᠢ ᠶ᠋ᠢᠨ ᠡᠷᠪᠡᠬᠡᠢ ᠲᠡᠭᠦᠨ ᠦ᠌ ᠳᠡᠭᠡᠭᠦᠷ ᠨᠢᠰᠦᠨ᠎ᠡ᠃ ᠴᠠᠰᠤ ᠴᠠᠭᠠᠨ ᠬᠣᠨᠢᠨ ᠰᠦᠷᠦᠭ᠂ ᠬᠠᠷ᠎ᠠ ᠢᠮᠠᠭ᠎ᠠ (ᠡᠨᠡ ᠪᠣᠯ ᠣᠷᠳᠣᠰ ᠤ᠋ᠨ ᠣᠨᠴᠠᠯᠢᠭ ᠤ᠋ᠨ ᠨᠢᠭᠡ ᠮᠥᠨ) ᠰᠦᠷᠦᠭ ᠰᠦᠷᠦᠭ ᠢ᠋ᠶ᠋ᠡᠷ ᠪᠡᠯᠴᠢᠨ ᠲᠣᠭᠲᠠᠬᠤ ᠠ᠋ᠴᠠ ᠭᠠᠳᠠᠨ᠎ᠠ᠂ ᠮᠡᠯᠡᠢᠲᠡᠯᠡ ᠭᠤᠤᠵᠢᠭᠰᠠᠨ ᠮᠢᠬᠠᠯᠢᠭ ᠲᠠᠷᠭᠤᠨ ᠠᠳᠤᠭᠤᠨ ᠰᠦᠷᠦᠭ ᠨᠡᠩ ᠵᠤᠵᠠᠭᠠᠨ ᠬᠠᠷᠠᠭᠳᠠᠬᠤ ᠪᠥᠭᠡᠳ ᠦᠰᠦᠨ ᠦ᠌ ᠥᠩᠭᠡ ᠭᠢᠯᠲᠦᠭᠡᠨᠡᠵᠦ ᠲᠣᠰᠣ ᠲᠦᠷᠬᠢᠭᠰᠡᠨ ᠮᠡᠲᠦ ᠭᠡᠷᠡᠯᠲᠦᠨ᠎ᠡ᠃ ᠬᠤᠷ ᠳᠡᠯ ④ ᠲᠡᠢ ᠠᠵᠢᠷᠭ᠎ᠠ ᠨᠤᠭᠤᠳ ᠬᠦᠵᠦᠭᠦᠦ ᠳᠠᠷᠤᠨ ᠳᠡᠯ ᠰᠣᠭᠰᠣᠯᠵᠠᠭᠤᠯᠤᠨ ᠠᠳᠤᠭᠤᠨ ᠳᠤᠮᠳᠠᠭᠤᠷ ᠭᠦᠶᠦᠯᠴᠡᠨ ᠳᠠᠪᠬᠢᠯᠳᠤᠨ᠎ᠠ᠃ ᠬᠠᠪᠤᠷ ᠤ᠋ᠨ ᠰᠡᠭᠦᠯ ᠵᠤᠨ ᠤ᠋ ᠡᠬᠢ ᠨᠢ ᠠᠳᠤᠭᠤᠨ ᠰᠦᠷᠦᠭ ᠦ᠋ᠨ 《ᠤᠷᠤᠭ ᠬᠤᠷᠢᠮ ᠤ᠋ᠨ ᠤᠯᠠᠷᠢᠯ》 ᠮᠥᠨ ᠪᠣᠯᠬᠣᠷ ᠵᠠᠷᠢᠮ ᠠᠵᠢᠷᠭ᠎ᠠ ᠨᠢ ᠨᠠᠰᠤ ᠭᠦᠢᠴᠡᠭᠰᠡᠨ ᠪᠠᠢᠳᠠᠰᠤ ᠪᠠᠨ ᠰᠦᠷᠦᠭ ᠡᠴᠡ ᠪᠡᠨ ᠬᠠᠵᠠᠨ ᠭᠠᠷᠭᠠᠵᠤ 《ᠬᠠᠷᠢ ᠳ᠋ᠤ᠌ ᠥᠭᠭᠦᠨ᠎ᠡ》᠃ ᠬᠠᠷᠢ ᠳ᠋ᠤ᠌ ᠥᠭᠭᠦᠭᠰᠡᠨ ᠪᠠᠢᠳᠠᠰᠤ ᠶ᠋ᠢ ᠨᠢ ᠨᠥᠭᠦᠭᠡ ᠠᠵᠢᠷᠭ᠎ᠠ ᠨᠤᠭᠤᠳ 《ᠬᠦᠷᠭᠡᠯᠡᠨ》 ᠠᠪᠴᠤ ᠮᠠᠰᠢ ᠶᠠᠭᠠᠷᠠᠯᠲᠠᠢ ᠮᠥᠷᠲᠡᠭᠡᠨ ᠲᠡᠮᠡᠴᠡᠭᠡᠨ ᠲᠡᠢ ᠠᠵᠢ᠃ ᠰᠦᠷᠦᠭ ᠡᠴᠡ ᠬᠥᠭᠡᠭᠡᠭᠳᠡᠭᠰᠡᠨ ᠦᠷᠢᠶ᠎ᠡ᠂ 《ᠬᠠᠷᠢ ᠳ᠋ᠤ᠌ ᠮᠣᠷᠳᠠᠭᠰᠠᠨ》 ᠪᠠᠢᠳᠠᠰᠤ ᠨᠤᠭᠤᠳ ᠮᠥᠨ ᠴᠤ᠌ ᠬᠣᠯᠠ ᠤᠷᠤᠭᠯᠠᠭᠰᠠᠨ ᠬᠡᠦᠬᠡᠨ ᠮᠡᠲᠦ ᠡᠴᠢᠭᠡ ᠡᠬᠡ ᠠᠬ᠎ᠠ ᠳᠡᠭᠦᠦ ᠨᠠᠷ ᠠ᠋ᠴᠠ ᠪᠠᠨ ᠰᠠᠯᠤᠨ ᠶᠠᠳᠠᠵᠤ᠂ ᠳᠠᠬᠢᠨ ᠳᠠᠬᠢᠨ ᠤᠤᠯ ᠰᠦᠷᠦᠭ ᠤᠷᠤᠭᠤ ᠪᠠᠨ ᠬᠦᠷᠦᠯᠴᠡᠨ ᠢᠷᠡᠳᠡᠭ ᠪᠠᠢᠨ᠎ᠠ᠃ ᠠᠳᠤᠭᠤᠨ ᠳᠤᠮᠳᠠᠭᠤᠷ ᠠᠯᠭᠤᠷᠬᠠᠨ ᠶᠠᠪᠤᠬᠤ ᠳ᠋ᠤ᠌:
ᠤᠨᠠᠭᠠᠨ ᠪᠦᠷᠢᠳᠦ ᠶ᠋ᠢᠨ ᠤᠰᠤ ᠨᠢ ᠠᠳᠤᠭᠤᠨ ᠰᠦᠷᠦᠭ ᠢ᠋ ᠲᠠᠲᠠᠨ᠎ᠠ
ᠤᠬᠠᠭᠠᠨ ᠲᠠᠢ ᠭᠣᠶᠣᠬᠠᠨ ᠵᠠᠵᠠᠢ ⑤ ᠮᠢᠨᠦ ᠵᠢᠷᠦᠬᠡ ᠶ᠋ᠢ ᠲᠠᠲᠠᠨ᠎ᠠ ᠭᠡᠰᠡᠨ ᠣᠷᠳᠣᠰ ᠠᠷᠠᠳ ᠤ᠋ᠨ ᠡᠷᠲᠡᠨ ᠦ᠌ ᠳᠠᠭᠤᠤ ᠰᠠᠨᠠᠭᠳᠠᠨ᠎ᠠ᠃ ᠤᠨᠠᠭᠠᠨ ᠪᠦᠷᠢᠳᠦ ᠶ᠋ᠢᠨ ᠬᠥᠪᠡᠭᠡᠨ ᠳ᠋ᠦ᠍ ᠡᠷᠲᠡᠨ ᠡᠴᠡ ᠠᠪᠤᠭᠠᠳ ᠠᠳᠤᠭᠤ ᠶᠡᠬᠡ ᠦᠷᠡᠵᠢᠳᠡᠭ ᠪᠥᠭᠡᠳ ᠬᠤᠷᠳᠤᠨ ᠮᠣᠷᠢ ᠭᠠᠷᠳᠠᠭ ᠠᠯᠳᠠᠷ ᠲᠠᠢ᠃
ᠨᠠᠮᠤᠷ ᠬᠠᠪᠤᠷ ᠤ᠋ᠨ ᠤᠯᠠᠷᠢᠯ ᠤ᠋ᠨ ᠰᠠᠷ᠎ᠠ ᠲᠠᠢ ᠰᠥᠨᠢ ᠶ᠋ᠢᠨ ᠭᠦᠨ ᠳ᠋ᠦ᠍ ᠨᠠᠭᠤᠷ ᠤ᠋ᠨ ᠤᠰᠤ ᠲᠡᠭᠷᠢ ᠲᠤᠯᠤᠮ᠎ᠠ ᠣᠷᠭᠢᠯᠤᠨ ᠳᠣᠲᠣᠷ᠎ᠠ ᠠ᠋ᠴᠠ ᠨᠢ ᠠᠯᠲᠠᠨ ᠤᠨᠠᠭ᠎ᠠ ᠭᠠᠷᠴᠤ ᠢᠷᠡᠭᠡᠳ᠂ ᠨᠠᠭᠤᠷ ᠤ᠋ᠨ ᠬᠥᠪᠡᠭᠡ ᠶ᠋ᠢᠨ ᠵᠥᠭᠡᠯᠡᠨ ᠵᠦᠯᠭᠡᠨ ᠳᠡᠭᠡᠷ᠎ᠡ ᠲᠣᠭᠯᠠᠨ ᠭᠦᠶᠦᠵᠦ᠂ ᠬᠥᠷᠪᠡᠨ ᠨᠠᠭᠠᠳᠳᠠᠭ ᠭᠡᠰᠡᠨ ᠡᠷᠲᠡᠨ ᠦ᠌ ᠳᠣᠮᠣᠭ ᠪᠠᠢᠳᠠᠭ ᠠᠵᠢ᠃ ᠲᠡᠷᠡ ᠳᠣᠮᠣᠭ ᠲᠤ᠌: ᠡᠷᠲᠡ ᠤᠷᠢᠳᠤ ᠶ᠋ᠢᠨ ᠴᠠᠭ ᠲᠤ᠌ ᠨᠢᠭᠡᠨ ᠪᠠᠭᠠᠲᠤᠷ᠂ ᠳᠠᠢᠰᠤᠨ ᠳ᠋ᠤ᠌ ᠳᠠᠷᠤᠭᠳᠠᠭᠠᠳ ᠳᠤᠲᠠᠭᠠᠬᠤ ᠳ᠋ᠤ᠌ ᠲᠡᠭᠦᠨ ᠦ᠌ ᠠᠯᠲᠠᠨ ᠰᠢᠷᠭ᠎ᠠ ᠮᠣᠷᠢ ᠨᠢ ᠪᠡᠶ᠎ᠡ ᠳ᠋ᠡᠭᠡᠨ ᠳᠣᠯᠣᠭᠠᠨ ᠵᠡᠪᠡ ᠶᠢᠰᠦᠨ ᠰᠢᠷᠬ᠎ᠠ ᠲᠠᠢ ᠪᠠᠢᠲᠠᠯ᠎ᠠ ᠲᠦᠮᠡᠨ ᠵᠡᠪᠡ ᠮᠢᠩᠭᠠᠨ ᠵᠢᠳᠠᠨ ᠤ᠋ ᠳᠤᠮᠳᠠᠭᠤᠷ ᠰᠢᠷᠭᠤᠨ ᠭᠠᠷᠴᠤ᠂ ᠡᠵᠡᠨ ᠢ᠋ᠶ᠋ᠡᠨ ᠠᠪᠤᠷᠠᠨ ᠭᠠᠷᠭᠠᠭᠠᠳ᠂ ᠡᠨᠡ ᠨᠠᠭᠤᠷ ᠤ᠋ᠨ ᠬᠥᠪᠡᠭᠡᠨ ᠳ᠋ᠦ᠍ ᠢᠷᠡᠵᠦ ᠦᠬᠦᠭᠰᠡᠨ ᠶᠦᠮ ᠭᠡᠨ᠎ᠡ᠃ ᠴᠢᠩᠭᠢᠭᠡᠳ ᠡᠵᠡᠨ ᠨᠢ ᠮᠣᠷᠢᠨ ᠤ᠋ ᠪᠠᠨ ᠬᠡᠭᠦᠷ ᠢ᠋ ᠨᠠᠭᠤᠷ ᠤ᠋ᠨ ᠬᠥᠪᠡᠭᠡᠨ ᠳ᠋ᠦ᠍ ᠣᠷᠣᠰᠢᠭᠤᠯᠤᠭᠠᠳ᠂ ᠬᠠᠢᠷᠠᠲᠤ ᠬᠦᠯᠦᠭ ᠢ᠋ᠶ᠋ᠡᠨ ᠮᠥᠷᠥᠭᠡᠳᠴᠦ ᠰᠠᠨᠠᠬᠤ ᠳ᠋ᠠᠭᠠᠨ ᠽᠠᠨᠳᠠᠨ ᠮᠣᠳᠣᠨ ᠲᠣᠯᠣᠭᠠᠢ ᠲᠠᠢ ᠮᠣᠷᠢᠨ ᠬᠤᠭᠤᠷ ᠵᠣᠬᠢᠶᠠᠵᠤ᠂ ᠮᠣᠷᠢᠨ ᠤ᠋ ᠪᠠᠨ ᠳᠡᠯ ᠰᠡᠭᠦᠯ ᠢ᠋ᠶ᠋ᠡᠷ ᠨᠢ ᠴᠢᠪᠬᠠᠳᠠᠰᠤ ᠬᠢᠵᠦ᠂ ᠡᠭᠡᠰᠢᠭᠲᠦ ᠳᠠᠭᠤᠨ ᠵᠣᠬᠢᠶᠠᠵᠤ ᠮᠣᠷᠢ ᠪᠠᠨ ᠮᠠᠭᠲᠠᠨ ᠳᠠᠭᠤᠯᠠᠭᠰᠠᠨ ᠠᠵᠢ᠃ ᠡᠴᠦᠰ ᠲᠡᠭᠡᠨ ᠪᠠᠭᠠᠲᠤᠷ ᠰᠢᠷᠭ᠎ᠠ ᠮᠣᠷᠢ ᠠᠯᠲᠠᠨ ᠤᠨᠠᠭ᠎ᠠ ᠪᠣᠯᠵᠤ ᠨᠠᠭᠤᠷ ᠠ᠋ᠴᠠ ᠭᠠᠷᠴᠤ ᠢᠷᠡᠭᠡᠳ᠂ ᠡᠵᠡᠨ ᠦ᠌ ᠪᠡᠨ ᠵᠦᠭ ᠬᠠᠩᠭᠢᠨᠠᠲᠠᠯ᠎ᠠ ᠦᠦᠷᠰᠡᠳᠡᠭ ᠪᠣᠯᠵᠠᠢ᠃ ᠠᠯᠲᠠᠨ ᠤᠨᠠᠭ᠎ᠠ ᠶ᠋ᠢᠨ ᠳᠠᠭᠤᠨ ᠮᠢᠩᠭᠠᠨ ᠭᠠᠵᠠᠷ ᠴᠤᠤᠷᠢᠶᠠᠲᠤᠵᠤ᠂ ᠣᠷᠳᠣᠰ ᠤ᠋ᠨ ᠲᠦᠮᠡᠨ ᠠᠳᠤᠭᠤ ᠲᠡᠭᠦᠨ ᠦ᠌ ᠳᠠᠭᠤᠨ ᠵᠦᠭ ᠭᠦᠶᠦᠯᠴᠡᠳᠡᠭ ᠤᠴᠢᠷ ᠠ᠋ᠴᠠ ᠡᠨᠡ ᠨᠠᠭᠤᠷ ᠢ᠋ ᠤᠨᠠᠭᠠᠨ ᠪᠦᠷᠢᠳᠦ ᠭᠡᠵᠦ ᠨᠡᠷᠡᠢᠳᠦᠭᠰᠡᠨ ᠪᠥᠭᠡᠳ ᠡᠨᠳᠡ ᠠᠳᠤᠭᠤ ᠶᠡᠬᠡ ᠥᠰᠴᠦ ᠬᠤᠷᠳᠤᠨ ᠮᠣᠷᠢ ᠭᠠᠷᠳᠠᠭ ᠤᠯᠠᠮᠵᠢᠯᠠᠯ ᠲᠠᠢ ᠪᠣᠯᠤᠭᠰᠠᠨ ᠭᠡᠨ᠎ᠡ᠃ ᠭᠠᠭᠴᠠ ᠮᠣᠷᠢ ᠪᠠᠨ ᠦᠬᠦᠭᠦᠯᠦᠭᠡᠳ ᠭᠣᠨᠢᠷᠬᠠᠯᠲᠤ ᠳᠠᠭᠤᠤ ᠳᠠᠭᠤᠯᠠᠵᠤ ᠰᠠᠭᠤᠭᠰᠠᠨ ᠲᠡᠷᠡ ᠪᠠᠭᠠᠲᠤᠷ ᠤ᠋ᠨ ᠦᠷᠡᠰ ᠣᠷᠳᠣᠰ ᠨᠤᠲᠤᠭ ᠤ᠋ᠨ ᠡᠵᠡᠨ ᠨᠢ ᠪᠣᠯᠤᠭᠠᠳ ᠲᠦᠮᠡᠨ ᠠᠳᠤᠭᠤ ᠮᠢᠩᠭᠠᠨ ᠠᠭᠲᠠ ᠪᠠᠷ ᠢ᠋ᠶ᠋ᠠᠨ ᠠᠭᠤᠯᠠ ᠲᠠᠯ᠎ᠠ ᠶ᠋ᠢ ᠳᠦᠭᠦᠷᠭᠡᠵᠦ᠂ ᠲᠠᠷᠭᠤᠨ ᠮᠣᠷᠢᠨ ᠤ᠋ ᠨᠢᠷᠤᠭᠤᠨ ᠳᠡᠭᠡᠷ᠎ᠡ ᠰᠦᠪᠡᠭᠡ ᠲᠤᠯᠤᠨ ᠰᠠᠭᠤᠭᠠᠳ ᠢᠨᠠᠭ ᠳᠤᠷᠠᠯᠠᠯ᠂ ᠵᠣᠯ ᠵᠢᠷᠭᠠᠯ ᠤ᠋ᠨ ᠳᠠᠭᠤᠤ ᠪᠠᠨ ᠳᠠᠭᠤᠯᠠᠨ᠎ᠠ᠃
ᠨᠠᠭᠤᠷ ᠤ᠋ᠨ ᠬᠥᠪᠡᠭᠡᠨ ᠳ᠋ᠦ᠍ ᠣᠢᠷᠠᠲᠤᠬᠤ ᠳᠣᠳᠣᠮ ᠲᠡᠭᠦᠨ ᠦ᠌ ᠥᠩᠭᠡ ᠤᠯᠠᠮ ᠬᠤᠪᠢᠷᠠᠵᠤ ᠴᠠᠭᠠᠨ ᠠ᠋ᠴᠠ ᠪᠠᠨ ᠴᠡᠩᠬᠡᠷ ᠪᠣᠯᠵᠤ᠂ ᠴᠡᠩᠬᠡᠷ ᠡᠴᠡ ᠪᠡᠨ ᠬᠥᠬᠡ᠂ ᠬᠥᠬᠡ ᠡᠴᠡ ᠪᠡᠨ ᠬᠠᠷ᠎ᠠ ᠬᠥᠬᠡ ᠪᠣᠯᠵᠤ᠂ ᠠᠯᠲᠠᠨ ᠮᠥᠩᠭᠥᠨ ᠵᠢᠭᠠᠰᠤ ᠬᠥᠪᠴᠦ ᠪᠠᠢᠬᠤ ᠮᠡᠲᠦ ᠭᠢᠯᠲᠦᠭᠡᠨᠡᠨ ᠳᠠᠪᠠᠯᠭᠠᠯᠠᠨ᠎ᠠ᠃
ᠨᠠᠷᠠᠨ ᠪᠠᠷᠠᠭᠤᠨ᠎ᠠ ᠬᠡᠯᠪᠡᠢᠬᠦ ᠶ᠋ᠢᠨ ᠦᠶ᠎ᠡ ᠳ᠋ᠦ᠍ ᠰᠦᠷᠦᠭ ᠰᠦᠷᠦᠭ ᠬᠣᠨᠢ ᠢᠮᠠᠭ᠎ᠠ ᠬᠣᠲᠠ ᠤᠷᠤᠭᠤ ᠪᠠᠨ ᠬᠠᠨᠳᠤᠭᠰᠠᠨ ᠪᠠᠢᠲᠠᠯ᠎ᠠ ᠪᠠᠰᠠ ᠬᠡᠳᠦ ᠬᠡᠳᠦᠨ ᠰᠦᠷᠦᠭ ᠬᠣᠨᠢ ᠨᠠᠭᠤᠷ ᠤ᠋ᠨ ᠬᠥᠪᠡᠭᠡ ᠳᠠᠭᠠᠵᠤ ᠰᠦᠷᠦᠭᠯᠡᠨ ᠶᠠᠪᠤᠭᠰᠠᠭᠠᠷ ᠤᠯᠠᠮ ᠤᠯᠠᠮ ᠴᠢᠨᠠᠭᠰᠢᠯᠠᠵᠤ ᠰᠡᠭᠦᠯ ᠳ᠋ᠡᠭᠡᠨ ᠪᠦᠷ ᠨᠠᠭᠤᠷ ᠤ᠋ᠨ ᠭᠣᠣᠯ ᠤᠷᠤᠭᠤ ᠣᠷᠣᠵᠤ ᠬᠥᠪᠦᠨ ᠣᠳᠬᠤ ᠳ᠋ᠤ᠌ ᠪᠢ ᠰᠠᠶᠢ ᠲᠡᠭᠦᠨ ᠢ᠋ ᠬᠤᠨ ᠭᠠᠯᠠᠭᠤ ᠶ᠋ᠢᠨ ᠰᠦᠷᠦᠭ ᠭᠡᠵᠦ ᠮᠡᠳᠡᠯ᠎ᠡ᠃ ᠣᠷᠳᠣᠰ ᠤ᠋ᠨ ᠮᠠᠯᠴᠢᠳ ᠬᠤᠨ ᠭᠠᠯᠠᠭᠤ ᠶ᠋ᠢ ᠬᠠᠪᠤᠷ ᠢ᠋ ᠤᠷᠢᠭᠰᠠᠨ ᠵᠢᠷᠭᠠᠯᠲᠤ ᠰᠢᠪᠠᠭᠤ ᠭᠡᠵᠦ ᠬᠠᠢᠷᠠᠯᠠᠳᠠᠭ ᠪᠣᠯᠬᠣᠷ ᠬᠠᠷᠪᠤᠵᠤ ᠨᠠᠮᠨᠠᠵᠤ ᠠᠯᠠᠵᠤ ᠨᠢᠲᠤᠯᠬᠤ ᠦᠭᠡᠢ᠂ ᠬᠤᠨ ᠭᠠᠯᠠᠭᠤ ᠴᠤ᠌ ᠬᠥᠮᠦᠨ ᠪᠤᠶᠤ ᠮᠠᠯ ᠠ᠋ᠴᠠ ᠠᠶᠤᠳᠠᠭ ᠦᠭᠡᠢ ᠠᠵᠢ᠃
ᠨᠠᠭᠤᠷ ᠤ᠋ᠨ ᠤᠰᠤ ᠰᠢᠨ᠎ᠡ ᠪᠡᠷᠢ ᠶ᠋ᠢᠨ ᠨᠢᠭᠤᠷ ᠤ᠋ᠨ ᠲᠣᠯᠢ ᠮᠡᠲᠦ ᠲᠤᠩᠭᠠᠯᠠᠭ᠂ ᠢᠷᠣᠭᠠᠷ ᠲᠤᠨᠢ ᠪᠠᠢᠬᠤ ᠵᠢᠭᠠᠰᠤ ᠵᠢᠷᠠᠭᠠᠬᠠᠢ ᠴᠥᠮ ᠢᠷᠠᠯᠵᠠᠨ ᠦᠵᠡᠭᠳᠡᠨ᠎ᠡ᠃ ᠨᠠᠭᠤᠷ ᠤ᠋ᠨ ᠬᠥᠪᠡᠭᠡ ᠪᠡᠷ ᠠᠯᠭᠤᠷᠬᠠᠨ ᠶᠠᠪᠤᠬᠤ ᠳ᠋ᠤ᠌ ᠰᠡᠳᠬᠢᠯ ᠳᠣᠲᠣᠷ᠎ᠠ ᠲᠤᠢᠯ ᠤ᠋ᠨ ᠰᠠᠷᠠᠭᠤᠯ ᠲᠡᠨᠢᠭᠦᠬᠡᠨ ᠰᠠᠨᠠᠭᠳᠠᠵᠤ᠂ ᠬᠤᠨ ᠭᠠᠯᠠᠭᠤ ᠶ᠋ᠢᠨ ᠳᠠᠭᠤᠨ᠂ ᠬᠣᠯᠠᠳᠤᠨ ᠣᠳᠬᠤ ᠮᠠᠯᠴᠢᠨ ᠪᠦᠰᠡᠭᠦᠢ ᠶ᠋ᠢᠨ ᠳᠠᠭᠤᠨ ᠯᠤᠭ᠎ᠠ ᠬᠣᠣᠰᠯᠠᠯᠳᠤᠨ ᠬᠥᠮᠦᠰ ᠲᠦ᠍ ᠤᠯᠠᠮ ᠨᠠᠮ ᠰᠡᠯᠡᠭᠦᠨ ᠠᠮᠤᠷ ᠲᠦᠪᠰᠢᠨ ᠰᠡᠳᠬᠢᠯᠭᠡ ᠲᠥᠷᠥᠭᠳᠡᠭᠦᠯᠦᠨ᠎ᠡ᠃ ᠣᠷᠣᠢ ᠳ᠋ᠠᠭᠠᠨ ᠡᠭᠦᠯᠡ ᠭᠣᠭᠴᠣᠭᠠᠯᠠᠭᠰᠠᠨ ᠡᠷᠬᠡᠲᠦ ᠬᠠᠢᠷᠬᠠᠨ ᠤ᠋ ᠰᠡᠭᠦᠳᠡᠷ ᠨᠠᠭᠤᠷ ᠤ᠋ᠨ ᠤᠰᠤᠨ ᠳ᠋ᠤ᠌ ᠲᠣᠰᠴᠤ᠂ ᠮᠥᠩᠭᠥᠨ ᠳᠤᠭᠤᠯᠠᠭ᠎ᠠ ᠡᠮᠦᠰᠦᠭᠰᠡᠨ ᠵᠠᠩᠵᠤᠨ ᠰᠦᠪᠡᠭᠡ ᠳᠠᠷᠤᠨ ᠵᠣᠭᠰᠣᠭᠰᠠᠨ ᠰᠢᠭ᠋ ᠰᠦᠷᠯᠢᠭ ᠬᠠᠷᠠᠭᠳᠠᠨ᠎ᠠ᠃ ᠡᠨᠡ ᠬᠢᠷᠢ ᠳ᠋ᠦ᠍ ᠬᠡᠨ ᠴᠤ᠌ ᠪᠠᠷᠤᠭ ᠥᠯᠥᠰᠴᠦ ᠶᠠᠳᠠᠷᠠᠭᠰᠠᠨ ᠢ᠋ᠶ᠋ᠠᠨ ᠮᠠᠷᠲᠠᠨ ᠪᠠᠢᠭᠠᠯᠢ ᠶ᠋ᠢᠨ ᠭᠠᠢᠬᠠᠮᠰᠢᠭ ᠲᠤ᠌ ᠰᠢᠨᠤᠬᠠᠢᠷᠠᠨᠠ᠃ ᠭᠡᠪᠡᠴᠦ ᠬᠥᠯᠥᠷᠡᠭᠰᠡᠨ ᠲᠡᠮᠡᠭᠡ ᠬᠦᠵᠦᠭᠦᠦ ᠪᠡᠨ ᠰᠤᠩᠭᠠᠨ ᠵᠥᠭᠡᠯᠡᠨ ᠭᠠᠵᠠᠷ ᠢ᠋ ᠨᠡᠮᠡᠯᠵᠡᠲᠡᠯᠡ ᠭᠢᠰᠬᠢᠵᠦ ᠤᠯᠠᠮ ᠲᠦᠷᠭᠡᠯᠡᠪᠡ᠃
ᠠᠯᠲᠠᠨ ᠨᠠᠷᠠᠨ ᠠᠯᠤᠰ ᠤ᠋ᠨ ᠲᠣᠯᠣᠭᠠᠢ ᠳ᠋ᠤ᠌ ᠰᠢᠷᠭᠤᠬᠤ ᠦᠶ᠎ᠡ ᠪᠡᠷ ᠪᠢᠳᠡ ᠡᠷᠬᠡᠲᠦ ᠶ᠋ᠢᠨ ᠬᠥᠲᠥᠯ ᠢ᠋ ᠳᠠᠪᠠᠪᠠ᠃ ᠴᠢᠨᠳᠠᠭᠠᠨ ᠴᠠᠭᠠᠨ ᠡᠭᠦᠯᠡᠰ ᠴᠢᠰ ᠤᠯᠠᠭᠠᠨ ᠪᠣᠯᠵᠤ ᠬᠥᠪᠡᠭᠡ ᠪᠡᠷ ᠨᠢ ᠠᠯᠲᠠ ᠪᠠᠷ ᠰᠢᠷᠳᠡᠭᠰᠡᠨ ᠮᠡᠲᠦ ᠰᠢᠷᠠᠯᠠᠨ ᠬᠡᠷᠡᠯᠳᠦᠵᠦ᠂ ᠨᠠᠭᠤᠷ ᠤ᠋ᠨ ᠤᠰᠤᠨ ᠳ᠋ᠤ᠌ ᠲᠤᠰᠴᠠᠢ᠃ ᠡᠨᠡ ᠵᠠᠭᠤᠷ᠎ᠠ ᠥᠨᠳᠥᠷ ᠠᠭᠤᠯᠠ ᠶ᠋ᠢᠨ ᠣᠷᠣᠢ ᠳᠡᠭᠡᠷ᠎ᠡ ᠡᠴᠡ ᠡᠷᠭᠢᠨ ᠪᠠᠷᠠᠯᠠᠪᠠᠯ: ᠲᠡᠷᠭᠡᠯ ᠰᠠᠷᠠᠨ ᠮᠡᠲᠦ ᠲᠥᠭᠥᠷᠢᠭ ᠤᠨᠠᠭᠠᠨ ᠪᠦᠷᠢᠳᠦ ᠥᠪᠴᠢ ᠪᠡᠷ ᠢ᠋ᠶ᠋ᠡᠨ ᠭᠠᠯ ᠤᠯᠠᠢᠵᠤ ᠲᠡᠭᠦᠨ ᠢ᠋ ᠬᠦᠷᠢᠶᠡᠯᠡᠭᠰᠡᠨ ᠨᠣᠭᠣᠭᠠᠨ ᠲᠠᠯ᠎ᠠ᠂ ᠲᠠᠯ᠎ᠠ ᠶ᠋ᠢ ᠲᠣᠭᠣᠷᠢᠭᠰᠠᠨ ᠬᠥᠬᠡ ᠰᠢᠭᠤᠢ᠂ ᠰᠢᠭᠤᠢ ᠶ᠋ᠢᠨ ᠭᠠᠳᠠᠨᠠᠬᠢ ᠡᠯᠡᠰᠦᠨ ᠳᠠᠯᠠᠢ ᠲᠤᠰ ᠲᠤᠰ ᠢ᠋ᠶ᠋ᠠᠷ ᠥᠩᠭᠡ ᠢᠯᠭᠠᠷᠠᠨ᠂ ᠵᠠᠬ᠎ᠠ ᠬᠢᠵᠠᠭᠠᠷ ᠦᠭᠡᠢ ᠶᠡᠬᠡ ᠵᠠᠰᠠᠷ⑥ ᠴᠠᠮᠪᠠᠨ⑦ ᠳᠡᠭᠡᠷ᠎ᠡ ᠬᠥᠮᠥᠷᠢᠭᠰᠡᠨ ᠲᠣᠮᠣ ᠠᠯᠲᠠᠨ ᠲᠠᠪᠠᠭ ᠠ᠋ᠴᠠ ᠲᠠᠪᠤᠨ ᠥᠩᠭᠡ ᠶ᠋ᠢᠨ ᠭᠡᠷᠡᠯ ᠰᠠᠴᠤᠷᠠᠵᠤ ᠪᠠᠢᠬᠤ ᠮᠡᠲᠦ ᠬᠠᠷᠠᠭᠳᠠᠨ᠎ᠠ᠃
ᠡᠨᠡ ᠰᠠᠢᠬᠠᠨ ᠪᠠᠢᠭᠠᠯᠢ ᠶ᠋ᠢᠨ ᠭᠠᠢᠬᠠᠮᠰᠢᠭ ᠢ᠋ ᠪᠠᠬᠠᠷᠬᠠᠨ ᠵᠣᠭᠰᠣᠬᠤ ᠳ᠋ᠤ᠌ ᠶᠠᠳᠠᠷᠠᠯ ᠵᠦᠳᠡᠷᠡᠯ ᠢ᠋ ᠴᠥᠮ ᠲᠠᠢᠳᠬᠤᠷᠠᠭᠤᠯᠵᠤ᠂ ᠴᠡᠭᠡᠵᠢ ᠰᠠᠷᠠᠭᠤᠯ ᠰᠡᠳᠬᠢᠯ ᠠᠭᠤᠳᠠᠮ ᠪᠣᠯᠬᠤ ᠠ᠋ᠴᠠ ᠭᠠᠳᠠᠨ᠎ᠠ ᠡᠬᠡ ᠣᠷᠣᠨ ᠤ᠋ ᠬᠣᠲᠠᠯᠠ ᠲᠡᠭᠦᠯᠳᠡᠷ ᠤᠮᠠᠷᠠᠲᠤ ᠣᠷᠣᠨ ᠳ᠋ᠤ᠌ ᠬᠢᠵᠠᠭᠠᠷ ᠦᠭᠡᠢ ᠬᠠᠢᠷ᠎ᠠ ᠪᠠᠬ᠎ᠠ ᠲᠥᠷᠥᠭᠳᠡᠨᠡ!
ᠲᠠᠢᠯᠪᠤᠷᠢ
ᠲᠤᠰ ᠬᠢᠴᠢᠶᠡᠯ ᠢ 《ᠠᠯᠲᠠᠨ ᠬᠢᠯᠢ ᠶᠢᠨ ᠦᠵᠡᠰᠬᠦᠯᠡᠩ》(ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ᠂ 1977ᠣᠨ ᠤ ᠬᠡᠪᠯᠡᠯ) ᠡᠴᠡ ᠰᠣᠩᠭᠣᠪᠠ᠃ ᠠ᠊᠂ ᠣᠳᠽᠠᠷ-ᠣᠷᠴᠢᠨ ᠦᠶ᠎ᠡ ᠶᠢᠨ ᠠᠯᠳᠠᠷᠲᠤ ᠵᠣᠬᠢᠶᠠᠯᠴᠢ᠃
① ᠪᠦᠷᠢᠳᠦ [burd]- ᠤᠰᠤ ᠡᠪᠡᠰᠦ ᠲᠠᠢ ᠭᠠᠵᠠᠷ᠃
② ᠲᠤᠵᠢ [tᶷʤ]- ᠲᠤᠷᠰᠢ᠂ ᠲᠤᠭᠤᠰᠢ᠂ ᠦᠷᠭᠦᠯᠵᠢ᠃
③ ᠲᠦᠩ [tᶷᵑ]- ᠰᠢᠬᠢᠭᠦᠦ ᠪᠢᠲᠡᠭᠦᠦ ᠣᠢ᠃
④ ᠬᠤᠷ ᠳᠡᠯ -ᠠᠳᠤᠭᠤᠨ ᠤ ᠬᠠᠢᠴᠢᠯᠠᠵᠤ ᠵᠠᠰᠠᠭᠰᠠᠨ ᠦᠭᠡᠢ ᠳᠡᠯ᠃
⑤ ᠵᠠᠵᠠᠢ [ʤa:ʤai]] -ᠣᠷᠳᠣᠰ ᠨᠤᠲᠤᠭ ᠤᠨ ᠡᠭᠡᠴᠢ ᠪᠡᠨ ᠳᠠᠭᠤᠳᠠᠬᠤ ᠨᠡᠷᠡᠢᠳᠦᠯ᠃
⑥ ᠵᠠᠰᠠᠷ [ʤasar] -ᠠᠯᠲᠠᠨ ᠤᠲᠠᠰᠤ ᠪᠠᠷ ᠨᠡᠬᠡᠭᠰᠡᠨ ᠪᠠᠷᠠᠭ᠎ᠠ᠃
⑦ ᠴᠠᠮᠪᠠ [ʧambə]-ᠲᠥᠪᠡᠳ ᠦᠨ ᠨᠣᠣᠰᠣᠨ ᠪᠠᠷᠠᠭ᠎ᠠ᠃
ᠦᠰᠦᠭ ᠠᠮᠢᠯᠠᠭᠤᠯᠤᠭᠴᠢ᠄ ᠨᠤᠮᠤᠴᠢᠨ ᠪᠢᠯᠢᠭ
ᠬᠢᠨᠠᠭᠴᠢ᠄ ᠭᠡᠷᠡᠯ᠂ ᠮᠥᠩᠭᠦᠨᠴᠡᠴᠡᠭ
