ᠬᠠᠪᠤᠷ ᠤ᠋ᠨ ᠰᠠᠢᠬᠠᠨ ᠡᠳᠦᠷ- ᠳ· ᠨᠠᠴᠤᠭᠳᠣᠷᠵᠢХаврын сайхан өдөр-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠤ᠋ᠨ ᠰᠠᠢᠬᠠᠨ ᠡᠳᠦᠷ- ᠳ· ᠨᠠᠴᠤᠭᠳᠣᠷᠵᠢХаврын сайхан өдөр-Д.Нацагдорж

ᠬᠠᠪᠤᠷ ᠤ᠋ᠨ ᠰᠠᠢᠬᠠᠨ ᠡᠳᠦᠷ- ᠳ· ᠨᠠᠴᠤᠭᠳᠣᠷᠵᠢХаврын сайхан өдөр-Д.Нацагдорж

2024-06-16

280

                    ᠳ· ᠨᠠᠴᠤᠭᠳᠣᠷᠵᠢ 
      ᠬᠠᠪᠤᠷ ᠤ᠋ᠨ ᠰᠡᠭᠦᠯ ᠰᠠᠷ᠎ᠠ ᠶ᠋ᠢᠨ  ᠶᠢᠰᠦᠨ᠂ ᠨᠢᠮ᠎ᠠ ᠭᠠᠷᠠᠭ᠂ ᠲᠦᠮᠡᠨ ᠪᠣᠳᠠᠰ ᠤ᠋ᠨ ᠳᠡᠯᠭᠡᠷᠡᠬᠦ ᠶ᠋ᠢᠨ ᠦᠶᠡᠰ ᠦᠨᠡᠬᠡᠷ ᠨᠢᠭᠡ ᠰᠠᠢᠬᠠᠨ ᠴᠡᠯᠮᠡᠭ ᠪᠥᠭᠡᠳ ᠬᠥᠮᠦᠨ ᠪᠦᠬᠦᠨ ᠦ᠌ ᠵᠢᠷᠦᠬᠡ ᠰᠡᠳᠬᠢᠯ ᠢ᠋ ᠬᠥᠳᠡᠯᠭᠡᠭᠰᠡᠨ ᠰᠠᠢᠬᠠᠨ ᠥᠷᠯᠥᠭᠡ ᠪᠠᠢᠪᠠ᠃     
      ᠵᠦᠷᠮᠡᠳ ᠡᠷᠲᠡᠯᠡᠨ ᠪᠣᠰᠴᠤ ᠵᠡᠷᠭᠡᠯᠡᠳᠡᠭᠡ ᠠᠢᠯ ᠳ᠋ᠠᠬᠢ ᠥᠪᠡᠷ ᠦ᠋ᠨ ᠢᠨᠠᠭ ᠬᠥᠮᠦᠨ ᠳᠤᠮ᠎ᠠ ᠲᠠᠢ ᠮᠣᠷᠢ ᠤᠨᠤᠵᠤ ᠵᠤᠭᠠᠯᠠᠨ ᠶᠠᠪᠤᠪᠠ᠃ ᠬᠠᠷ᠎ᠠ ᠭᠡᠷ ᠦᠨ ᠬᠠᠶᠠᠭᠠᠨ ᠠ᠋ᠴᠠ ᠭᠠᠷᠴᠤ ᠮᠣᠷᠳᠠᠨ ᠶᠠᠪᠤᠬᠤ ᠳ᠋ᠤ᠌ ᠵᠦᠷᠮᠡᠳ ᠦ᠋ᠨ ᠪᠣᠷᠣ ᠮᠣᠷᠢ ᠳᠣᠮ᠎ᠠ ᠶ᠋ᠢᠨ ᠰᠢᠷᠭ᠎ᠠ ᠮᠣᠷᠢᠨ ᠤ᠋ ᠠᠯᠬᠤᠭ᠎ᠠ ᠨᠡᠢᠯᠡᠵᠦ᠂ ᠲᠣᠯᠣᠭᠠᠢ ᠳᠠᠷᠤᠨ ᠶᠠᠪᠤᠬᠤ ᠨᠢ ᠲᠩᠷᠢ ᠲᠤᠩᠭᠠᠯᠠᠭ ᠠᠭᠠᠷ ᠠᠷᠢᠭᠤᠨ ᠡᠨᠡ ᠬᠦ᠌ ᠲᠠᠭᠠᠯᠠᠮᠵᠢᠲᠠᠢ ᠥᠷᠯᠥᠭᠡ᠂ ᠲᠡᠷᠡ ᠬᠣᠶᠠᠷ ᠴᠢᠷᠠᠢ ᠴᠢᠷᠠᠢ ᠶ᠋ᠢ ᠬᠠᠷᠠᠵᠤ ᠪᠡᠶ᠎ᠡ ᠪᠡᠶ᠎ᠡ ᠳ᠋ᠡᠭᠡᠨ ᠤᠷᠮ᠎ᠠ ᠲᠠᠢ ᠦᠭᠡᠰ ᠰᠣᠯᠢᠯᠴᠠᠨ ᠲᠡᠷᠲᠡᠭᠡ ᠠᠭᠤᠯᠠ ᠶ᠋ᠢᠨ ᠵᠦᠭ ᠶᠠᠪᠤᠨ᠎ᠠ᠃
      ᠡᠨᠡ ᠡᠳᠦᠷ ᠦ᠋ᠨ ᠠᠶᠠᠲᠠᠢᠬᠠᠨ ᠳ᠋ᠤ᠌ ᠬᠣᠲᠠ ᠶ᠋ᠢᠨ ᠬᠥᠭᠰᠢᠨ ᠵᠠᠯᠠᠭᠤ ᠬᠥᠮᠦᠰ ᠬᠡᠨ ᠴᠦ᠍ ᠭᠡᠰᠡᠨ ᠭᠠᠳᠠᠨ᠎ᠠ ᠶᠠᠪᠤᠵᠤ ᠨᠠᠷᠠ ᠰᠠᠯᠬᠢᠨ ᠳ᠋ᠤ᠌ ᠵᠤᠭᠠᠯᠠᠬᠤ ᠶ᠋ᠢ ᠦᠯᠦ ᠬᠦᠰᠡᠬᠦ ᠨᠢ ᠦᠭᠡᠢ᠃ ᠵᠠᠮ ᠶᠠᠪᠤᠬᠤ ᠬᠥᠮᠦᠨ ᠮᠣᠷᠢ ᠲᠠᠢ᠂ ᠲᠡᠷᠭᠡ ᠲᠡᠢ᠂ ᠶᠠᠪᠠᠭᠠᠨ᠂ ᠳᠤᠭᠤᠢ ᠲᠠᠢ ᠮᠠᠰᠢ ᠣᠯᠠᠨ ᠬᠡᠰᠡᠭ᠂ ᠠᠭᠤᠷ ᠤ᠋ᠨ ᠲᠡᠷᠭᠡ ᠲᠡᠢ ᠬᠥᠮᠦᠰ ᠬᠠᠵᠠᠭᠤ ᠪᠠᠷ ᠳᠠᠷᠠᠭ᠎ᠠ ᠳᠠᠷᠠᠭ᠎ᠠ ᠪᠠᠷ ᠵᠥᠷᠢᠯᠴᠡᠨ ᠥᠩᠭᠡᠷᠡᠬᠦ ᠪᠣᠯᠪᠠᠴᠤ ᠵᠦᠷᠮᠡᠳ ᠳᠣᠮ᠎ᠠ ᠬᠣᠶᠠᠷ ᠤ᠋ᠨ ᠮᠣᠷᠢ ᠶᠠᠪᠤᠬᠤ ᠰᠢᠭ᠋ ᠵᠣᠬᠢᠰᠲᠠᠢ ᠨᠢ ᠦᠭᠡᠢ᠃
      ᠡᠭᠦᠨ ᠡᠴᠡ ᠬᠠᠵᠠᠭᠤ ᠶ᠋ᠢᠨ ᠮᠥᠷᠡᠨ ᠢ᠋ ᠲᠤᠭᠤᠯᠤᠨ ᠭᠠᠷᠴᠤ ᠡᠮᠦᠨᠡᠲᠦ ᠠᠭᠤᠯᠠ ᠶ᠋ᠢᠨ ᠪᠠᠯ ᠳ᠋ᠤ᠌ ᠬᠦᠷᠪᠡᠯ ᠵᠠᠯᠠᠭᠤ ᠨᠣᠭᠣᠭ᠎ᠠ ᠰᠠᠶᠢ ᠭᠠᠷᠴᠤ ᠪᠦᠬᠦᠢ ᠯᠡ ᠠᠭᠤᠯᠠ ᠶ᠋ᠢᠨ ᠪᠡᠶ᠎ᠡ ᠶ᠋ᠢ ᠬᠢᠯᠢᠩ ᠮᠡᠲᠦ ᠪᠦᠷᠬᠦᠭᠡᠳ ᠲᠡᠭᠦᠨ ᠦ᠌ ᠣᠷᠣᠢ ᠶ᠋ᠢ ᠨᠣᠭᠣᠭᠠᠨ ᠮᠣᠳᠣ ᠪᠠᠷ ᠬᠤᠴᠢᠭᠰᠠᠨ ᠨᠢ ᠥᠩᠭᠡ ᠪᠠᠢᠳᠠᠯ ᠨᠢᠳᠦᠨ ᠳ᠋ᠦ᠍ ᠦᠨᠡᠬᠡᠷ ᠦᠵᠡᠮᠵᠢᠲᠡᠢ ᠪᠣᠯᠤᠭᠠᠳ ᠦᠨᠦᠷ ᠨᠢ ᠲᠤᠢᠯ ᠤ᠋ᠨ ᠰᠠᠢᠬᠠᠨ᠃ 
      ᠵᠦᠷᠮᠡᠳ ᠥᠪᠡᠷ ᠦ᠋ᠨ ᠢᠨᠠᠭ ᠬᠥᠮᠦᠨ ᠦ᠌ ᠬᠠᠮᠲᠤ ᠠᠭᠤᠯᠠ ᠥᠭᠡᠳᠡ ᠠᠪᠠᠷᠢᠵᠤ ᠮᠣᠳᠣᠨ ᠤ᠋ ᠵᠠᠬ᠎ᠠ ᠳ᠋ᠤ᠌ ᠬᠦᠷᠦᠭᠡᠳ ᠬᠣᠶᠠᠷ ᠮᠣᠷᠢ ᠶ᠋ᠢ ᠬᠣᠯᠪᠣᠨ ᠢᠳᠡᠭᠦᠯᠵᠦ᠂ ᠬᠣᠶᠠᠭᠤᠯᠠ ᠨᠠᠢ᠍ᠮᠠᠨ ᠴᠢᠯᠠᠭᠤᠨ ᠤ᠋ ᠳᠡᠭᠡᠷ᠎ᠡ ᠮᠥᠷᠥ ᠵᠡᠷᠭᠡᠴᠡᠨ ᠰᠠᠭᠤᠵᠤ᠂ ᠲᠡᠷᠲᠡᠭᠡ ᠠᠭᠤᠯᠠ ᠶ᠋ᠢᠨ ᠣᠷᠣᠢ ᠪᠠ ᠲᠠᠯ᠎ᠠ ᠶ᠋ᠢᠨ ᠵᠡᠷᠭᠡᠯᠭᠡᠨ ᠢ᠋ ᠬᠠᠷᠠᠵᠤ᠂ ᠥᠪᠡᠷᠰᠡᠳ ᠦ᠋ᠨ ᠢᠨᠠᠭ ᠤ᠋ᠨ ᠦᠭᠡ ᠶ᠋ᠢ ᠬᠡᠯᠡᠯᠴᠡᠬᠦ ᠳ᠋ᠦ᠍ ᠡᠨᠡᠲᠡᠭᠡ ᠲᠡᠷᠲᠡᠭᠡ ᠴᠢᠪ ᠴᠢᠮᠡᠭᠡ ᠦᠭᠡᠢ ᠂ ᠰᠠᠯᠬᠢ ᠴᠤ ᠪᠣᠯᠪᠠ ᠲᠣᠪ ᠳᠤᠭᠤᠢ ᠪᠣᠯᠤᠭᠰᠠᠨ ᠪᠥᠭᠡᠳ ᠭᠠᠭᠴᠠ ᠬᠦ᠌ ᠬᠠᠵᠠᠭᠤ ᠶ᠋ᠢᠨ ᠴᠡᠴᠡᠭ ᠤᠭᠲᠤᠵᠤ ᠲᠡᠷᠡ ᠬᠣᠶᠠᠷ ᠤ᠋ᠨ ᠵᠦᠭ ᠰᠡᠮᠬᠡᠨ ᠢᠨᠢᠶᠡᠮᠰᠦᠭᠯᠡᠨ᠎ᠡ᠃
      ᠬᠠᠷᠢᠯᠴᠠᠨ ᠵᠠᠯᠠᠭᠤ ᠰᠠᠢᠬᠠᠨ ᠢᠨᠠᠭ ᠤ᠋ᠨ ᠦᠭᠡ ᠶ᠋ᠢ ᠶᠠᠷᠢᠨ ᠶᠠᠷᠢᠭᠰᠠᠭᠠᠷ ᠪᠠᠢᠲᠠᠯ᠎ᠠ ᠪᠠᠨ ᠨᠢᠭᠡ ᠮᠡᠳᠡᠬᠦ ᠳ᠋ᠦ᠍ ᠡᠮᠦᠨᠡᠲᠦ ᠨᠢᠭᠡ ᠠᠭᠤᠯᠠᠨ ᠳ᠋ᠤ᠌ ᠦᠳᠡᠰᠢ ᠶ᠋ᠢᠨ ᠪᠦᠷᠦᠭ ᠭᠡᠷᠡᠯ ᠲᠤᠨᠵᠤ᠂ ᠰᠡᠪ ᠰᠡᠮᠬᠡᠨ ᠪᠣᠯᠵᠠᠢ᠃ ᠪᠤᠰᠤᠳ ᠣᠯᠠᠨ ᠵᠣᠴᠢᠳ ᠴᠥᠮ ᠭᠡᠷ ᠲᠡᠭᠡᠨ ᠪᠤᠴᠠᠵᠠᠢ᠃ ᠴᠢᠪ ᠴᠢᠮᠡᠭᠡ ᠦᠭᠡᠢ ᠣᠢ ᠶ᠋ᠢᠨ ᠬᠠᠷᠠᠩᠭᠤᠢ ᠭᠦᠨ ᠳ᠋ᠦ᠍ ᠲᠡᠷᠡ ᠬᠣᠶᠠᠷ ᠦᠨᠡᠬᠡᠷ ᠲᠠᠢᠪᠤᠩ ᠢ᠋ᠶ᠋ᠠᠷ ᠴᠠᠭ ᠢ᠋ ᠥᠩᠭᠡᠷᠡᠭᠦᠯᠦᠨ᠎ᠡ᠃
      ᠡᠨᠡ ᠦᠶ᠎ᠡ ᠭᠠᠭᠴᠠ ᠬᠦ᠌ ᠬᠠᠵᠠᠭᠤ ᠶ᠋ᠢᠨ ᠪᠤᠯᠠᠭ ᠤ᠋ᠨ ᠤᠰᠤ ᠬᠣᠷᠴᠢᠭᠢᠨᠠᠵᠤ᠂ ᠬᠡᠭᠡᠷ᠎ᠡ ᠶ᠋ᠢᠨ ᠰᠢᠪᠠᠭᠤ ᠢᠷᠠᠭᠤᠬᠠᠨ ᠢ᠋ᠶ᠋ᠠᠷ ᠵᠢᠷᠭᠢᠨ᠎ᠡ᠃

      ᠦᠰᠦᠭ ᠠᠮᠢᠯᠠᠭᠤᠯᠤᠭᠴᠢ ᠰᠤᠳᠤᠯᠲᠤ᠂ ᠡᠷᠳᠡᠨᠢᠭᠣᠤ᠎ᠠ 
      ᠬᠢᠨᠠᠭᠴᠢ ᠰᠡᠬᠡᠭᠡᠷᠡᠯ᠂ ᠣᠳᠬᠠᠨᠰᠣ᠎ᠠ