ᠡᠪᠦᠯ ᠤ᠋ᠨ ᠰᠥᠨᠢ- ᠳ· ᠨᠠᠴᠤᠭᠳᠣᠷᠵᠢӨвлийн шөнө-Д.Нацагдорж
ᠳ· ᠨᠠᠴᠤᠭᠳᠣᠷᠵᠢ
ᠲᠡᠰᠬᠢᠮ᠎ᠡ ᠬᠦᠢᠲᠡᠨ ᠡᠪᠦᠯ ᠦ᠋ᠨ ᠰᠥᠨᠢ᠂ ᠲᠩᠷᠢ ᠶ᠋ᠢᠨ ᠣᠳᠣ ᠣᠴᠢ ᠰᠢᠭ᠋ ᠭᠢᠯᠠᠯᠵᠠᠭᠠᠳ ᠠᠭᠤᠯᠠ ᠨᠢᠷᠤᠭᠤ ᠶ᠋ᠢ ᠪᠦᠷᠬᠦᠭᠰᠡᠨ ᠬᠤᠩᠭᠠᠷ ᠴᠠᠰᠤᠨ ᠤ᠋ ᠬᠠᠰ ᠤ᠋ᠨ ᠥᠩᠭᠡ ᠲᠡᠭᠦᠨ ᠦ᠌ ᠭᠡᠷᠡᠯ ᠳ᠋ᠦ᠍ ᠠᠯᠮᠠᠰ ᠤ᠋ᠨ ᠠᠳᠠᠯᠢ ᠭᠢᠯᠲᠦᠭᠡᠨᠡᠨᠡ᠃ ᠬᠦᠢᠲᠡᠨ ᠵᠢᠪᠠᠷ ᠡᠮᠦᠨ᠎ᠡ ᠡᠴᠡ ᠦᠯᠢᠶᠡᠭᠡᠳ ᠭᠣᠣᠯ ᠤ᠋ᠨ ᠮᠥᠰᠥ ᠳᠡᠰ ᠨᠢᠰ ᠬᠠᠭᠠᠷᠠᠨ᠎ᠠ᠃ ᠬᠥᠨᠳᠡᠢ ᠲᠠᠯ᠎ᠠ ᠮᠡᠯᠴᠡᠢᠨ ᠴᠡᠯᠡᠢᠭᠡᠳ᠂ ᠬᠠᠶᠠ ᠨᠢᠭᠡ ᠠᠭᠤᠯᠠ ᠶ᠋ᠢᠨ ᠣᠷᠣᠢ ᠡᠷᠪᠡᠢᠨ ᠰᠡᠷᠪᠡᠢᠨ ᠦᠵᠡᠭᠳᠡᠨ᠎ᠡ᠃ ᠬᠠᠭᠤᠴᠢᠨ ᠰᠠᠷ᠎ᠠ ᠰᠥᠨᠢ ᠳᠤᠮᠳᠠ ᠶ᠋ᠢᠨ ᠦᠶ᠎ᠡ ᠳ᠋ᠦ᠍ ᠴᠤᠬᠤᠢᠬᠤ ᠳ᠋ᠤ᠌᠂ ᠭᠡᠷ ᠦ᠋ᠨ ᠨᠣᠬᠠᠢ ᠲᠡᠭᠦᠨ ᠢ᠋ ᠰᠢᠷᠳᠡᠨ ᠳᠡᠮᠡᠢ ᠯᠡ ᠬᠤᠴᠠᠨ᠎ᠠ᠃ ᠬᠥᠳᠡᠭᠡᠨ ᠦ᠌ ᠠᠢᠯ ᠤ᠋ᠨ ᠭᠠᠳᠠᠭᠤᠷ ᠨᠢᠭᠡ ᠴᠣ ᠦᠢᠮᠡᠭᠡᠨ ᠦᠭᠡᠢ᠂ ᠦᠬᠡᠷ ᠬᠣᠨᠢ ᠬᠠᠶᠠ ᠨᠢᠭᠡ ᠬᠡᠪᠢᠵᠦ ᠬᠡᠪᠲᠡᠨ᠎ᠡ᠃ ᠡᠢᠮᠦ ᠨᠢᠭᠡ ᠰᠥᠨᠢ ᠶ᠋ᠢᠨ ᠭᠦᠨ ᠳ᠋ᠦ᠍᠂ ᠬᠣᠯᠠ ᠠ᠋ᠴᠠ ᠬᠡᠳᠦᠨ ᠮᠣᠷᠢᠨ ᠤ᠋ ᠲᠤᠭᠤᠷᠠᠢ ᠳᠦᠴᠢᠭᠡᠨᠡᠨ᠂ ᠬᠣᠶᠠᠷ ᠬᠥᠮᠦᠨ ᠭᠠᠳᠠᠨ᠎ᠠ ᠢᠷᠡᠵᠦ ᠮᠣᠷᠢ ᠶ᠋ᠢ ᠲᠤᠱᠠᠨ ᠣᠷᠣᠪᠠ᠃ ᠤᠳᠠᠯ ᠦᠭᠡᠢ ᠡᠬᠡᠨᠡᠷ ᡀᠮᠠ ᠪᠣᠰᠴᠤ ᠡᠷᠦᠬᠡ ᠲᠡᠳᠡᠨ ᠭᠠᠯ ᠲᠦᠯᠡᠵᠦ ᠴᠠᠢ ᠬᠠᠯᠠᠭᠠᠨ᠎ᠠ᠃ ᠬᠠᠷᠠᠩᠭᠤᠢ ᠰᠥᠨᠢ ᠶ᠋ᠢᠨ ᠳᠤᠮᠳᠠ ᠪᠣᠷᠣ ᠭᠡᠷ ᠦ᠋ᠨ ᠲᠣᠭᠣᠨᠣ ᠪᠠᠷ ᠤᠲᠤᠭ᠎ᠠ ᠰᠠᠪᠰᠠᠵᠤ᠂ ᠤᠯᠠᠭᠠᠨ ᠣᠴᠢ ᠬᠠᠶᠠᠯᠠᠬᠤ ᠶ᠋ᠢ ᠲᠡᠷᠲᠡᠭᠡ ᠡᠴᠡ ᠦᠵᠡᠬᠦ ᠳ᠋ᠦ᠍ ᠦᠨᠡᠬᠡᠷ ᠰᠣᠨᠢᠷᠬᠠᠯ ᠲᠠᠢ᠂ ᠳᠠᠷᠤᠢ ᠦᠷ ᠦ᠋ᠨ ᠴᠣᠯᠮᠣᠨ ᠴᠣᠮᠴᠣᠢᠨ ᠭᠠᠷᠴᠤ ᠢᠷᠡᠬᠦ ᠳ᠋ᠦ᠍᠂ ᠠᠳᠤᠭᠤ ᠮᠠᠨᠠᠭᠰᠠᠨ ᠬᠣᠶᠠᠷ ᠬᠠᠷ᠎ᠠ ᠬᠥᠮᠦᠨ ᠮᠣᠷᠳᠠᠨ᠂ ᠤᠷᠭ᠎ᠠ ᠴᠢᠷᠦᠨ ᠳᠠᠪᠬᠢᠵᠤ ᠣᠳᠪᠠ᠃
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠣᠳᠬᠠᠨᠰᠣ᠎ᠠ
