ᠠᠯᠲᠠᠨ ᠭᠤᠷᠭᠤᠤᠯᠳᠠᠢ ᠪᠠ ᠵᠠᠯᠢᠲᠤ ᠦᠨᠡᠭᠡАлтан гургалдай ба зальт үнэг ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠭᠤᠷᠭᠤᠤᠯᠳᠠᠢ ᠪᠠ ᠵᠠᠯᠢᠲᠤ ᠦᠨᠡᠭᠡАлтан гургалдай ба зальт үнэг

ᠠᠯᠲᠠᠨ ᠭᠤᠷᠭᠤᠤᠯᠳᠠᠢ ᠪᠠ ᠵᠠᠯᠢᠲᠤ ᠦᠨᠡᠭᠡАлтан гургалдай ба зальт үнэг

2024-06-03

600

ᠠᠯᠲᠠᠨ ᠭᠤᠤᠷᠭᠤᠯᠳᠠᠢ ᠪᠠ ᠵᠠᠯᠢᠲᠤ ᠦᠨᠡᠭᠡ

ᠵᠤᠨ ᠤ᠋ ᠰᠠᠢᠬᠠᠨ ᠳᠡᠯᠭᠡᠷ ᠴᠠᠭ ᠲᠤ᠌ ᠠᠯᠲᠠᠨ ᠭᠤᠷᠭᠤᠤᠯᠳᠠᠢ ᠰᠢᠪᠠᠭᠤ ᠲᠠᠪᠤᠨ ᠥᠨᠳᠡᠭᠡ ᠭᠠᠷᠭᠠᠭᠠᠳ᠂ 
ᠲᠠᠪᠠᠲᠠᠢ ᠠᠮᠢᠳᠤᠷᠠᠵᠤ ᠪᠠᠢᠵᠠᠢ᠃ ᠭᠡᠲᠡᠯ᠎ᠡ ᠨᠢᠭᠡ ᠡᠳᠦᠷ ᠭᠠᠢ ᠳᠠᠭᠠᠷᠢᠭᠰᠠᠨ ᠶᠤᠮ ᠰᠢᠭ᠋ ᠠᠷᠭᠠᠯ  ᠰᠢᠷᠭᠠᠯ 
ᠥᠩᠭᠡ ᠲᠡᠢ ᠵᠠᠯᠢᠲᠤ ᠦᠨᠡᠭᠡ ᠢᠷᠡᠭᠡᠳ᠄《ᠠᠯᠲᠠᠨ ᠭᠤᠷᠭᠤᠤᠯᠳᠠᠢ ᠭᠤᠸᠠᠢ᠂ ᠲᠠᠪᠤᠨ ᠥᠨᠳᠡᠭᠡᠨ ᠦ᠌ ᠪᠡᠨ 
ᠨᠢᠭᠡ ᠶ᠋ᠢ ᠲᠠ ᠨᠠᠳᠠ ᠳ᠋ᠤ᠌ ᠥᠭᠭᠦᠭᠡᠴᠢ》ᠭᠡᠰᠡᠨ ᠳ᠋ᠦ᠍《ᠥᠭᠬᠦ ᠦᠭᠡᠢ》ᠭᠡᠮᠡᠨ ᠬᠠᠷᠠᠮᠯᠠᠵᠠᠢ ᠭᠡᠨ᠎ᠡ᠃《ᠦ 
ᠬᠦ ᠬᠦ᠂ ᠴᠢᠮ᠎ᠠ ᠶ᠋ᠢ ᠥᠭᠬᠦ ᠦᠭᠡᠢ ᠪᠣᠯ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ᠂ ᠠᠷᠢᠭᠤᠨ 
ᠬᠤᠳᠳᠤᠭ ᠢ᠋ ᠴᠢᠨᠢ ᠬᠣᠣ ᠰᠤᠷᠤᠨ᠎ᠠ᠂ᠠᠷᠪᠠᠭᠠᠷ ᠳᠠᠯᠠᠪᠴᠢ ᠶ᠋ᠢ ᠴᠢᠨᠢ ᠬᠣᠣ ᠮᠠᠭᠠᠵᠢᠨ᠎ᠠ᠂ᠠᠰᠬᠠᠲᠤ ᠳᠠᠪᠠᠭ᠎ᠠ ᠶ᠋ᠢ 
ᠴᠢᠨᠢ ᠰᠡᠳᠡ ᠲᠠᠭᠠᠷᠢᠨ᠎ᠠ》ᠭᠡᠵᠦ ᠵᠠᠯᠢᠲᠤ ᠦᠨᠡᠭᠡ ᠬᠡᠯᠡᠭᠰᠡᠨ ᠳ᠋ᠦ᠍᠂ᠠᠯᠲᠠᠨ ᠭᠤᠷᠭᠤᠤᠯᠳᠠᠢ ᠠᠶᠤᠭᠠᠳ ᠲᠠᠪᠤᠨ 
ᠥᠨᠳᠡᠭᠡᠨ ᠦ᠌ ᠪᠡᠨ ᠨᠢᠭᠡ ᠶ᠋ᠢ ᠥᠭᠭᠦᠭᠡᠳ ᠶᠠᠪᠤᠭᠤᠯᠵᠠᠢ᠃
ᠳᠠᠬᠢᠭᠠᠳ ᠮᠠᠷᠭᠠᠰᠢ ᠪᠣᠯᠬᠤ ᠳ᠋ᠤ᠌᠂ ᠠᠷᠭᠠᠯ ᠰᠢᠷᠭᠠᠯ ᠥᠩᠭᠡ ᠲᠡᠢ ᠵᠠᠯᠢᠲᠤ ᠦᠨᠡᠭᠡ ᠬᠦᠷᠴᠦ ᠢᠷᠡᠭᠡᠳ᠄《ᠠᠯᠲᠠᠨ ᠭᠤᠷᠭᠤᠤᠯᠳᠠᠢ ᠭᠤᠸᠠᠢ᠂ ᠲᠠ ᠨᠠᠳᠠ ᠳ᠋ᠤ᠌ ᠳᠥᠷᠪᠡᠨ ᠥᠨᠳᠡᠭᠡᠨ ᠦ᠌ ᠪᠡᠨ ᠨᠢᠭᠡ ᠶ᠋ᠢ ᠥᠭᠭᠦᠭᠡᠴᠢ》ᠭᠡᠬᠦ ᠳ᠋ᠦ᠍《ᠥᠭᠬᠦ ᠦᠭᠡᠢ》ᠭᠡᠵᠦ ᠡᠮᠦᠨᠡᠬᠢ ᠰᠢᠭ᠌  ᠵᠢᠨᠨ ᠬᠠᠷᠠᠮᠯᠠᠵᠠᠢ ᠭᠡᠨ᠎ᠡ᠃《ᠦ ᠬᠦ᠂ ᠲᠡᠭᠡᠪᠡᠯ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ᠂ ᠠᠷᠢᠭᠤᠨ ᠬᠤᠳᠳᠤᠭ ᠢ᠋ ᠴᠢᠨᠢ ᠬᠣᠣ ᠰᠤᠷᠤᠨ᠎ᠠ᠂ᠠᠷᠪᠠᠭᠠᠷ ᠳᠠᠯᠠᠪᠴᠢ ᠶ᠋ᠢ ᠴᠢᠨᠢ ᠬᠣᠣ ᠮᠠᠭᠠᠵᠢᠨ᠎ᠠ᠂ ᠠᠰᠬᠠᠲᠤ ᠳᠠᠪᠠᠭ᠎ᠠ ᠶ᠋ᠢ ᠴᠢᠨᠢ ᠰᠡᠳᠡ ᠲᠠᠭᠠᠷᠢᠨ᠎ᠠ ᠳ᠋ᠠ》ᠭᠡᠵᠦ ᠵᠠᠯᠢᠲᠤ ᠦᠨᠡᠭᠡ ᠬᠡᠯᠡᠭᠰᠡᠨ ᠳ᠋ᠦ᠍ ᠠᠯᠲᠠᠨ ᠭᠤᠷᠭᠤᠤᠯᠳᠠᠢ ᠠᠶᠤᠭᠠᠳ ᠳᠥᠷᠪᠡᠨ ᠥᠨᠳᠡᠭᠡᠨ ᠦ᠌ ᠪᠡᠨ ᠨᠢᠭᠡ ᠶ᠋ᠢ ᠥᠭᠭᠦᠭᠡᠳ ᠶᠠᠪᠤᠭᠤᠯᠵᠠᠢ᠃ ᠠᠷᠭᠠᠯ ᠰᠢᠷᠭᠠᠯ ᠥᠩᠭᠡ ᠲᠡᠢ ᠵᠠᠯᠢᠲᠤ ᠦᠨᠡᠭᠡ ᠢᠷᠡᠵᠦ ᠢᠩᠭᠢᠵᠦ ᠬᠡᠯᠡᠭᠰᠡᠭᠡᠷ ᠪᠠᠢᠭᠠᠳ ᠥᠨᠳᠡᠭᠡᠨ ᠦ᠌ ᠬᠢᠨᠢ ᠳᠥᠷᠪᠡ ᠶ᠋ᠢ ᠠᠪᠴᠢᠬᠠᠵᠠᠢ ᠭᠡᠨ᠎ᠡ᠃ ᠭᠠᠭᠴᠠᠬᠠᠨ ᠥᠨᠳᠡᠭᠡ ᠲᠡᠢ ᠬᠤᠴᠤᠷᠤᠭᠰᠠᠨ ᠠᠯᠲᠠᠨ ᠭᠤᠷᠭᠤᠤᠯᠳᠠᠢ ᠰᠢᠪᠠᠭᠤ ᠭᠠᠢᠬᠠᠰᠢ ᠲᠠᠰᠤᠷᠠᠨ ᠤᠬᠢᠯᠠᠵᠤ ᠂ᠭᠤᠨᠢᠭ ᠪᠣᠯᠤᠭᠰᠠᠭᠠᠷ ᠰᠠᠭᠤᠬᠤ ᠲᠠᠢ ᠲᠠᠭᠠᠷᠠᠭᠰᠠᠨ ᠨᠢᠭᠡᠨ ᠣᠭᠣᠲᠣᠨ᠎ᠠ᠄《ᠭᠤᠷᠭᠤᠤᠯᠳᠠᠢ ᠭᠤᠸᠠᠢ ᠲᠠ ᠶᠠᠭᠤᠨ ᠳ᠋ᠤ᠌ ᠤᠬᠢᠯᠠᠵᠤ ᠪᠠᠢᠨ᠎ᠠ᠂ ᠨᠠᠳᠠ ᠳ᠋ᠤ᠌ ᠬᠡᠯᠡᠭᠡᠴᠢ》ᠭᠡᠪᠡ᠃ ᠶᠠᠭᠠᠬᠢᠬᠤ ᠪᠠᠨ ᠮᠡᠳᠡᠬᠦ ᠦᠭᠡᠢ ᠪᠣᠯᠤᠭᠰᠠᠨ ᠠᠯᠲᠠᠨ ᠭᠤᠷᠭᠤᠤᠯᠳᠠᠢ ᠡᠢᠨ ᠬᠡᠯᠡᠵᠡᠢ ᠭᠡᠨ᠎ᠡ᠃
  《ᠠᠢᠯᠴᠢᠯᠠᠨ ᠢᠷᠡᠭᠰᠡᠨ ᠵᠤᠨ ᠴᠠᠭ ᠲᠤ᠌ ᠠᠯᠲᠠᠨ ᠭᠤᠷᠭᠤᠤᠯᠳᠠᠢ ᠪᠢ ᠲᠠᠪᠤᠨ ᠥᠨᠳᠡᠭᠡ ᠭᠠᠷᠭᠠᠭᠠᠳ ᠲᠠᠪᠠᠲᠠᠢ ᠰᠠᠢᠬᠠᠨ ᠠᠮᠢᠳᠤᠷᠠᠵᠤ ᠪᠠᠢᠯ᠎ᠠ᠂ ᠭᠡᠲᠡᠯ᠎ᠡ ᠨᠢᠭᠡ ᠡᠳᠦᠷ ᠭᠠᠢ ᠳᠠᠭᠠᠷᠢᠭᠰᠠᠨ ᠶᠤᠮ ᠰᠢᠭ᠋ ᠠᠷᠭᠠᠯ ᠰᠢᠷᠭᠠᠯ ᠥᠩᠭᠡ ᠲᠡᠢ ᠠᠯᠲᠠᠨ ᠦᠨᠡᠭᠡ ᠢᠷᠡᠭᠡᠳ ᠲᠠᠪᠤᠨ ᠥᠨᠳᠡᠭᠡᠨ ᠦ᠌ ᠪᠡᠨ ᠨᠢᠭᠡ ᠶ᠋ᠢ ᠲᠠ ᠨᠠᠳᠠ ᠳ᠋ᠤ᠌ ᠥᠭᠭᠦᠭᠡᠴᠢ ᠭᠡᠰᠡᠨ  ᠶᠤᠮ ᠠ᠋᠂ ᠥᠭᠬᠦ ᠦᠭᠡᠢ ᠭᠡᠵᠦ ᠬᠡᠯᠡᠭᠰᠡᠨ ᠪᠣᠯᠪᠠᠴᠤ ᠴᠢᠮ᠎ᠠ ᠶ᠋ᠢ ᠥᠭᠬᠦ ᠦᠭᠡᠢ ᠪᠣᠯ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ᠂ ᠠᠷᠢᠭᠤᠨ ᠬᠤᠳᠳᠤᠭ ᠢ᠋ ᠴᠢᠨᠢ ᠬᠣᠣ ᠰᠤᠷᠤᠨ᠎ᠠ᠂ᠠᠷᠪᠠᠭᠠᠷ ᠳᠠᠯᠠᠪᠴᠢ ᠶ᠋ᠢ ᠴᠢᠨᠢ ᠬᠣᠣ ᠮᠠᠭᠠᠵᠢᠨ᠎ᠠ᠂ ᠠᠰᠬᠠᠲᠤ ᠳᠠᠪᠠᠭ᠎ᠠ ᠶ᠋ᠢ ᠴᠢᠨᠢ ᠰᠡᠳᠡ ᠲᠠᠭᠠᠷᠢᠨ᠎ᠠ ᠭᠡᠵᠦ ᠰᠦᠷᠳᠡᠭᠦᠯᠦᠭᠡᠳ ᠪᠠᠢᠬᠤ ᠪᠠᠷ ᠨᠢ ᠠᠶᠤᠭᠠᠳ ᠥᠨᠳᠡᠭᠡ ᠪᠡᠨ ᠪᠢ ᠥᠭᠭᠦᠭᠰᠡᠭᠡᠷ ᠠᠳᠠᠭ ᠰᠡᠭᠦᠯ ᠳ᠋ᠦ᠍ ᠨᠢ ᠨᠢᠭᠡ ᠥᠨᠳᠡᠭᠡ ᠲᠡᠢ ᠬᠤᠴᠤᠷᠤᠭᠠᠳ ᠠᠷᠭ᠎ᠠ ᠪᠠᠨ ᠣᠯᠬᠤ ᠦᠭᠡᠢ ᠤᠬᠢᠯᠠᠵᠤ ᠪᠠᠢᠨ᠎ᠠ ᠳ᠋ᠠ》᠃
  ᠣᠭᠣᠲᠣᠨ᠎ᠠ ᠡᠭᠦᠨ ᠢ᠋ ᠰᠣᠨᠣᠰᠤᠭᠠᠳ᠄《ᠬᠦ ᠬᠦ᠂ ᠣᠳᠣ ᠢᠷᠡᠬᠦ ᠳ᠋ᠦ᠍ ᠨᠢ ᠲᠠ ᠢᠩᠭᠢᠵᠦ ᠬᠡᠯᠡ᠂ᠠᠯᠲᠠᠨ ᠤᠯᠢᠶᠠᠰᠤ ᠶ᠋ᠢ ᠮᠢᠨᠢ ᠬᠤᠭᠤ ᠮᠥᠷᠭᠥᠬᠦ ᠡᠪᠡᠷ᠂ ᠠᠷᠢᠭᠤᠨ ᠬᠤᠳᠳᠤᠭ ᠢ᠋ ᠮᠢᠨᠢ ᠬᠣᠣ ᠰᠣᠷᠣᠬᠤ ᠬᠣᠳᠣᠭᠣᠳᠣ ᠂ᠠᠷᠪᠠᠭᠠᠷ ᠳᠠᠯᠠᠪᠴᠢ ᠶ᠋ᠢ ᠮᠢᠨᠢ ᠬᠣᠣ ᠮᠠᠭᠠᠵᠢᠬᠤ ᠬᠢᠮᠤᠰᠤ᠂ ᠠᠰᠬᠠᠲᠤ ᠳᠠᠪᠠᠭ᠎ᠠ ᠶ᠋ᠢ ᠮᠢᠨᠢ ᠰᠡᠳᠡ ᠳᠠᠭᠠᠷᠢᠬᠤ ᠬᠥᠯ ᠲᠡᠢ ᠪᠣᠯᠤᠭᠠᠳ ᠴᠢ ᠢᠩᠭᠢᠵᠦ ᠶᠠᠷᠢᠭᠠᠷᠠᠢ ᠭᠡᠵᠦ ᠬᠡᠯᠡᠭᠡᠷᠡᠢ》ᠭᠡᠵᠦ ᠦᠭᠡ ᠵᠢᠭᠠᠵᠤ ᠥᠭᠭᠦᠭᠡᠳ ᠶᠠᠪᠤᠵᠠᠢ ᠭᠡᠨ᠎ᠡ᠃
  ᠮᠠᠷᠭᠠᠰᠢ ᠥᠷᠯᠥᠭᠡ ᠨᠢ ᠦᠨᠡᠭᠡ ᠶ᠋ᠢ ᠢᠷᠡᠵᠦ ᠥᠨᠳᠡᠭᠡ ᠶ᠋ᠢ ᠨᠢ ᠨᠡᠬᠡᠬᠦ ᠳ᠋ᠦ᠍ ᠥᠨᠥᠬᠢ ᠭᠤᠷᠭᠤᠤᠯᠳᠠᠢ ᠣᠭᠣᠲᠣᠨ᠎ᠠ ᠶ᠋ᠢᠨ ᠵᠢᠭᠠᠵᠤ ᠥᠭᠭᠦᠭᠰᠡᠨ ᠦᠭᠡ ᠶ᠋ᠢ ᠬᠡᠯᠡᠭᠰᠡᠨ ᠳ᠋ᠦ᠍ ᠠᠷᠭᠠᠲᠤ ᠦᠨᠡᠭᠡ ᠶ᠋ᠢᠨ ᠠᠭᠤᠷ ᠨᠢ ᠬᠥᠳᠡᠯᠵᠦ ᠠᠯᠲᠠᠨ ᠤᠯᠢᠶᠠᠰᠤ ᠶ᠋ᠢ ᠨᠢ ᠮᠥᠷᠭᠥᠬᠦ ᠭᠡᠳ ᠲᠠᠷᠢᠬᠢ ᠪᠠᠨ ᠬᠠᠭᠠᠯᠬᠤ ᠳᠥᠭᠥᠵᠡᠢ᠃ ᠠᠷᠢᠭᠤᠨ ᠬᠤᠳᠳᠤᠭ ᠢ᠋ ᠰᠣᠷᠣᠬᠤ ᠭᠡᠳ ᠬᠣᠳᠣᠭᠣᠳᠣ ᠪᠠᠨ ᠬᠠᠭᠠᠯᠬᠤ ᠰᠢᠬᠠᠵᠠᠢ᠃ ᠠᠷᠪᠠᠭᠠᠷ ᠳᠠᠯᠠᠪᠴᠢ ᠶ᠋ᠢ ᠨᠢ ᠮᠠᠭᠠᠵᠢᠬᠤ ᠭᠡᠳ ᠬᠢᠮᠤᠰᠤ ᠪᠠᠨ ᠪᠤᠯᠭᠤᠯᠬᠤ ᠳᠥᠭᠥᠵᠡᠢ᠂ ᠠᠰᠬᠠᠲᠤ ᠳᠠᠪᠠᠭ᠎ᠠ ᠶ᠋ᠢ ᠨᠢ ᠰᠡᠳᠡ ᠳᠠᠭᠠᠷᠢᠬᠤ ᠭᠡᠳ ᠬᠥᠯ  ᠵᠢᠨᠨ ᠬᠤᠭᠤᠯᠴᠢᠬᠠᠬᠤ ᠰᠢᠬᠠᠵᠠᠢ ᠭᠡᠨ᠎ᠡ᠃ ᠡᠨᠡ ᠪᠦᠭᠦᠳᠡ ᠶ᠋ᠢ ᠡᠰᠡ ᠳᠡᠢᠯᠦᠭᠡᠳ ᠡᠴᠦᠰ ᠲᠦ᠍ ᠨᠢ ᠦᠨᠡᠭᠡ ᠠᠰᠠᠭᠤᠵᠠᠢ ᠭᠡᠨ᠎ᠡ᠃《ᠲᠠᠨ ᠳ᠋ᠤ᠌ ᠢᠩᠭᠢᠵᠦ ᠬᠡᠯᠡ ᠭᠡᠵᠦ ᠬᠡᠨ ᠵᠢᠭᠠᠵᠤ ᠥᠭᠪᠡ ?》᠃《ᠬᠡᠨ ᠴᠦ᠍ ᠵᠢᠭᠠᠵᠤ ᠥᠭᠭᠦᠭᠡ ᠦᠭᠡᠢ》ᠭᠡᠵᠦ ᠬᠡᠨᠡᠭ ᠦᠭᠡᠢ ᠭᠤᠷᠭᠤᠤᠯᠳᠠᠢ ᠬᠠᠷᠢᠭᠤᠯᠪᠠ᠃
 《ᠠ ᠲᠡᠢᠮᠦ ᠊ᠤᠤ ? ᠲᠦᠯᠡᠩᠬᠡᠢ ᠪᠣᠷᠣ ᠣᠭᠣᠲᠣᠨ᠎ᠠ ᠲᠡᠭᠡᠵᠦ ᠬᠡᠯᠡᠭᠰᠡᠨ ᠪᠠᠢᠬᠤ ᠭᠡᠵᠦ ᠪᠢ ᠲᠠᠭᠠᠮᠠᠭᠯᠠᠵᠤ ᠪᠠᠢᠨ᠎ᠠ᠂ ᠲᠡᠭᠦᠨ ᠢ᠋ ᠣᠴᠢᠵᠤ ᠢᠳᠡᠨ᠎ᠡ》ᠭᠡᠳ ᠵᠠᠯᠢᠲᠤ ᠦᠨᠡᠭᠡ ᠰᠡᠭᠦᠯ  ᠵᠢᠨᠨ ᠰᠢᠷᠪᠠᠭᠤᠯᠤᠨ ᠭᠦᠶᠦᠵᠡᠢ ᠃ᠠᠯᠲᠠᠨ ᠭᠤᠷᠭᠤᠤᠯᠳᠠᠢ ᠠᠷᠤ ᠠ᠋ᠴᠠ ᠨᠢ ᠳᠠᠭᠠᠵᠠᠢ ᠭᠡᠨ᠎ᠡ᠃
ᠣᠭᠣᠲᠣᠨ᠎ᠠ ᠶ᠋ᠢᠨ ᠭᠠᠳᠠᠭ᠎ᠠ ᠦᠨᠡᠭᠡ ᠣᠴᠢᠭᠠᠳ ᠳᠠᠭᠤᠳᠠᠭᠰᠠᠨ ᠳ᠋ᠤ᠌᠄《ᠬᠦᠯᠢᠶᠡᠵᠦ ᠪᠠᠢ᠂ ᠪᠢ ᠭᠠᠯ  ᠵᠢᠨᠨ ᠲᠦᠯᠡᠵᠦ ᠪᠠᠢᠨ᠎ᠠ》ᠭᠡᠵᠦ ᠣᠭᠣᠲᠣᠨ᠎ᠠ ᠬᠠᠷᠢᠭᠤᠯᠵᠠᠢ᠃ ᠳᠠᠬᠢᠭᠠᠳ ᠳᠠᠭᠤᠳᠠᠭᠰᠠᠨ ᠳ᠋ᠤ᠌᠄《ᠪᠠᠢᠵᠠ᠂ ᠴᠠᠢ ᠪᠠᠨ ᠴᠢᠨᠠᠵᠤ ᠪᠠᠢᠨ᠎ᠠ》ᠭᠡᠵᠡᠢ ᠭᠡᠨ᠎ᠡ᠃ ᠠᠷᠭᠠᠲᠤ ᠦᠨᠡᠭᠡ ᠢᠩᠭᠢᠵᠦ ᠬᠡᠯᠡᠵᠡᠢ᠄《ᠦ᠂ ᠣᠭᠣᠲᠣᠨ᠎ᠠ ᠶ᠋ᠢᠨ ᠳᠤᠤᠭᠠᠷᠬᠤ ᠶᠠᠮᠠᠷ ᠰᠠᠢᠬᠠᠨ ᠶᠤᠮ ᠪᠣᠢ ! ᠣᠯᠠᠨ ᠠᠮᠢᠲᠠᠳ ᠢᠷᠡᠭᠡᠳ ᠰᠣᠨᠣᠰᠤᠭᠠᠳ ᠵᠣᠭᠰᠣᠵᠤ ᠪᠠᠢᠨ᠎ᠠ ᠂ ᠪᠤᠲᠠᠨ ᠳᠡᠭᠡᠷ᠎ᠡ ᠪᠡᠨ ᠭᠠᠷᠴᠤ ᠢᠷᠡᠭᠡᠳ ᠪᠤᠪᠠᠷ ᠪᠤᠪᠠᠷ ᠭᠡᠪᠡᠯ ᠠᠮᠢᠲᠠᠳ ᠣᠯᠠᠨ  ᠵᠢᠨᠷ ᠵᠢᠨᠨ ᠰᠣᠨᠢᠷᠬᠠᠵᠤ᠂ ᠴᠢᠮ᠎ᠠ ᠳ᠋ᠤ᠌ ᠪᠠᠶᠠᠷ ᠬᠦᠷᠭᠡᠨ᠎ᠡ ᠳᠡ》ᠭᠡᠰᠡᠨ ᠳ᠋ᠦ᠍ ᠣᠭᠣᠲᠣᠨ᠎ᠠ ᠡᠭᠦᠨ ᠢ᠋ ᠰᠣᠨᠣᠰᠤᠭᠠᠳ ᠪᠤᠲᠠᠨ ᠳᠡᠭᠡᠷ᠎ᠡ ᠪᠡᠨ ᠭᠠᠷᠲᠠᠯ᠎ᠠ᠂ ᠤᠲᠤᠵᠤ ᠪᠠᠢᠭᠰᠠᠨ ᠦᠨᠡᠭᠡ ᠲᠡᠭᠦᠨ ᠢ᠋ ᠪᠠᠷᠢᠭᠠᠳ ᠠᠮᠠᠨ ᠳ᠋ᠤ᠌ ᠪᠠᠨ ᠬᠢᠴᠢᠬᠡᠪᠡ᠃
ᠠᠯᠲᠠᠨ ᠭᠤᠷᠭᠤᠤᠯᠳᠠᠢ ᠳᠠᠭᠤ ᠦᠭᠡᠢ ᠪᠠᠢᠭᠰᠠᠨ  ᠵᠢᠨᠨ᠄《ᠠᠩᠭᠠᠷ ᠠᠩᠭᠠᠷ ᠭᠡᠵᠦ ᠢᠳᠡᠪᠡᠯ ᠠᠮᠲᠠᠲᠠᠢ ᠪᠠᠢᠳᠠᠭ ᠰᠠᠨ᠂ ᠥᠮᠥᠷ ᠥᠮᠥᠷ ᠭᠡᠵᠦ ᠢᠳᠡᠬᠦ ᠴᠢᠨᠢ ᠦᠮᠡᠬᠡᠢ ᠪᠣᠯᠳᠠᠭ ᠶᠤᠮ ᠭᠡᠰᠡᠨ》ᠭᠡᠵᠦ ᠬᠡᠯᠡᠭᠰᠡᠨ ᠳ᠋ᠦ᠍᠂ᠵᠠᠯᠢᠲᠤ ᠰᠢᠷ᠎ᠠ ᠦᠨᠡᠭᠡ ᠠᠩᠭᠠᠷ ᠠᠩᠭᠠᠷ ᠭᠡᠵᠦ ᠪᠠᠢᠭᠠᠳ ᠠᠮᠠᠨ ᠠ᠋ᠴᠠ ᠪᠠᠨ ᠣᠭᠣᠲᠣᠨ᠎ᠠ ᠪᠠᠨ ᠭᠠᠷᠭᠠᠭᠠᠳ ᠠᠯᠳᠠᠴᠢᠬᠠᠵᠠᠢ᠃
  ᠵᠠᠯᠢᠲᠤ ᠰᠢᠷᠭᠠᠯ ᠦᠨᠡᠭᠡ ᠣᠭᠣᠲᠣᠨ᠎ᠠ ᠶ᠋ᠢᠨ ᠬᠣᠢᠨ᠎ᠠ ᠠ᠋ᠴᠠ ᠬᠥᠭᠡᠭᠡᠭᠰᠡᠨ ᠳ᠋ᠦ᠍᠂ ᠣᠭᠣᠲᠣᠨ᠎ᠠ ᠮᠥᠰᠥᠨ ᠳᠡᠭᠡᠭᠦᠷ ᠭᠠᠷᠬᠤ ᠳ᠋ᠤ᠌ ᠪᠠᠨ ᠬᠠᠮᠠᠷ  ᠵᠢᠨᠷ ᠵᠢᠨᠨ ᠰᠦᠬᠡᠯᠡᠨ ᠤᠨᠠᠴᠢᠬᠠᠵᠠᠢ ᠭᠡᠨ᠎ᠡ᠃ ᠲᠡᠭᠡᠲᠡᠯ᠎ᠡ ᠮᠥᠰᠥᠨ ᠳᠡᠭᠡᠷ᠎ᠡ ᠬᠠᠮᠠᠷ ᠠ᠋ᠴᠠ ᠨᠢ ᠦᠯᠦ ᠢᠯᠠᠬᠤ ᠴᠢᠰᠤ ᠲᠤᠰᠤᠴᠢᠬᠠᠪᠠ᠃《ᠦᠨᠡᠭᠡ ᠭᠤᠸᠠᠢ ᠦᠨᠡᠭᠡ ᠭᠤᠸᠠᠢ ᠳᠣᠯᠢᠶᠠᠭᠠᠷᠠᠢ》ᠭᠡᠵᠦ ᠠᠯᠲᠠᠨ ᠭᠤᠷᠭᠤᠤᠯᠳᠠᠢ ᠬᠡᠯᠡᠭᠰᠡᠨ ᠳ᠋ᠦ᠍᠂ ᠦᠨᠡᠭᠡ ᠳᠣᠯᠢᠶᠠᠭᠠᠳ ᠣᠷᠬᠢᠲᠠᠯ᠎ᠠ᠂ ᠬᠡᠯᠡ ᠨᠢ ᠮᠥᠰᠥᠨ ᠳ᠋ᠦ᠍ ᠨᠠᠭᠠᠯᠳᠤᠴᠢᠬᠠᠵᠠᠢ᠃
  ᠣᠭᠣᠲᠣᠨ᠎ᠠ ᠭᠤᠷᠭᠤᠤᠯᠳᠠᠢ ᠬᠣᠶᠠᠷ ᠣᠷᠣᠨ ᠪᠠᠢᠷᠢᠨ ᠳ᠋ᠤ᠌ ᠪᠠᠨ ᠣᠴᠢᠵᠤ᠂ᠠᠮᠤᠷ ᠵᠢᠮᠦᠷ ᠲᠤᠬᠠᠯᠠᠬᠤ ᠳ᠋ᠤ᠌᠂ ᠣᠷᠣ ᠭᠠᠭᠴᠠᠭᠠᠷ  ᠵᠢᠨᠨ ᠵᠣᠪᠠᠭᠰᠠᠨ ᠦᠨᠡᠭᠡ ᠤᠷᠢᠯᠠᠭᠰᠠᠭᠠᠷ ᠬᠣᠴᠣᠷᠴᠠᠢ ᠭᠡᠨ᠎ᠡ᠃