ᠬᠦᠯᠦᠭ ᠮᠢᠨᠢ ᠰᠢᠯᠦᠭ ᠯᠠ ᠶᠤᠮ ᠳ᠋ᠠ – ᠶᠣᠨᠳᠣᠨ ᠤ ᠪᠢᠯᠢᠭ᠌ - ᠪᠠᠭᠠᠲᠤᠷ Хүлэг минь шүлэг л юм даа –Ёндоны Билиг - Баатар
ᠬᠥᠯᠥᠭ ᠮᠢᠨᠢ ᠰᠢᠯᠦᠭ ᠯᠠ ᠶᠤᠮ ᠳ᠋ᠠ
ᠬᠥᠮᠥᠨ ᠦ ᠨᠤᠲᠤᠭ ᠠᠢᠯ ᠤᠨ ᠪᠡᠯᠴᠢᠭᠡᠷ ᠲᠦ
ᠬᠥᠯᠥᠭ ᠮᠢᠨᠢ ᠰᠢᠯᠦᠭᠯᠡᠭᠡᠳ ᠭᠣᠷᠢ ᠦᠭᠡᠢ
ᠳᠠᠰᠤᠷᠬᠠᠢ᠂ ᠳᠡᠩᠳᠡᠭᠦᠦ ᠳᠠᠰᠤᠷᠬᠠᠢ ᠲᠥᠷᠥᠭᠰᠡᠨ
ᠲᠠᠨᠢᠯᠴᠠᠭᠠᠳᠤᠢ ᠥᠬᠢᠳ ᠨᠢ ᠮᠤᠨᠳᠠᠭ ᠪᠠᠢᠭᠰᠠᠨ
ᠰᠣᠴᠢᠮᠠᠭ ᠲᠦᠷᠭᠡᠨ ᠨᠠᠢᠵᠠᠯᠠᠭᠰᠠᠨ ᠤ ᠰᠢᠯᠲᠠᠭᠠᠨ
ᠰᠣᠬᠣᠷ ᠰᠥᠨᠢ ᠪᠡᠷ ᠱᠠᠯ ᠰᠣᠭᠲᠣᠭᠰᠠᠨ ᠤᠴᠢᠷ
ᠰᠣᠨᠢᠨ ᠭᠠᠢᠬᠠᠮᠰᠢᠭ ᠢ ᠨᠢ ᠰᠣᠨᠢᠷᠬᠠᠭᠰᠠᠨ ᠵᠣᠯ
ᠰᠣᠯᠢᠭᠠᠢ ᠵᠥᠪ ᠨᠠᠷᠭᠢᠯᠳᠤᠭᠰᠠᠨ ᠤ ᠦᠢᠯᠡ᠃
ᠢᠷᠠᠭᠤ ᠨᠠᠢᠷᠠᠭᠴᠢ ᠠᠨᠳᠠᠰ ᠲᠠᠢ ᠪᠠᠨ ᠯᠠ
ᠢᠷᠭᠤᠢ ᠶᠢᠨ ᠴᠣᠮᠣᠷᠯᠢᠭ ᠢ ᠳᠡᠯᠭᠡᠭᠰᠡᠨ ᠳ᠋ᠸ
ᠭᠣᠢᠳᠠ ᠴᠢᠭᠢᠭᠯᠢᠭ ᠴᠡᠴᠡᠭ ᠦᠨ ᠠᠮᠲᠠ
ᠭᠣᠯᠣᠮᠲᠠ ᠨᠤᠲᠤᠭ ᠢ ᠮᠢᠨᠢ ᠲᠠᠭ ᠮᠠᠷᠲᠠᠭᠤᠯᠵᠠᠢ
ᠥᠷᠥᠭᠡᠯ ᠦᠨ ᠠᠭᠠᠷ ᠰᠠᠯᠬᠢ ᠰᠡᠪᠡᠯᠵᠡᠭᠡᠳ ᠯᠠ
ᠥᠷᠥᠴᠡ ᠰᠡᠳᠬᠢᠯ ᠢ ᠠᠷᠢᠭᠤᠰᠬᠠᠬᠤ ᠰᠠᠢᠬᠠᠨ
ᠥᠪᠥᠷ ᠮᠣᠩᠭᠣᠯ ᠤᠨ ᠮᠢᠨᠢ ᠥᠷᠭᠡᠨ ᠨᠤᠲᠤᠭ
ᠥᠭᠡᠷ᠎ᠡ ᠮᠤᠵᠢ ᠠᠴᠠ ᠨᠢᠭᠡ ᠯᠠ ᠣᠨᠳᠣᠣ
ᠭᠠᠵᠠᠷ ᠰᠢᠷᠣᠢ ᠨᠢ ᠡᠭᠡᠭᠡ ᠯᠠ ᠲᠣᠷᠭ᠎ᠠ!
ᠭᠠᠩ ᠬᠠᠭᠤᠷᠠᠢ ᠴᠦ᠍ ᠰᠦᠨ ᠪᠣᠷᠣᠭ᠎ᠠ ᠲᠠᠢ!
ᠭᠠᠳᠠᠭᠠᠳᠤ ᠲᠣᠲᠣᠭᠠᠳᠤ ᠪᠠᠷ ᠣᠯᠠᠨ ᠶᠠᠪᠤᠯ᠎ᠠ
ᠭᠠᠭᠴᠠᠬᠠᠨ ᠨᠤᠲᠤᠭ ᠯᠠ ᠥᠯᠥᠭᠡᠢ ᠪᠠᠢᠯ᠎ᠠ
ᠬᠥᠮᠥᠨ ᠦ ᠨᠤᠲᠤᠭ ᠯᠠ ᠭᠡᠬᠦ ᠡᠴᠡ ᠳ᠋ᠠ
ᠬᠥᠬᠡ ᠮᠣᠩᠭᠣᠯ ᠣᠷᠣᠨ ᠪᠦᠭᠦᠳᠡ ᠮᠢᠨᠦᠬᠢ
ᠰᠢᠯᠦᠭ ᠮᠢᠨᠢ ᠣᠩᠭᠣᠳ ᠮᠢᠨᠢ ᠣᠢ ᠮᠢᠨᠢ
ᠤᠷᠤᠰᠤᠮ᠎ᠠ ᠵᠢᠷᠣᠭ᠎ᠠ ᠪᠠᠢᠳᠠᠭ ᠤᠨ ᠰᠢᠯᠲᠠᠭ
ᠬᠥᠯᠥᠭ ᠮᠢᠨᠢ ᠦᠦᠷᠰᠡᠬᠦ ᠪᠡᠷ ᠢᠶᠡᠨ ᠪᠦᠷ
ᠤᠶᠠᠷᠠᠨ ᠤᠶᠠᠩᠭᠠᠯᠠᠭᠠᠳ ᠪᠠᠢᠭᠰᠠᠨ ᠤ ᠬᠢ᠃
ᠬᠥᠯᠥᠭ ᠰᠢᠯᠦᠭ ᠴᠣᠭ ᠬᠥᠷᠪᠡᠭᠡᠭᠰᠡᠨ ᠭᠠᠵᠠᠷ
ᠬᠥᠬᠡ ᠢᠷᠭᠤᠢ ᠨᠠᠢᠷᠠᠭ ᠢᠶᠠᠷ ᠮᠢᠰᠢᠶᠡᠳᠡᠭ
ᠬᠥᠨᠥᠭ ᠲᠠᠢ ᠠᠢᠷᠠᠭ ᠢᠷᠠᠭᠤ ᠡᠭᠡᠰᠢᠭᠯᠡᠳᠡᠭ
ᠬᠡᠦᠬᠡᠳ ᠭᠥᠯᠥᠭᠡ ᠬᠠᠮᠲᠤ ᠥᠰᠳᠡᠭ ᠳ᠋ᠸ
ᠬᠥᠭᠡᠷᠦᠬᠦᠢ ᠳ᠋ᠧ ᠭᠡᠬᠦ ᠭᠠᠭᠴᠠᠬᠠᠨ ᠯᠠ
ᠬᠥᠩᠭᠡᠨ ᠤᠩᠰᠢᠯᠭ᠎ᠠ ᠲᠠᠷᠨᠢ ᠲᠠᠢ
ᠬᠥᠭᠰᠢᠳ ᠡᠪᠦᠭᠡᠳ ᠯᠠ ᠶᠣᠰᠣᠲᠠᠢ
ᠬᠥᠭᠡᠷᠦᠬᠦᠢ ᠰᠠᠢᠬᠠᠨ ᠴᠡᠩᠬᠡᠳᠡᠭ ᠳ᠋ᠸ ᠡ
ᠬᠥᠯᠥᠭ ᠮᠢᠨᠢ ᠰᠢᠯᠦᠭ ᠯᠠ ᠶᠤᠮ ᠳ᠋ᠸ
ᠰᠢᠯᠦᠭ ᠮᠢᠨᠢ ᠰᠠᠨᠰᠠᠷ ᠯᠠ ᠶᠤᠮ ᠳ᠋ᠸ
ᠰᠠᠨᠰᠠᠷ ᠮᠢᠨᠢ ᠬᠣᠨᠣᠭ ᠪᠤᠳᠠᠭᠠᠨ ᠤ ᠠᠶᠠᠭ᠎ᠠ
ᠬᠥᠮᠥᠨ ᠲᠥᠷᠥᠯᠬᠢᠲᠡᠨ ᠦ ᠰᠢᠨ᠎ᠡ ᠵᠠᠶᠠᠭ᠎ᠠ
ᠰᠣᠯᠣᠩᠭᠠᠨ ᠬᠥᠯᠥᠭ ᠪᠣᠯ ᠢᠷᠠᠭᠤ ᠨᠠᠢᠷᠠᠭ ᠶᠤᠮ
ᠰᠥᠨᠢ ᠶᠢᠨ ᠫᠠᠳ ᠬᠠᠷᠠᠩᠭᠤᠢ ᠳᠦ ᠰᠠᠴᠤᠷᠠᠳᠠᠭ
ᠰᠦᠨᠡᠰᠦᠨ ᠦ ᠴᠢᠯᠦᠭᠡᠲᠦ ᠬᠢᠵᠠᠭᠠᠷ ᠢ ᠲᠡᠯᠡᠳᠡᠭ
ᠰᠣᠯᠢᠶᠠᠷᠠᠬᠤ ᠲᠠᠢ ᠪᠠᠷᠤᠭ ᠳᠦᠰᠦᠭᠡᠲᠡᠢ ᠶᠤᠮ᠃
2024᠂ 4᠂ 7᠃ ᠦᠳᠡ ᠡᠮᠦᠨ᠎ᠡ᠃
ᠤᠷᠳᠤᠰ ᠬᠣᠲᠠᠨ᠎ᠠ ᠭᠢᠯᠠᠰ ᠪᠦᠲᠦᠭᠡᠪᠡᠢ᠃
