ᠬᠡᠯᠡ ᠶᠠᠷᠢᠶᠠᠨ ᠤ᠋ ᠣᠷᠴᠢᠨ ᠢ᠋ᠶ᠋ᠠᠨ ᠴᠡᠪᠡᠷᠰᠢᠭᠦᠯᠦᠶ᠎ᠡ-ᠳᠤᠯᠠᠭᠠᠨХэл ярины орчноо цэвэршүүлье-Дулаа
ᠬᠡᠯᠡ ᠶᠠᠷᠢᠶᠠᠨ ᠤ᠋ ᠣᠷᠴᠢᠨ ᠢ᠋ᠶ᠋ᠠᠨ ᠴᠡᠪᠡᠷᠰᠢᠭᠦᠯᠦᠶ᠎ᠡ
ᠳᠤᠯᠠᠭᠠᠨ
ᠵᠠ᠂ ᠰᠠᠢᠨ ᠪᠠᠢᠴᠠᠭᠠᠨ᠎ᠠ ᠤᠤ? ᠰᠠᠢᠬᠠᠨ ᠨᠠᠮᠤᠷᠵᠢᠵᠤ ᠪᠠᠢᠨ᠎ᠠ ᠤᠤ? ᠪᠣᠷᠣᠭᠠᠨ ᠲᠠᠢ ᠦᠳᠡᠰᠢ ᠶ᠋ᠢᠨ ᠮᠡᠨᠳᠦ ᠶ᠋ᠢ ᠬᠦᠷᠭᠡᠵᠦ ᠪᠠᠢᠨ᠎ᠠ!
ᠳᠠᠷᠬᠠᠨ ᠮᠤᠤᠮᠢᠩᠭᠠᠨ ᠤ᠋ ᠪᠣᠷᠣᠭᠴᠢᠨ ᠵᠢᠯᠠᠭ᠎ᠠ ᠭᠡᠳᠡᠭ ᠭᠠᠵᠠᠷ ᠠ᠋ᠴᠠ ᠶᠠᠷᠢᠵᠤ ᠪᠠᠢᠨ᠎ᠠ᠂ ᠡᠨᠳᠡ ᠨᠢᠭᠡ ᠵᠦᠢᠯ ᠢ᠋ ᠲᠣᠳᠣᠷᠬᠠᠢᠯᠠᠵᠤ᠂ ᠥᠪᠡᠷ ᠦ᠋ᠨ ᠦᠵᠡᠯ ᠪᠣᠳᠣᠯ ᠢ᠋ᠶ᠋ᠠᠨ ᠢᠯᠡᠷᠬᠡᠢᠯᠡᠬᠦ ᠭᠡᠰᠡᠨ ᠶᠦᠮ᠃ ᠣᠳᠣ ᠣᠨᠴᠠᠭᠠᠢᠯᠠᠨ ᠦᠭᠡ ᠬᠡᠯᠡᠨ ᠦ᠌ ᠲᠠᠯ᠎ᠠ ᠳᠡᠭᠡᠷ᠎ᠡ ᠶᠡᠷᠦᠩᠬᠡᠢ ᠳ᠋ᠦ᠍ ᠪᠡᠨ ᠣᠳᠣ ᠮᠣᠩᠭᠣᠯ ᠢ᠋ᠶ᠋ᠠᠷ ᠢ᠋ᠶ᠋ᠠᠨ ᠶᠠᠷᠢᠵᠤ ᠪᠠᠷᠢᠮᠲᠠᠯᠠᠵᠤ ᠪᠠᠢᠭ᠎ᠠ ᠣᠳᠣ ᠪᠢᠳᠡ ᠮᠡᠲᠦ ᠶ᠋ᠢᠨ ᠬᠡᠰᠡᠭ ᠪᠦᠯᠦᠭ ᠬᠥᠮᠦᠰ ᠪᠠᠢᠳᠠᠭ᠃ ᠡᠭᠦᠨ ᠢ᠋ ᠪᠡᠨ ᠬᠥᠮᠦᠰ ᠶᠡᠬᠡ ᠱᠣᠭᠯᠠᠳᠠᠭ᠄《ᠴᠢ ᠯᠡ ᠨᠢᠭᠡ ᠮᠣᠩᠭᠣᠯ ᠪᠣᠯᠴᠢᠬᠠᠵᠠᠢ᠂ ᠣ᠁ ᠪᠢᠲᠡᠭᠡᠢ ᠨᠢᠭᠡ ᠮᠠᠶᠢᠭᠯᠠᠭᠠᠳ ᠪᠠᠢ!》 ᠭᠡᠵᠦ ᠲᠡᠭᠡᠭᠡᠳ ᠶᠡᠬᠡ ᠬᠡᠯᠡᠳᠡᠭ᠃ ᠣᠳᠣ ᠪᠢᠳᠡ ᠡᠨᠡ ᠤᠳᠠᠭᠠᠨ ᠤ᠋ ᠡᠨᠡ ᠬᠠᠯᠠᠮᠰᠢᠯ ᠠᠰᠠᠭᠤᠳᠠᠯ ᠳᠡᠭᠡᠷ᠎ᠡ ᠣᠳᠣ ᠢᠩᠭᠢᠬᠦ ᠪᠡᠨ ᠪᠦᠭᠦᠳᠡᠭᠡᠷ ᠢ᠋ᠶ᠋ᠡᠨ ᠪᠣᠯᠢᠶ᠎ᠠ!
ᠬᠥᠮᠦᠨ ᠪᠦᠬᠦᠨ ᠪᠠᠷᠢᠮᠲᠠᠯᠠᠶ᠎ᠠ᠂ ᠨᠢᠭᠡ ᠦᠭᠡ ᠨᠢᠭᠡ ᠥᠭᠦᠯᠡᠪᠦᠷᠢ ᠡᠴᠡ ᠡᠬᠢᠯᠡᠵᠦ ᠣᠳᠣ ᠬᠤᠪᠢᠷᠠᠭᠠᠵᠠᠭᠠᠶᠠ᠃ ᠶᠠᠭᠠᠬᠢᠭᠠᠳ ᠭᠡᠪᠡᠯ ᠪᠢᠳᠡ ᠨᠠᠷ ᠤ᠋ᠨ ᠬᠡᠯᠡ ᠪᠠᠶᠠᠯᠢᠭ ᠲᠠᠩᠰᠤᠭ ᠭᠡᠵᠦ ᠶᠠᠷᠢᠳᠠᠭ᠃ ᠲᠡᠢᠮᠦ ᠡᠴᠡ ᠪᠣᠯ ᠲᠠᠩᠰᠤᠭ ᠢ᠋ ᠨᠢ ᠪᠢᠳᠡ ᠦᠵᠡᠭᠦᠯᠬᠦ ᠬᠡᠷᠡᠭᠲᠡᠢ! ᠠ᠂ ᠵᠥᠪᠬᠡᠨ ᠨᠣᠮ ᠳᠡᠭᠡᠷ᠎ᠡ ᠲᠠᠩᠰᠤᠭ ᠪᠠᠢᠭᠰᠠᠨ᠂ ᠲᠡᠦᠬᠡᠨ ᠳ᠋ᠦ᠍ ᠲᠠᠩᠰᠤᠭ ᠪᠠᠢᠭᠰᠠᠨ ᠭᠡᠵᠦ ᠪᠣᠯᠬᠤ ᠦᠭᠡᠢ᠂ ᠦᠶ᠎ᠡ ᠶ᠋ᠢᠨ ᠦᠶ᠎ᠡ ᠳ᠋ᠦ᠍ ᠲᠠᠩᠰᠤᠭ ᠪᠠᠢᠵᠤ ᠰᠠᠶᠢ ᠡᠨᠡ ᠬᠡᠯᠡ ᠲᠠᠩᠰᠤᠭ ᠪᠠᠢᠵᠤ ᠴᠢᠳᠠᠬᠤ ᠪᠣᠯᠤᠨ᠎ᠠ᠃ ᠣᠳᠣ ᠨᠢᠭᠡ ᠨᠢ ᠭᠠᠵᠠᠷ ᠣᠷᠣᠨ ᠤ᠋ ᠠᠶᠠᠯᠭ᠎ᠠ ᠶᠡᠬᠡ ᠣᠯᠠᠨ ᠪᠠᠢᠳᠠᠭ᠃ ᠲᠡᠭᠡᠭᠡᠳ ᠪᠡᠶ᠎ᠡ ᠪᠡᠶ᠎ᠡ ᠪᠡᠨ ᠱᠣᠭᠯᠠᠬᠤ ᠦᠭᠡᠢ᠂ ᠪᠡᠶ᠎ᠡ ᠪᠡᠶ᠎ᠡ ᠳ᠋ᠦ᠍ ᠪᠡᠨ ᠤᠷᠮ᠎ᠠ ᠥᠭᠭᠦᠨ᠎ᠡ᠃ ᠡᠨᠡ ᠳᠣᠲᠣᠷ᠎ᠠ ᠣᠨᠴᠠᠭᠠᠢᠯᠠᠨ ᠮᠠᠨ ᠤ᠋ ᠬᠣᠷᠴᠢᠨ ᠮᠣᠩᠭᠣᠯᠴᠤᠳ ᠲᠤ ᠪᠠᠨ ᠪᠢᠳᠡ ᠣᠳᠣ ᠤᠷᠮ᠎ᠠ ᠥᠭᠬᠦ ᠬᠡᠷᠡᠭᠲᠡᠢ᠃ ᠬᠣᠷᠴᠢᠨ ᠤ᠋ ᠮᠣᠩᠭᠣᠯᠴᠤᠳ ᠮᠠᠨᠢ ᠴᠤ᠌ ᠭᠡᠰᠡᠨ ᠪᠡᠶ᠎ᠡ ᠳ᠋ᠦ᠍ ᠪᠡᠨ ᠢᠲᠡᠭᠡᠯ ᠲᠡᠢ᠂ ᠨᠤᠲᠤᠭ ᠣᠷᠣᠨ ᠤ᠋ ᠪᠠᠨ ᠠᠶᠠᠯᠭ᠎ᠠ ᠲᠠᠢ ᠪᠠᠷ ᠢ᠋ᠶ᠋ᠠᠨ ᠮᠣᠩᠭᠣᠯ ᠢ᠋ᠶ᠋ᠠᠷ ᠢ᠋ᠶ᠋ᠠᠨ ᠶᠠᠷᠢᠵᠤ ᠪᠠᠷᠢᠮᠲᠠᠯᠠᠶ᠎ᠠ᠂ ᠢᠩᠭᠢᠪᠡᠯ ᠪᠢᠳᠡ ᠰᠠᠶᠢ ᠣᠯᠠᠭᠤᠯᠠ ᠪᠠᠨ ᠪᠣᠯᠵᠤ ᠴᠢᠳᠠᠨ᠎ᠠ᠃
ᠰᠠᠢᠨ ᠤᠤ ᠭᠡᠵᠦ ᠲᠠᠨ ᠲᠠᠢ ᠮᠠᠨᠳᠤᠯᠠᠶᠠ᠂
ᠰᠠᠢᠨ ᠭᠡᠰᠡᠨ ᠬᠠᠷᠢᠭᠤ ᠶ᠋ᠢ ᠲᠠᠨᠢ ᠰᠣᠨᠣᠰᠤᠶ᠎ᠠ᠂
ᠢᠩᠭᠢᠵᠦ ᠠᠭᠤᠯᠵᠠᠭᠰᠠᠨ ᠬᠣᠶᠠᠷ ᠬᠥᠮᠦᠨ ᠢ᠋᠂
ᠡᠨᠡ ᠳᠡᠯᠡᠬᠡᠢ ᠮᠣᠩᠭᠣᠯ ᠭᠡᠳᠡᠭ ᠶᠦᠮ᠂
ᠢᠩᠭᠢᠵᠦ ᠬᠡᠯᠡᠭᠰᠡᠨ ᠬᠣᠶᠠᠷᠬᠠᠨ ᠦᠭᠡ ᠶ᠋ᠢ ᠴᠦ᠍᠂
ᠡᠨᠡ ᠳᠡᠯᠡᠬᠡᠢ ᠮᠣᠩᠭᠣᠯ ᠭᠡᠳᠡᠭ ᠶᠦᠮ ᠠ᠋᠃
ᠶᠡᠷᠦ ᠨᠢ ᠡᠬᠡ ᠬᠡᠯᠡᠨ ᠦ᠌ ᠲᠠᠯ᠎ᠠ ᠳ᠋ᠤ᠌ ᠪᠢᠳᠡᠨ ᠦ᠌ ᠬᠢᠵᠦ ᠴᠢᠳᠠᠬᠤ ᠠᠵᠢᠯ ᠮᠠᠨᠢ ᠶᠠᠭᠤ ᠪᠠᠢᠨ᠎ᠠ ᠪᠣᠢ ᠭᠡᠬᠦ ᠪᠡᠷ ᠣᠳᠣ ᠠ᠋ᠴᠠ ᠪᠠᠨ ᠡᠬᠢᠯᠡᠵᠦ᠂ ᠰᠠᠨᠠᠭᠰᠠᠨ ᠴᠠᠭ ᠠ᠋ᠴᠠ ᠪᠠᠨ ᠡᠬᠢᠯᠡᠭᠡᠳ ᠬᠥᠮᠦᠨ ᠪᠦᠬᠦᠨ ᠡᠬᠡ ᠪᠣᠯᠤᠭᠰᠠᠨ ᠮᠣᠩᠭᠣᠯ ᠬᠡᠯᠡ ᠪᠡᠷ ᠢ᠋ᠶ᠋ᠡᠨ ᠬᠣᠯᠢᠴᠠ ᠦᠭᠡᠢ ᠶᠠᠷᠢᠬᠤ᠂ ᠡᠭᠦᠨ ᠦ᠌ ᠰᠠᠭᠤᠷᠢᠨ ᠳᠡᠭᠡᠷ᠎ᠡ ᠪᠤᠰᠤᠳ ᠬᠡᠯᠡ ᠶ᠋ᠢ ᠪᠠᠰᠠ ᠬᠣᠯᠢᠴᠠ ᠦᠭᠡᠢ ᠰᠠᠢᠬᠠᠨ ᠶᠠᠷᠢᠬᠤ᠂ ᠰᠤᠷᠬᠤ ᠶᠡᠬᠡ ᠴᠢᠬᠤᠯᠠ ᠪᠠᠢᠨ᠎ᠠ᠃
ᠰᠤᠷᠬᠤ ᠪᠠᠷ ᠵᠡᠪᠰᠡᠭᠯᠡᠭᠰᠡᠨ ᠨᠢᠭᠡ ᠦᠨᠳᠦᠰᠦᠲᠡᠨ ᠦ᠌ ᠢᠷᠡᠭᠡᠳᠦᠢ ᠮᠠᠰᠢ ᠴᠢᠬᠤᠯᠠ ᠪᠠᠢᠭ᠎ᠠ᠂ ᠢᠩᠭᠢᠭᠡᠳ ᠮᠢᠩᠭᠠᠨ ᠰᠤᠷᠤᠭᠴᠢ ᠲᠠᠢ ᠰᠤᠷᠭᠠᠭᠤᠯᠢ ᠭᠡᠬᠦ ᠳ᠋ᠦ᠍ ᠠᠢᠯ ᠪᠣᠯᠭᠠᠨ ᠮᠣᠩᠭᠣᠯ ᠢ᠋ᠶ᠋ᠠᠷ ᠢ᠋ᠶ᠋ᠠᠨ ᠶᠠᠷᠢᠭᠠᠳ᠂ ᠮᠢᠩᠭᠠᠨ ᠠᠢᠯ ᠪᠦᠭᠦᠳᠡᠭᠡᠷ ᠢ᠋ᠶ᠋ᠡᠨ ᠮᠣᠩᠭᠣᠯ ᠢ᠋ᠶ᠋ᠠᠷ ᠢ᠋ᠶ᠋ᠠᠨ ᠶᠠᠷᠢᠬᠤ ᠶ᠋ᠢ ᠪᠠᠷᠢᠮᠲᠠᠯᠠᠵᠤ ᠢᠷᠡᠬᠦ ᠦᠶ᠎ᠡ ᠳ᠋ᠦ᠍ ᠮᠢᠩᠭᠠᠨ ᠰᠤᠷᠤᠭᠴᠢ ᠲᠠᠢ ᠰᠤᠷᠭᠠᠭᠤᠯᠢ ᠬᠡᠯᠡ ᠶᠠᠷᠢᠶᠠᠨ ᠤ᠋ ᠣᠷᠴᠢᠨ ᠴᠡᠪᠡᠷᠰᠢᠬᠦ ᠪᠣᠯᠤᠨ᠎ᠠ᠃
ᠡᠭᠦᠨ ᠳ᠋ᠦ᠍ ᠪᠣᠯ ᠬᠥᠮᠦᠨ ᠪᠦᠬᠦᠨ ᠬᠠᠷᠢᠭᠤᠴᠠᠯᠭ᠎ᠠ ᠲᠠᠢ ᠪᠢᠳᠡ ᠬᠢᠵᠦ ᠴᠢᠳᠠᠬᠤ ᠠᠵᠢᠯ ᠢ᠋ᠶ᠋ᠠᠨ ᠬᠢᠵᠡᠭᠡᠶ᠎ᠡ᠂ ᠬᠠᠤᠯᠢ ᠵᠦᠢ᠂ ᠡᠷᠬᠡ ᠵᠦᠢ ᠶ᠋ᠢᠨ ᠬᠦᠷᠢᠶ᠎ᠡ ᠬᠡᠪᠴᠢᠶᠡᠨ ᠳ᠋ᠦ᠍ ᠥᠪᠡᠷ ᠦ᠋ᠨ ᠡᠷᠬᠡ ᠠᠰᠢᠭ ᠢ᠋ᠶ᠋ᠠᠨ ᠬᠠᠮᠠᠭᠠᠯᠠᠶ᠎ᠠ᠂ ᠥᠪᠡᠷ ᠦ᠋ᠨ ᠪᠡᠶ᠎ᠡ ᠡᠴᠡ ᠪᠡᠨ ᠡᠬᠢᠯᠡᠶ᠎ᠡ᠃
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠳᠠᠭᠴᠢ᠄ ᠮᠥᠩᠬᠡ ᠭᠠᠯ
ᠬᠢᠨᠠᠭᠴᠢ᠄ ᠪᠠᠶᠠᠷᠴᠡᠴᠡᠭ᠂ ᠬᠦᠳᠡᠷᠪᠣᠯᠤᠳ
