1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠷᠣᠨ ᠤ ᠪᠠᠢᠭᠠᠯᠢ ᠶᠢᠨ ᠭᠠᠢᠬᠠᠮᠰᠢᠭ ᠰᠡᠳᠦᠪᠴᠢᠯᠡᠭᠰᠡᠨ ᠵᠢᠷᠤᠭᠲᠤ ᠯᠠᠪᠯᠠᠬᠤ01Монгол орны байгалийн гайхамшиг

ᠮᠣᠩᠭᠣᠯ ᠣᠷᠣᠨ ᠤ ᠪᠠᠢᠭᠠᠯᠢ ᠶᠢᠨ ᠭᠠᠢᠬᠠᠮᠰᠢᠭ ᠰᠡᠳᠦᠪᠴᠢᠯᠡᠭᠰᠡᠨ ᠵᠢᠷᠤᠭᠲᠤ ᠯᠠᠪᠯᠠᠬᠤ01Монгол орны байгалийн гайхамшиг

ᠠᠩᠭᠢᠯᠠᠯ:ᠪᠠᠢᠭᠠᠯᠢ
2024-06-15

597

ᠮᠣᠩᠭᠣᠯ ᠣᠷᠣᠨ ᠤ ᠪᠠᠢᠭᠠᠯᠢ ᠶᠢᠨ ᠭᠠᠢᠬᠠᠮᠰᠢᠭ ᠢᠶᠡᠷ ᠰᠡᠳᠦᠪᠴᠢᠯᠡᠭᠰᠡᠨ ᠵᠢᠷᠤᠭᠲᠤ ᠯᠠᠪᠯᠠᠬᠤ 
ᠮᠣᠩᠭᠣᠯ ᠤ᠋ᠨ ᠨᠤᠲᠤᠭ ᠲᠤ᠌ ᠡᠷᠲᠡ ᠭᠠᠯᠪᠠ ᠶ᠋ᠢᠨ ᠠᠮᠢᠳᠤᠷᠠᠯ ᠤ᠋ᠨ ᠤᠯᠠ ᠮᠥᠷ ᠢ᠋ ᠬᠠᠳᠠᠭᠠᠯᠠᠭᠰᠠᠨ ᠴᠠᠪ ᠲᠣᠯᠤᠭᠠᠢ ᠨᠤᠭᠤᠳ᠂ ᠭᠣᠪᠢ ᠶ᠋ᠢᠨ ᠥᠪᠡᠷᠮᠢᠴᠡ ᠲᠣᠭᠲᠠᠴᠠ᠂ ᠵᠠᠬ᠎ᠠ ᠬᠢᠵᠠᠭᠠᠷ ᠨᠢ ᠦᠯᠦ ᠦᠵᠡᠭᠳᠡᠬᠦ ᠠᠭᠤᠳᠠᠮ ᠲᠠᠯ᠎ᠠ ᠬᠡᠭᠡᠷ᠎ᠡ᠂ ᠲᠦᠩᠬᠦᠢᠨ ᠬᠥᠬᠡᠷᠡᠬᠦ ᠠᠭᠤᠯᠠ ᠨᠢᠷᠤᠭᠤᠳ᠂ ᠴᠡᠯᠡᠯᠵᠡᠨ ᠳᠠᠪᠠᠯᠭᠠᠨᠳᠠᠬᠤ ᠨᠠᠭᠤᠷ ᠴᠥᠭᠥᠷᠥᠮ᠂ ᠱᠤᠤᠭᠢᠨ ᠤᠷᠤᠰᠬᠤ ᠭᠣᠣᠯ ᠮᠥᠷᠡᠨ᠂ ᠨᠢᠭᠤᠴᠠᠯᠢᠭ ᠰᠣᠨᠢᠨ ᠠᠭᠤᠢ ᠬᠣᠩᠭᠢᠯ᠂ ᠡᠷᠦᠬᠡ ᠲᠣᠭᠣᠭ᠎ᠠ ᠭᠡᠳ ᠪᠢᠳᠡᠨ ᠦ᠌ ᠮᠡᠳᠡᠬᠦ ᠬᠢᠭᠡᠳ᠂ ᠦᠯᠦ ᠮᠡᠳᠡᠬᠦ ᠣᠯᠠᠨ ᠵᠠᠭᠤᠨ ᠭᠠᠢᠬᠠᠮ᠎ᠠ ᠰᠣᠨᠢᠨ ᠭᠠᠵᠠᠷ ᠤ᠋ᠳ ᠪᠣᠢ᠃ ᠲᠡᠷᠡ ᠪᠦᠭᠦᠳᠡ ᠶ᠋ᠢ ᠨᠢᠭᠡᠨ ᠯᠠᠪᠯᠠᠬᠤ ᠳ᠋ᠤ᠌ ᠳᠤᠰᠬᠠᠬᠤ ᠪᠣᠯᠤᠯᠴᠠᠭ᠎ᠠ ᠬᠣᠮᠰᠠ ᠤᠴᠢᠷ ᠠ᠋ᠴᠠ ᠠᠯᠢ ᠪᠣᠯᠬᠤ ᠪᠠᠢᠭᠠᠯᠢ ᠶ᠋ᠢᠨ ᠣᠯᠠᠨ ᠬᠡᠪ ᠰᠢᠨᠵᠢ ᠶ᠋ᠢ ᠬᠠᠳᠠᠭᠠᠯᠠᠭᠰᠠᠨ᠂ ᠨᠡᠩ ᠰᠣᠨᠢᠷᠬᠠᠯᠲᠠᠢ ᠭᠠᠵᠠᠷ ᠤ᠋ᠳ ᠤ᠋ᠨ ᠲᠠᠯ᠎ᠠ ᠪᠠᠷ ᠥᠭᠦᠯᠡᠬᠦ ᠶ᠋ᠢ ᠵᠣᠷᠢᠪᠠ᠃ ᠰᠡᠳᠦᠪᠴᠢᠯᠡᠭᠰᠡᠨ ᠵᠢᠷᠤᠭᠲᠤ ᠯᠠᠪᠯᠠᠬᠤ ᠳ᠋ᠤ᠌ ᠨᠡᠢᠲᠡ 100 ᠭᠠᠵᠠᠷ ᠤ᠋ᠨ ᠲᠠᠢᠯᠪᠤᠷᠢ ᠲᠠᠨᠢᠭᠤᠯᠭ᠎ᠠ᠂ 954 ᠭᠡᠷᠡᠯ ᠵᠢᠷᠤᠭ ᠢ᠋ ᠪᠠᠭᠲᠠᠭᠠᠭᠰᠠᠨ ᠪᠣᠯᠤᠨ᠎ᠠ᠃ ᠰᠡᠳᠦᠪᠴᠢᠯᠡᠭᠰᠡᠨ ᠵᠢᠷᠤᠭᠲᠤ ᠯᠠᠪᠯᠠᠬᠤ ᠨᠢ ᠵᠢᠷᠭᠤᠭᠠᠨ ᠪᠦᠯᠦᠭ ᠲᠡᠢ ᠪᠥᠭᠡᠳ ᠲᠠ ᠪᠦᠬᠦᠨ ᠳ᠋ᠦ᠍ 《ᠦᠵᠡᠰᠬᠦᠯᠡᠩᠲᠦ ᠠᠭᠤᠯᠠᠰ》 ᠬᠡᠮᠡᠬᠦ ᠵᠢᠷᠭᠤᠳᠤᠭᠠᠷ ᠪᠦᠯᠦᠭ ᠦ᠋ᠨ ᠲᠣᠪᠴᠢ ᠲᠠᠨᠢᠯᠴᠠᠭᠤᠯᠭ᠎ᠠ ᠶ᠋ᠢ ᠬᠦᠷᠭᠡᠵᠦ ᠪᠠᠢᠨ᠎ᠠ᠃