ᠦᠵᠡᠭᠳᠡᠭᠡ ᠦᠭᠡᠢ ᠶᠠᠭᠤᠮ᠎ᠠ- ᠳ· ᠨᠠᠴᠤᠭᠳᠣᠷᠵᠢҮзэгдээгүй юм-Д.Нацагдорж
ᠳ ·ᠨᠠᠴᠤᠭᠳᠣᠷᠵᠢ
ᠬᠠᠩᠭᠠᠢ ᠶ᠋ᠢᠨ ᠰᠠᠢᠬᠠᠨ ᠨᠢᠷᠤᠭᠤᠨ ᠠ᠋ᠴᠠ ᠭᠠᠷᠤᠭᠰᠠᠨ ᠢᠳᠡᠷ ᠦ᠋ᠨ ᠰᠠᠢᠬᠠᠨ ᠭᠣᠣᠯ᠂ ᠥᠨᠳᠥᠷ ᠠᠭᠤᠯᠠᠨ ᠠ᠋ᠴᠠ ᠪᠠᠭᠤᠭᠰᠠᠨ ᠲᠤᠯᠠ ᠤᠷᠤᠰᠬᠠᠯ ᠲᠦᠷᠭᠡᠨ ᠲᠦᠷᠭᠡᠨ᠂ ᠪᠠᠰᠠ ᠬᠦ ᠬᠥᠭᠵᠢᠮ ᠮᠡᠲᠦ ᠱᠤᠤᠭᠢᠨ᠎ᠠ᠃ ᠬᠠᠵᠠᠭᠤ ᠳ᠋ᠤᠨᠢ ᠰᠠᠭᠤᠨ ᠴᠢᠩᠨᠠᠬᠤ ᠳ᠋ᠤ᠌ ᠦᠨᠡᠬᠡᠷ ᠲᠠᠭᠠᠯᠠᠮᠵᠢᠲᠠᠢ᠃ ᠬᠥᠮᠦᠨ ᠦ᠌ ᠥᠩᠭᠡᠷᠡᠭᠦᠯᠬᠦ ᠵᠠᠮ ᠶᠠᠮᠠᠷ ᠪᠣᠯᠬᠤ ᠶ᠋ᠢ ᠶᠠᠭᠤᠨ ᠳ᠋ᠤ᠌ ᠤᠷᠢᠳ ᠠ᠋ᠴᠠ ᠲᠠᠢᠯᠪᠤᠷᠢᠯᠠᠵᠤ ᠦᠯᠦ ᠥᠭᠭᠦᠨ᠎ᠡ᠃
ᠡᠨᠡ ᠲᠤᠩᠭᠠᠯᠠᠭ ᠠᠷᠢᠭᠤᠨ ᠮᠥᠷᠡᠨ ᠬᠡᠴᠢᠨᠡᠨ ᠮᠢᠩᠭᠠᠨ ᠵᠢᠯ ᠦ᠋ᠨ ᠲᠤᠷᠰᠢ ᠬᠡᠪ ᠢ᠋ᠶ᠋ᠡᠷ ᠤᠷᠤᠰᠤᠭᠰᠠᠭᠠᠷ ᠪᠠᠢᠲᠠᠯ᠎ᠠ ᠡᠷᠭᠢ ᠳᠠᠭᠠᠤ ᠨᠢ ᠣᠷᠣᠰᠢᠭᠰᠠᠨ ᠶᠣᠰᠣ ᠰᠤᠷᠲᠠᠯ᠂ ᠬᠥᠮᠦᠨ ᠠᠮᠢᠲᠠᠨ ᠤ᠋ ᠲᠡᠦᠬᠡ ᠪᠠᠢᠨ ᠪᠠᠢᠨ ᠬᠤᠪᠢᠯᠤᠭᠰᠠᠭᠠᠷ ᠢᠷᠡᠬᠦ ᠨᠢ ᠲᠡᠮᠡᠴᠡᠭᠡᠨ ᠦ᠌ ᠦᠷ᠎ᠡ ᠶᠤᠮ᠃
ᠣᠷᠴᠢᠨ ᠲᠣᠭᠣᠷᠢᠨ ᠵᠡᠷᠭᠡᠯᠡᠭᠰᠡᠨ ᠠᠭᠤᠯᠠᠰ᠂ ᠪᠡᠷᠬᠡ ᠥᠨᠳᠥᠷ ᠰᠡᠷᠪᠡᠩ ᠬᠠᠳᠠ ᠰᠡᠬᠦᠢᠯᠴᠡᠨ ᠰᠡᠬᠦᠢᠯᠴᠡᠨ ᠰᠦᠷ ᠵᠢᠪᠬᠤᠯᠠᠩ ᠬᠡᠲᠦᠷᠬᠡᠢ᠂ ᠣᠢ ᠰᠢᠭᠤᠢ ᠨᠢᠭᠲᠠ ᠵᠤᠵᠠᠭᠠᠨ᠂ ᠤᠰᠤ ᠪᠤᠯᠠᠭ ᠬᠤᠷᠴᠢᠭᠢᠨᠠᠨ ᠬᠣᠷᠴᠢᠭᠢᠨᠠᠨᠠ᠃ ᠬᠠᠪᠴᠢᠯ ᠬᠠᠳᠠᠨ ᠠ᠋ᠴᠠ ᠠᠰᠬᠠᠬᠤ ᠬᠦᠷᠬᠢᠷ᠎ᠡ ᠴᠥᠮ ᠢ᠋ᠶ᠋ᠡᠷ ᠢᠳᠡᠷ ᠦ᠋ᠨ ᠭᠣᠣᠯ ᠳ᠋ᠤ᠌ ᠴᠢᠳᠬᠤᠬᠤ ᠪᠥᠭᠡᠳ ᠲᠡᠭᠦᠨ ᠦ᠌ ᠴᠡᠩᠬᠡᠷ ᠤᠰᠤᠨ ᠠ᠋ᠴᠠ ᠤᠤᠭᠤᠬᠤ ᠳ᠋ᠤ᠌ ᠳᠣᠲᠣᠷ᠎ᠠ ᠰᠡᠩᠭᠢᠨᠡᠨ ᠰᠡᠷᠭᠦᠨ᠎ᠡ᠃
ᠬᠠᠷᠠᠬᠠᠨ ᠲᠦᠮᠡᠨ ᠪᠣᠳᠠᠰ ᠳᠡᠯᠭᠡᠷᠡᠬᠦ ᠶ᠋ᠢᠨ ᠦᠶᠡᠰ ᠵᠤᠨ ᠤ᠋ ᠲᠡᠷᠢᠭᠦᠨ ᠰᠠᠷ᠎ᠠ ᠶ᠋ᠢᠨ ᠰᠢᠨᠡᠳ ᠢ᠋ᠶ᠋ᠡᠷ ᠳᠣᠷᠣᠨᠠᠲᠤ ᠠᠭᠤᠯᠠ ᠶ᠋ᠢᠨ ᠰᠡᠷᠪᠡᠭᠡ ᠳᠡᠭᠡᠭᠦᠷ᠂ ᠦᠷ ᠦ᠋ᠨ ᠰᠢᠷ᠎ᠠ ᠲᠤᠶᠠᠭ᠎ᠠ ᠭᠡᠭᠡᠷᠡᠨ ᠲᠤᠰᠤᠮᠠᠭᠴᠠ᠂ ᠡᠨᠡᠲᠡᠭᠡ ᠠᠭᠤᠯᠠ ᠶ᠋ᠢᠨ ᠣᠷᠣᠢ ᠳᠡᠭᠡᠷ᠎ᠡ ᠬᠥᠬᠥᠭᠡ ᠰᠢᠪᠠᠭᠤ ᠢᠷᠠᠭᠤᠬᠠᠨ ᠳᠣᠩᠭᠣᠳᠬᠤ ᠳ᠋ᠤ᠌ ᠠᠳᠤᠭᠤ ᠮᠠᠨᠠᠭᠰᠠᠨ ᠬᠥᠮᠦᠨ ᠲᠡᠭᠦᠨ ᠦ᠌ ᠳᠠᠭᠤ ᠶ᠋ᠢ ᠰᠣᠨᠣᠰᠤᠨ ᠪᠡᠶᠡᠰᠴᠦ ᠪᠠᠰᠠ ᠪᠡᠶᠡᠰᠦᠨ ᠰᠣᠨᠣᠰᠤᠨ᠎ᠠ᠃ ᠥᠷᠯᠥᠭᠡᠨ ᠦ᠌ ᠨᠠᠷᠠᠨ ᠣᠷᠬᠢᠨ ᠭᠠᠷᠴᠤ ᠢᠷᠡᠬᠦ ᠳ᠋ᠦ᠍ ᠭᠣᠣᠯ ᠤ᠋ᠨ ᠡᠬᠢᠨ ᠳ᠋ᠡᠬᠢ ᠰᠠᠷᠠᠭᠤᠯ ᠬᠥᠨᠳᠡᠢ ᠬᠡᠷᠡᠯᠳᠦᠵᠦ᠂ ᠠᠷᠢᠭᠤᠨ ᠠᠭᠠᠷ ᠲᠡᠳᠡᠨ ᠦᠨᠡᠬᠡᠷ ᠵᠤᠨ ᠤ᠋ ᠠᠮᠢᠰᠬᠤᠯ ᠠᠩᠬᠢᠯᠬᠤ ᠪᠥᠭᠡᠳ ᠳᠡᠷᠭᠡᠳᠡᠬᠢ ᠴᠡᠴᠡᠭ ᠨᠢᠮᠭᠡᠨ ᠴᠠᠭᠠᠨ ᠬᠢᠷᠠᠭᠤ ᠮᠡᠲᠦ ᠭᠢᠯᠲᠦᠭᠡᠨᠡᠭᠡᠳ ᠲᠡᠷᠲᠡᠭᠡ ᠣᠢ ᠳ᠋ᠤ᠌ ᠨᠣᠭᠣᠭᠠᠨ ᠤ᠋ ᠤᠨᠢᠶᠠᠷ ᠵᠠᠯᠭᠠᠯᠳᠤᠬᠤ ᠨᠢ ᠳᠠᠷᠤᠢ ᠨᠡᠭᠦᠳᠡᠯᠴᠢᠨ ᠮᠠᠯᠴᠢᠨ ᠬᠥᠮᠦᠨ ᠦ᠌ ᠰᠡᠳᠬᠢᠯ ᠢ᠋ ᠬᠥᠳᠡᠯᠭᠡᠨ᠎ᠡ᠃
ᠡᠢᠮᠦ ᠨᠢᠭᠡ ᠰᠠᠢᠬᠠᠨ ᠥᠷᠯᠥᠭᠡ᠂ ᠢᠳᠡᠷ ᠦ᠋ᠨ ᠭᠣᠣᠯ ᠤ᠋ᠨ ᠡᠮᠦᠨ᠎ᠡ ᠡᠲᠡᠭᠡᠳ ᠨᠢᠭᠡ ᠰᠡᠷᠭᠦᠯᠡᠩ ᠳᠡᠨᠵᠢ ᠶ᠋ᠢᠨ ᠳᠡᠭᠡᠷ᠎ᠡ ᠬᠡᠳᠦᠨ ᠴᠠᠭᠠᠨ ᠭᠡᠷ ᠴᠡᠮᠴᠡᠢᠨ ᠦᠵᠡᠭᠳᠡᠵᠦ᠂ ᠠᠢᠯ ᠪᠦᠷᠢ ᠶ᠋ᠢᠨ ᠲᠣᠭᠣᠨᠣ ᠠ᠋ᠴᠠ ᠬᠥᠬᠡ ᠤᠲᠤᠭ᠎ᠠ ᠰᠠᠪᠰᠠᠨ᠂ ᠲᠠᠪᠤᠨ ᠬᠣᠰᠢᠭᠤ ᠮᠠᠯ ᠬᠠᠶᠠᠭ᠎ᠠ ᠪᠠᠷ ᠨᠢ ᠦᠷᠭᠦᠯᠵᠢᠯᠡᠨ᠎ᠡ᠃
ᠤᠳᠠᠯ ᠦᠭᠡᠢ ᠬᠣᠲᠠᠨ ᠳᠣᠲᠣᠷ᠎ᠠ ᠠ᠋ᠴᠠ ᠳᠥᠷᠪᠡ ᠲᠠᠪᠤᠨ ᠵᠠᠭᠤᠨ ᠬᠣᠨᠢ ᠭᠠᠷᠴᠤ ᠪᠡᠯᠴᠢᠨ ᠪᠣᠰᠢᠭᠣ ᠪᠣᠰᠢᠭᠣ ᠠᠯᠬᠤᠯᠠᠵᠤ᠂ ᠪᠠᠷᠠᠭᠤᠨ ᠵᠦᠭ ᠵᠢᠳᠬᠦᠨ᠎ᠡ᠂ ᠭᠡᠲᠡᠯ᠎ᠡ ᠨᠢᠭᠡ ᠵᠠᠯᠠᠭᠤ ᠬᠦᠦ ᠪᠠᠷᠠᠭᠤᠨ ᠡᠮᠦᠨᠡᠲᠦ ᠭᠡᠷ ᠦ᠋ᠨ ᠬᠠᠶᠠᠭᠠᠨ ᠳ᠋ᠤ᠌ ᠰᠣᠢᠭᠰᠠᠨ ᠨᠢᠭᠡ ᠦᠷᠢᠶ᠎ᠡ ᠪᠡᠷ ᠮᠣᠷᠳᠠᠨ ᠬᠣᠨᠢᠨ ᠤ᠋ ᠬᠣᠢᠨ᠎ᠠ ᠠ᠋ᠴᠠ ᠳᠠᠪᠬᠢᠵᠤ ᠢᠷᠡᠭᠡᠳ ᠡᠭᠦᠪᠡᠷ ᠲᠡᠭᠦᠪᠡᠷ ᠨᠢ ᠬᠠᠰᠬᠢᠷᠴᠤ ᠵᠠᠯᠠᠨ᠎ᠠ᠃ ᠦᠵᠡᠪᠡᠯ ᠨᠠᠰᠤ ᠬᠣᠷᠢᠨ ᠭᠤᠷᠪᠠ ᠳᠥᠷᠪᠡ ᠬᠢᠷᠢ᠂ ᠨᠢᠭᠤᠷ ᠲᠠᠭᠠᠨ ᠴᠣᠭ ᠲᠠᠢ᠂ ᠨᠢᠳᠦᠨ ᠳ᠋ᠡᠭᠡᠨ ᠭᠠᠯ ᠲᠠᠢ᠂ ᠱᠠᠪ ᠭᠡᠰᠡᠨ ᠬᠠᠷ᠎ᠠ ᠬᠦᠦ ᠪᠠᠢᠨ᠎ᠠ᠂ ᠬᠥᠬᠡ ᠳᠠᠯᠢᠩᠪᠤᠨ ᠳᠡᠪᠡᠯ ᠢ᠋ ᠡᠮᠦᠰᠴᠦ ᠰᠢᠷ᠎ᠠ ᠨᠣᠭᠣᠭᠠᠨ ᠳᠤᠷᠳᠤᠩ ᠪᠦᠰᠡ ᠶ᠋ᠢ ᠣᠷᠢᠶᠠᠭᠰᠠᠨ ᠪᠥᠭᠡᠳ ᠭᠡᠵᠢᠭᠡ ᠦᠭᠡᠢ᠂ ᠣᠷᠣᠰ ᠢᠰᠡᠭᠡᠢ ᠮᠠᠯᠠᠭᠠᠢ ᠶ᠋ᠢ ᠬᠡᠯᠲᠡᠭᠡᠢ ᠲᠠᠯᠪᠢᠵᠠᠢ᠃
ᠪᠢᠴᠢᠬᠠᠨ ᠬᠠᠷ᠎ᠠ ᠦᠷᠢᠶ᠎ᠡ ᠨᠢ ᠣᠮᠣᠭᠣᠯᠠᠩ ᠲᠤᠯᠠ ᠲᠣᠭᠲᠠᠵᠤ ᠶᠠᠳᠠᠨ ᠭᠣᠳᠣᠭᠣᠨᠠᠨᠠ᠃
ᠪᠣᠯᠣᠳ ᠬᠦᠦ ᠮᠣᠷᠢᠨ ᠤ᠋ ᠵᠢᠯᠣᠭᠣ ᠶ᠋ᠢ ᠳᠤᠭᠲᠤᠷᠤᠨ ᠬᠥᠨᠳᠡᠯᠡᠨ ᠰᠠᠭᠤᠵᠤ ᠬᠣᠨᠢᠨ ᠤ᠋ ᠬᠣᠢᠨ᠎ᠠ ᠠ᠋ᠴᠠ ᠠᠯᠬᠤᠯᠠᠨ᠎ᠠ᠃ ᠲᠡᠭᠦᠨ ᠡᠴᠡ ᠪᠠᠷᠠᠭᠤᠨ ᠬᠤᠸᠠ ᠳᠡᠭᠡᠷ᠎ᠡ ᠭᠠᠷᠪᠠᠯ ᠬᠣᠨᠢ ᠨᠢ ᠲᠣᠭᠲᠠᠵᠤ ᠰᠠᠶᠢ ᠴᠤᠬᠤᠢᠵᠤ ᠪᠠᠢᠭ᠎ᠠ ᠨᠣᠭᠣᠭᠠᠨ ᠳ᠋ᠤ᠌ ᠰᠢᠨᠤᠵᠤ ᠰᠣᠨᠢᠷᠬᠠᠨ᠂ ᠲᠣᠯᠣᠭᠠᠢ ᠪᠠᠨ ᠭᠠᠵᠠᠷ ᠠ᠋ᠴᠠ ᠦᠯᠦ ᠰᠠᠯᠭᠠᠨ᠎ᠠ᠃ ᠬᠠᠵᠠᠭᠤ ᠶ᠋ᠢᠨ ᠡᠩᠭᠡᠷ ᠲᠦ᠍ ᠪᠣᠯᠣᠳ ᠪᠠᠭᠤᠵᠤ ᠬᠠᠯᠲᠠᠷ ᠦᠷᠢᠶ᠎ᠡ ᠪᠡᠨ ᠲᠤᠱᠠᠵᠤ ᠲᠠᠯᠪᠢᠭᠠᠳ ᠬᠠᠳᠠᠨ ᠳᠡᠭᠡᠷ᠎ᠡ ᠰᠠᠨᠳᠠᠢᠯᠠᠨ ᠡᠰᠢ ᠲᠡᠰᠢ ᠬᠠᠷᠠᠵᠤ᠂ ᠡᠷᠭᠢᠬᠦ ᠴᠠᠭ ᠤ᠋ᠨ ᠤᠯᠠᠷᠢᠯ ᠢ᠋ ᠭᠠᠢᠬᠠᠨ᠎ᠠ᠃
ᠲᠡᠷᠢᠭᠦᠨ ᠢ᠋ᠶ᠋ᠡᠨ ᠡᠷᠭᠦᠵᠦ ᠳᠡᠭᠡᠭᠰᠢ ᠬᠠᠨᠳᠤᠪᠠᠯ ᠳᠥᠷᠪᠡᠨ ᠵᠦᠭ ᠲᠤᠩᠭᠠᠯᠠᠭ ᠢ᠋ᠶ᠋ᠠᠷ ᠴᠡᠯᠮᠡᠭᠡᠳ᠂ ᠲᠩᠷᠢ ᠶ᠋ᠢᠨ ᠬᠢᠵᠠᠭᠠᠷ ᠠᠰᠤᠷᠤ ᠦᠪᠡᠳᠡᠭᠰᠢ ᠪᠣᠯᠵᠠᠢ᠃ ᠳᠥᠷᠪᠡᠨ ᠵᠦᠢᠯ ᠦ᠋ᠨ ᠮᠠᠯ ᠤ᠋ᠳ ᠡᠨᠳᠡ ᠲᠡᠨᠳᠡ ᠰᠦᠷᠦᠭᠯᠡᠭᠡᠳ ᠡᠪᠡᠰᠦᠨ ᠦ᠌ ᠰᠣᠷᠭᠣᠭ᠂ ᠤᠰᠤᠨ ᠤ᠋ ᠲᠤᠩᠭᠠᠯᠠᠭ ᠢ᠋ ᠳ᠋ᠡᠭᠡᠨ ᠪᠡᠯᠴᠢᠨ᠎ᠡ᠃
ᠳᠥᠷᠪᠡᠨ ᠤᠯᠠᠷᠢᠯ ᠤ᠋ᠨ ᠭᠠᠢᠬᠠᠮᠰᠢᠭ᠂ ᠨᠠᠢᠷ ᠲᠠᠢ ᠰᠠᠢᠬᠠᠨ ᠵᠤᠨ ᠤ᠋ ᠴᠠᠭ ᠢᠷᠡᠬᠦ ᠳ᠋ᠦ᠍ ᠦᠨᠡᠬᠡᠷ ᠬᠥᠮᠦᠨ ᠲᠥᠷᠥᠯᠬᠢᠲᠡᠨ᠂ ᠲᠦᠮᠡᠨ ᠪᠣᠳᠠᠰ ᠤ᠋ᠨ ᠲᠣᠯᠣᠭᠠᠢ ᠰᠡᠷᠭᠦᠨ᠎ᠡ᠃ ᠡᠭᠦᠨ ᠳ᠋ᠦ᠍ ᠪᠣᠯᠣᠳ ᠤ᠋ᠨ ᠰᠡᠳᠬᠢᠯ ᠪᠠᠰᠠ ᠬᠦ᠌ ᠲᠡᠨᠢᠢᠵᠦ ᠴᠡᠭᠡᠵᠢ ᠳᠦᠭᠦᠷᠡᠩ ᠠᠷᠢᠭᠤᠨ ᠠᠭᠠᠷ ᠢ᠋ ᠠᠮᠢᠰᠬᠤᠯᠯᠠᠨ᠂ ᠭᠠᠵᠠᠷ ᠤ᠋ᠨ ᠪᠠᠢᠳᠠᠯ᠂ ᠠᠭᠤᠯᠠ ᠤᠰᠤ ᠵᠢᠭᠳᠡᠯᠡᠭᠰᠡᠨ ᠢ᠋ ᠰᠢᠷᠲᠡᠵᠦ᠂ ᠬᠡᠭᠡᠷ᠎ᠡ ᠲᠠᠯ᠎ᠠ ᠶ᠋ᠢᠨ ᠴᠡᠩᠭᠡᠯ ᠦ᠋ᠨ ᠭᠠᠢᠬᠠᠮᠰᠢᠭ ᠲᠠᠢ ᠰᠠᠢᠬᠠᠨ ᠢ᠋ ᠰᠠᠢᠰᠢᠶᠠᠨ《ᠠᠶ᠎ᠠ ᠠᠭᠤᠳᠠᠮ ᠰᠠᠢᠬᠠᠨ ᠬᠥᠳᠡᠭᠡ ᠶ᠋ᠢᠨ ᠭᠠᠵᠠᠷ ᠭᠡᠭᠴᠢ ᠨᠡᠭᠦᠳᠡᠯᠴᠢᠨ ᠮᠠᠯᠴᠢᠨ᠂ ᠮᠣᠩᠭᠣᠯ ᠬᠥᠮᠦᠨ ᠦ᠌ ᠰᠡᠳᠬᠢᠯ ᠢ᠋ ᠪᠤᠯᠢᠶᠠᠨ᠎ᠠ》 ᠭᠡᠵᠦ ᠤᠶᠠᠷᠠᠨ ᠪᠠᠢᠬᠤ ᠶ᠋ᠢᠨ ᠬᠠᠵᠠᠭᠤ ᠳ᠋ᠤ᠌᠂ ᠡᠮᠦᠨ᠎ᠡ ᠬᠣᠭᠣᠯᠠᠢ ᠤᠷᠤᠭᠤ ᠪᠠᠢᠨ ᠪᠠᠢᠨ ᠠᠵᠢᠭᠯᠠᠨ᠎ᠠ᠃
ᠶᠠᠭᠤ ᠭᠡᠪᠡᠯ ᠪᠣᠯᠣᠳ ᠭᠠᠳᠠᠭᠠᠳᠤ ᠶ᠋ᠢᠨ ᠰᠤᠷᠭᠠᠭᠤᠯᠢ ᠳ᠋ᠤ᠌ ᠶᠠᠪᠤᠵᠤ ᠬᠡᠳᠦᠨ ᠵᠢᠯ ᠪᠣᠯᠤᠭᠠᠳ ᠨᠡᠢᠰᠯᠡᠯ ᠬᠣᠲᠠ ᠪᠠᠷ ᠳᠠᠮᠵᠢᠨ ᠰᠠᠶᠢᠬᠠᠨ ᠭᠡᠷ ᠲᠡᠭᠡᠨ ᠢᠷᠡᠭᠰᠡᠨ ᠪᠥᠭᠡᠳ ᠤᠳᠠᠬᠤ ᠦᠭᠡᠢ ᠤᠯᠠᠭᠠᠨᠪᠠᠭᠠᠲᠤᠷ ᠲᠤ ᠪᠤᠴᠠᠵᠤ ᠠᠯᠪᠠᠨ ᠬᠠᠭᠠᠬᠤ ᠤᠴᠢᠷ᠂ ᠥᠪᠡᠷ ᠦ᠋ᠨ ᠬᠠᠭᠤᠴᠢᠨ ᠨᠥᠬᠥᠷ ᠪᠠᠯᠭᠠᠷᠮᠠ ᠲᠠᠢ ᠡᠨᠡ ᠡᠳᠦᠷ ᠦ᠋ᠨ
ᠬᠣᠨᠢᠨ ᠤ᠋ ᠬᠡᠰᠢᠭ ᠢ᠋ ᠲᠣᠬᠢᠶᠠᠯᠳᠤᠭᠤᠯᠤᠨ᠂ ᠬᠡᠭᠡᠷ᠎ᠡ ᠲᠠᠯᠪᠢᠭᠤᠨ ᠭᠠᠵᠠᠷ ᠲᠠᠪᠠ ᠲᠠᠢ ᠠᠭᠤᠯᠵᠠᠵᠤ᠂ ᠰᠡᠳᠬᠢᠯ ᠵᠢᠷᠦᠬᠡᠨ ᠦ᠌ ᠦᠭᠡᠰ ᠢ᠋ ᠰᠣᠯᠢᠯᠴᠠᠵᠤ ᠰᠢᠢᠳᠪᠦᠷᠢ ᠶ᠋ᠢ ᠬᠡᠯᠡᠯᠴᠡᠬᠦ ᠪᠣᠯᠵᠣᠭ᠎ᠠ ᠲᠠᠯᠪᠢᠭᠰᠠᠨ ᠲᠤᠯᠠ ᠮᠥᠷᠥᠭᠡᠳᠦᠨ ᠬᠦᠯᠢᠶᠡᠵᠦ ᠪᠠᠢᠭ᠎ᠠ ᠨᠢ ᠡᠨᠡ ᠪᠠᠢᠨ᠎ᠠ᠃
ᠲᠡᠢᠨ ᠬᠦ᠌ ᠪᠣᠯᠣᠳ ᠨᠢᠭᠡ ᠵᠡᠷᠭᠡ ᠠᠭᠤᠯᠠ ᠤᠰᠤᠨ ᠤ᠋ ᠰᠠᠢᠬᠠᠨ ᠢ᠋ ᠭᠠᠢᠬᠠᠬᠤ᠂ ᠨᠢᠭᠡ ᠵᠡᠷᠭᠡ ᠪᠠᠯᠭᠠᠷᠮᠠ ᠶ᠋ᠢᠨ ᠢᠷᠡᠬᠦ ᠶ᠋ᠢ ᠰᠠᠨᠠᠵᠤ ᠪᠠᠶᠠᠷᠯᠠᠨ ᠪᠠᠰᠠ ᠬᠦ᠌ ᠪᠠᠯᠭᠠᠷᠮᠠ ᠶ᠋ᠢ ᠠᠪᠤᠭᠠᠳ ᠬᠣᠲᠠ ᠭᠠᠵᠠᠷ ᠶᠠᠪᠤᠨ᠎ᠠ ᠭᠡᠵᠦ ᠪᠣᠳᠣᠬᠤ ᠳᠣᠳᠣᠮ ᠪᠠᠬᠠᠳᠤᠵᠤ ᠲᠡᠰᠴᠦ ᠶᠠᠳᠠᠨ ᠰᠠᠭᠤᠲᠠᠯ᠎ᠠ ᠡᠮᠦᠨ᠎ᠡ ᠵᠦᠭ ᠡᠴᠡ ᠨᠢᠭᠡ ᠮᠣᠷᠢ ᠲᠠᠢ ᠬᠥᠮᠦᠨ ᠬᠠᠲᠠᠷᠢᠵᠤ ᠴᠢᠭᠯᠡᠨ ᠢᠷᠡᠵᠦ ᠶᠠᠪᠤᠭ᠎ᠠ ᠨᠢ ᠦᠵᠡᠭᠳᠡᠨ᠎ᠡ᠃ ᠨᠠᠷᠢᠪᠴᠢᠯᠠᠪᠠᠯ ᠮᠣᠷᠢᠨ ᠳᠡᠭᠡᠷ᠎ᠡ ᠰᠠᠭᠤᠭᠰᠠᠨ ᠨᠢ ᠴᠡᠮᠴᠡᠭᠡᠷ ᠪᠥᠭᠡᠳ ᠵᠠᠢᠯᠠᠰᠢ ᠦᠭᠡᠢ ᠪᠠᠯᠭᠠᠷᠮᠠ ᠮᠥᠨ᠃ ᠪᠣᠯᠣᠳ ᠤ᠋ᠨ ᠮᠠᠩᠨᠠᠢ ᠲᠡᠨᠢᠢᠵᠦ᠂ ᠣᠯᠠᠨ ᠬᠣᠨᠢᠳ ᠨᠢ ᠨᠠᠮ ᠭᠦᠮ ᠪᠣᠯᠬᠤ ᠳ᠋ᠤ᠌ ᠲᠡᠭᠦᠨ ᠢ᠋ ᠲᠤᠰᠤᠶ᠎ᠠ ᠭᠡᠵᠦ ᠶᠠᠭᠠᠷᠠᠨ᠂ ᠲᠠᠰᠢᠭᠤᠷ ᠢ᠋ ᠲᠤᠯᠤᠨ ᠪᠣᠰᠤᠮᠠᠭᠴᠠ ᠠᠷᠤ ᠲᠠᠯ᠎ᠠ ᠠ᠋ᠴᠠ ᠭᠡᠨᠡᠳᠲᠡ ᠫᠤᠤ ᠶ᠋ᠢᠨ ᠳᠠᠭᠤ ᠳᠡᠰ ᠭᠡᠵᠦ᠂ ᠳᠠᠷᠠᠭ᠎ᠠ ᠪᠠᠷ ᠬᠣᠶᠠᠷ ᠤᠳᠠᠭ᠎ᠠ ᠳᠤᠤᠭᠠᠷᠬᠤ ᠳ᠋ᠤ᠌ ᠴᠣᠴᠢᠨ ᠭᠡᠳᠡᠷᠭᠦ ᠬᠠᠷᠠᠪᠠᠯ ᠭᠤᠷᠪᠠᠨ ᠮᠣᠷᠢ ᠲᠠᠢ ᠬᠥᠮᠦᠨ ᠬᠣᠢᠲᠤ ᠲᠣᠯᠣᠭᠠᠢ ᠳᠡᠭᠡᠷ᠎ᠡ ᠡᠴᠡ ᠪᠠᠭᠤᠵᠤ ᠢᠷᠡᠪᠡ᠃
ᠪᠣᠯᠣᠳ《ᠬᠤᠯᠠᠭᠠᠢᠴᠢ ᠶᠤᠮ ᠤᠤ᠂ ᠳᠡᠭᠡᠷᠡᠮᠴᠢᠨ ᠶᠦᠮ ᠤᠤ᠂ ᠡᠰᠡᠬᠦᠯ᠎ᠡ ᠭᠥᠷᠥᠭᠡᠴᠢᠨ ᠶᠦᠮ ᠤᠤ》 ᠭᠡᠵᠦ ᠭᠠᠢᠬᠠᠨ ᠶᠠᠭᠤ ᠴᠤ ᠪᠣᠯᠪᠠ ᠮᠣᠷᠳᠠᠶ᠎ᠠ ᠭᠡᠵᠦ ᠲᠤᠱᠠ ᠲᠠᠢ ᠮᠣᠷᠢ ᠤᠷᠤᠭᠤ ᠪᠠᠨ ᠶᠠᠪᠤᠵᠤ ᠬᠦᠷᠬᠦ ᠶ᠋ᠢᠨ ᠵᠠᠭᠤᠷ᠎ᠠ ᠥᠨᠥᠬᠢ ᠭᠤᠷᠪᠠᠨ ᠬᠥᠮᠦᠨ ᠱᠣᠭᠰᠢᠨ ᠢᠷᠡᠵᠦ ᠬᠥᠨᠳᠡᠯᠢᠳᠦᠭᠡᠳ《ᠵᠣᠭᠰᠣ᠂ ᠭᠠᠷ ᠢ᠋ᠶ᠋ᠠᠨ ᠡᠷᠭᠦ》 ᠭᠡᠵᠦ ᠵᠡᠷᠭᠡ ᠵᠡᠷᠭᠡ ᠪᠡᠷ ᠭᠠᠯᠵᠠᠭᠤ ᠮᠡᠲᠦ ᠬᠠᠰᠬᠢᠷᠤᠨ᠎ᠠ᠃ ᠪᠣᠯᠣᠳ ᠬᠢᠷᠳ᠋ᠬᠢᠭᠰᠡᠨ ᠪᠣᠯᠪᠠᠴᠤ ᠠᠶᠤᠭᠰᠠᠨ ᠪᠠᠢᠳᠠᠯ ᠭᠠᠷᠭᠠᠯ ᠦᠭᠡᠢ᠄《ᠲᠠ ᠨᠠᠷ ᠶᠠᠭᠤᠨ ᠤ᠋ ᠬᠥᠮᠦᠨ ᠪᠣᠢ? ᠶᠠᠭᠤᠨ ᠳ᠋ᠤ᠌ ᠫᠤᠤ ᠲᠠᠯᠪᠢᠪᠠ? ᠨᠠᠳᠠ ᠪᠠᠷ ᠶᠠᠭᠠᠬᠢᠬᠤ ᠭᠡᠰᠡᠨ ᠶᠦᠮ ᠪᠣᠢ?》 ᠭᠡᠵᠦ ᠠᠰᠠᠭᠤᠵᠤ ᠲᠡᠳᠡᠨ ᠢ᠋ ᠨᠢᠭᠡᠳ ᠨᠢᠭᠡ ᠪᠡᠷ ᠰᠠᠢᠲᠤᠷ ᠠᠵᠢᠭᠯᠠᠪᠠᠯ ᠨᠢᠭᠡ ᠬᠥᠬᠡ ᠴᠢᠷᠠᠢ ᠲᠠᠢ ᠬᠢᠵᠢᠶᠡᠯ ᠬᠥᠮᠦᠨ᠂ ᠰᠢᠷ᠎ᠠ ᠲᠣᠷᠭᠠᠨ ᠳᠡᠪᠡᠯ ᠲᠡᠢ ᠪᠠᠢᠲᠠᠯ᠎ᠠ᠂ ᠬᠡᠦᠬᠡᠨ ᠬᠥᠮᠦᠨ ᠦ᠌ ᠬᠣᠷᠭᠣᠢ ᠬᠠᠨᠵᠢᠶᠠᠷ ᠡᠮᠦᠰᠦᠭᠰᠡᠨ ᠨᠢ ᠰᠢ ᠶᠠᠩ ᠳ᠋ᠤ᠌ ᠭᠠᠷᠤᠭᠴᠢᠳ ᠰᠢᠭ᠋᠂ ᠬᠦᠵᠦᠭᠦᠨ ᠳ᠋ᠡᠭᠡᠨ ᠥᠩᠭᠡ ᠪᠦᠷᠢ ᠶ᠋ᠢᠨ ᠭᠬᠢᠪ ᠬᠠᠳᠠᠭ ᠢ᠋ ᠤᠶᠠᠭᠰᠠᠨ ᠨᠢ ᠬᠡᠷᠦᠵᠦ ᠲᠡᠨᠦᠭᠴᠢ ᠪᠠᠳᠢᠷᠴᠢᠨ ᠱᠠᠪᠢᠷᠢᠶᠠᠴᠢᠨ ᠮᠡᠲᠦ᠂ ᠬᠥᠮᠦᠨ ᠤᠷᠤᠭᠤ ᠬᠠᠷᠠᠬᠤ ᠨᠢ ᠥᠯᠥᠰᠦᠭᠰᠡᠨ ᠴᠢᠨᠣ᠎ᠠ ᠮᠡᠲᠦ ᠪᠥᠭᠡᠳ ᠬᠠᠵᠠᠭᠤ ᠳ᠋ᠠᠭᠠᠨ ᠨᠢᠭᠡ ᠤᠯᠠᠭᠠᠨ ᠬᠤᠢ ᠲᠠᠢ ᠲᠠᠬᠢᠷ ᠰᠡᠯᠡᠮ᠎ᠡ ᠵᠡᠭᠦᠵᠦ᠂ ᠪᠠᠰᠠ ᠫᠤᠤ ᠮᠥᠷᠥᠪᠴᠢᠯᠡᠭᠰᠡᠨ ᠨᠢ ᠶᠠᠭᠠᠬᠢᠪᠠᠴᠤ ᠶᠡᠷᠦ ᠶ᠋ᠢᠨ ᠬᠥᠮᠦᠨ ᠪᠢᠰᠢ᠃ ᠪᠠᠰᠠ ᠨᠢᠭᠡ ᠬᠥᠬᠡ ᠳᠡᠪᠡᠯ ᠲᠡᠢ ᠬᠠᠷ᠎ᠠ ᠬᠥᠮᠦᠨ ᠪᠥᠮᠪᠥᠭᠡᠷ ᠣᠷᠣᠢ ᠲᠠᠢ ᠮᠠᠯᠠᠭᠠᠢ ᠡᠮᠦᠰᠴᠦ᠂ ᠤᠯᠠᠭᠠᠨ ᠵᠢᠩᠰᠡ ᠵᠡᠭᠦᠭᠰᠡᠨ ᠨᠢ ᠵᠠᠢᠯᠠᠰᠢ ᠦᠭᠡᠢ ᠬᠠᠭᠤᠴᠢᠨ ᠤ᠋ ᠲᠦᠰᠢᠮᠡᠯ ᠪᠥᠭᠡᠳ ᠨᠢᠭᠡᠨ ᠸᠢᠨ᠋ᠲ᠋ᠦᠸ ᠡᠭᠡᠯᠳᠦᠷᠭᠡᠯᠡᠵᠦ ᠡᠩᠭᠡᠷ ᠳᠡᠭᠡᠷ᠎ᠡ ᠪᠡᠨ ᠲᠥᠪᠡᠳ ᠦᠰᠦᠭ ᠪᠢᠴᠢᠭᠰᠡᠨ ᠴᠠᠭᠠᠨ ᠪᠥᠰ ᠬᠠᠲᠠᠭᠰᠠᠨ ᠢ᠋ ᠦᠵᠡᠪᠡᠯ ᠦᠨᠡᠬᠡᠷ ᠰᠡᠵᠢᠭᠯᠡᠯ ᠲᠡᠢ ᠪᠥᠭᠡᠳ ᠭᠠᠢᠬᠠᠯ ᠲᠠᠢ᠃ ᠨᠥᠭᠦᠭᠡ ᠨᠢᠭᠡ ᠬᠥᠮᠦᠨ ᠨᠠᠰᠤ ᠵᠠᠯᠠᠭᠤ᠂ ᠲᠣᠯᠣᠭᠠᠢ ᠶ᠋ᠢ ᠴᠠᠭᠠᠨ ᠠᠯᠴᠢᠭᠤᠷ ᠢ᠋ᠶ᠋ᠠᠷ ᠣᠷᠢᠶᠠᠵᠠᠢ᠃ ᠰᠢᠨᠡᠬᠡᠨ ᠳᠠᠪ ᠲᠠᠯᠪᠢᠭᠰᠠᠨ᠂ ᠨᠢᠭᠡ ᠵᠠᠮᠤᠭ ᠫᠤᠤ ᠮᠥᠷᠥᠪᠴᠢᠯᠡᠵᠦ᠂ ᠲᠣᠮᠣ ᠲᠠᠰᠢᠭᠤᠷ ᠪᠠᠷᠢᠭᠰᠠᠨ ᠨᠢ ᠰᠢᠯᠢ ᠶ᠋ᠢᠨ ᠬᠤᠯᠠᠭᠠᠢᠴᠢ ᠬᠥᠮᠦᠨ ᠦ᠌ ᠰᠢᠨᠵᠢ ᠲᠡᠢ᠃ ᠡᠢᠮᠦ ᠭᠤᠷᠪᠠᠨ ᠬᠥᠮᠦᠨ ᠪᠥᠭᠡᠳ ᠤᠨᠤᠭᠰᠠᠨ ᠮᠣᠷᠢ ᠨᠢ ᠨᠡᠯᠢᠶᠡᠳ ᠬᠥᠯᠥᠷᠡᠵᠡᠢ᠃ ᠪᠣᠯᠣᠳ ᠤ᠋ᠨ ᠵᠦᠭ ᠪᠦᠭᠦᠳᠡᠭᠡᠷ ᠮᠠᠭᠤᠬᠠᠢ ᠬᠠᠷᠠᠵᠤ ᠯᠠᠮᠠ ᠰᠢᠭ᠋ ᠨᠢ᠄《ᠴᠢ ᠮᠠᠨ ᠢ᠋ ᠪᠠᠢᠴᠠᠭᠠᠨ᠎ᠠ ᠤᠤ? ᠪᠢᠳᠡ ᠴᠢᠮᠠᠶ᠋ᠢ ᠪᠠᠢᠴᠠᠭᠠᠨ᠎ᠠ᠃ ᠨᠡᠷ᠎ᠡ ᠴᠢᠨᠢ ᠬᠡᠨ ᠪᠣᠢ? ᠭᠡᠷ ᠴᠢᠨᠢ ᠬᠠᠮᠢᠭ᠎ᠠ ᠪᠣᠢ?》 ᠭᠡᠵᠦ ᠵᠠᠩᠳᠤᠷᠤᠨ᠎ᠠ᠃ ᠵᠢᠩᠰᠡ ᠲᠡᠢ ᠨᠢ᠄《ᠠᠯᠢ ᠪᠣᠢ ᠨᠠᠭᠠᠳᠤᠬᠢ ᠮᠠᠯᠠᠭᠠᠢ ᠪᠠᠨ ᠠᠪ᠂ ᠲᠣᠯᠣᠭᠠᠢ ᠶ᠋ᠢ ᠴᠢᠨᠢ ᠬᠠᠷᠠᠶ᠎ᠠ᠂ ᠬᠠᠯᠢᠮᠠᠭ ᠦᠰᠦ ᠲᠡᠢ ᠤᠤ? ᠶᠠᠭᠤᠨ ᠤ᠋ ᠭᠡᠰᠢᠭᠦᠨ ᠪᠣᠢ? ᠬᠡᠯᠡ》 ᠭᠡᠵᠦ ᠳᠠᠪᠰᠢᠯᠠᠨ᠎ᠠ᠃ ᠭᠤᠷᠪᠠᠳᠤᠭᠠᠷ ᠨᠢ᠄《ᠴᠢ ᠣᠳᠣ ᠪᠣᠯᠲᠠᠯ᠎ᠠ ᠭᠡᠵᠢᠭᠡ ᠪᠡᠨ ᠲᠠᠯᠪᠢᠬᠤ ᠦᠭᠡᠢ ᠶᠠᠭᠠᠬᠢᠭᠰᠠᠨ ᠶᠤᠮ ᠪᠣᠢ? ᠮᠠᠨ ᠳ᠋ᠤ᠌ ᠮᠣᠷᠢ ᠬᠦᠨᠡᠰᠦ ᠪᠡᠯᠡᠳᠬᠡᠵᠦ ᠪᠠᠢᠬᠤ ᠦᠭᠡᠢ ᠶᠠᠭᠠᠬᠢᠭᠰᠠᠨ ᠶᠤᠮ ᠪᠣᠢ?》 ᠭᠡᠵᠦ ᠵᠠᠩᠳᠤᠷᠤᠨ᠎ᠠ᠃
ᠡᠭᠦᠨ ᠳ᠋ᠦ᠍ ᠪᠣᠯᠣᠳ ᠶᠡᠬᠡᠳᠡ ᠭᠠᠢᠬᠠᠨ ᠰᠢᠷᠪᠢᠨ ᠬᠠᠷᠠᠵᠤ᠄《ᠲᠠ ᠨᠠᠷ ᠤ᠋ᠨ ᠡᠮᠦᠰᠦᠭᠰᠡᠨ ᠵᠡᠭᠦᠭᠰᠡᠨ ᠢ᠋ ᠴᠢᠨᠢ ᠦᠵᠡᠪᠡᠯ᠂ ᠥᠨᠢᠳᠡ ᠦᠵᠡᠭᠳᠡᠬᠦ ᠦᠭᠡᠢ ᠪᠣᠯᠤᠭᠰᠠᠨ ᠡᠳ᠋ᠯᠡᠯ ᠪᠠᠢᠨ᠎ᠠ᠃ ᠦᠭᠡ ᠬᠡᠯᠡ ᠶ᠋ᠢ ᠴᠢᠨᠢ ᠰᠣᠨᠣᠰᠪᠠᠯ ᠡᠪᠡᠳᠴᠢᠲᠡᠢ ᠭᠠᠯᠵᠠᠭᠤ ᠠᠮᠢᠲᠠᠨ ᠰᠢᠭ᠋᠃ ᠶᠡᠷᠦᠨᠢ ᠶᠠᠭᠠᠬᠢᠵᠤ ᠶᠠᠪᠤᠭ᠎ᠠ ᠶᠠᠭᠤᠨ ᠬᠥᠮᠦᠰ ᠪᠣᠢ?》 ᠭᠡᠰᠡᠨ ᠳ᠋ᠦ᠍ ᠲᠡᠷᠡ ᠭᠤᠷᠪᠠ ᠳᠠᠷᠤᠢ ᠫᠤᠤ ᠲᠤᠯᠭᠠᠵᠤ᠄《ᠪᠠᠷᠢᠨ᠎ᠠ᠂ ᠬᠦᠯᠢᠨᠡ᠂ ᠠᠯᠠᠨ᠎ᠠ᠂ ᠲᠠᠯᠠᠨᠠ》 ᠭᠡᠵᠦ ᠵᠠᠪᠳᠤᠯᠳᠤᠨ ᠬᠦᠴᠦᠨ ᠬᠠᠪᠰᠤᠷᠴᠤ ᠪᠣᠯᠣᠳ ᠢ᠋ ᠴᠤᠯᠪᠤᠭᠤᠷ ᠤ᠋ᠨ ᠰᠤᠷ ᠢ᠋ᠶ᠋ᠠᠷ ᠴᠢᠩᠭ᠎ᠠ ᠬᠦᠯᠢᠬᠦ ᠳ᠋ᠦ᠍ ᠵᠠᠯᠠᠭᠤ ᠬᠥᠮᠦᠨ ᠦ᠌ ᠴᠢᠷᠠᠢ ᠬᠥᠬᠡᠷᠡᠵᠦ ᠵᠢᠷᠦᠬᠡ ᠳᠣᠭᠳᠣᠯᠤᠨ ᠶᠠᠭᠠᠬᠢᠬᠤ ᠶ᠋ᠢ ᠨᠢ ᠰᠢᠲᠦ ᠵᠠᠭᠤᠨ ᠬᠦᠯᠢᠶᠡᠨ᠎ᠡ᠃
ᠲᠡᠭᠦᠨ ᠡᠴᠡ ᠲᠡᠷᠡ ᠭᠤᠷᠪᠠ᠄《ᠠᠳᠤᠭᠤ ᠴᠢᠨᠢ ᠬᠠᠮᠢᠭ᠎ᠠ ᠪᠠᠢᠨ᠎ᠠ? ᠭᠡᠷ ᠴᠢᠨᠢ ᠬᠠᠮᠢᠭ᠎ᠠ ᠪᠣᠢ? ᠣᠢᠷ᠎ᠠ ᠬᠠᠪᠢ ᠬᠣᠷᠰᠢᠶ᠎ᠠ ᠪᠠᠢᠨ᠎ᠠ ᠤᠤ?》 ᠭᠡᠵᠦ ᠬᠦᠯᠢᠶᠡ ᠶ᠋ᠢ ᠨᠢ ᠴᠢᠩᠭᠠᠷᠠᠭᠤᠯᠤᠨ ᠪᠠᠢᠴᠠᠭᠠᠬᠤ ᠳ᠋ᠤ᠌ ᠪᠣᠯᠣᠳ ᠲᠡᠳᠡ ᠬᠡᠨ ᠪᠣᠯᠬᠤ ᠶ᠋ᠢᠨ ᠪᠠᠢᠳᠠᠯ ᠢ᠋ ᠨᠢᠭᠡᠨᠲᠡ ᠮᠡᠳᠡᠭᠰᠡᠨ ᠪᠥᠭᠡᠳ ᠵᠠᠯᠠᠭᠤ ᠬᠥᠮᠦᠨ ᠵᠢᠷᠦᠬᠡ ᠲᠡᠢ ᠲᠤᠯᠠ ᠨᠢᠭᠡ ᠶ᠋ᠢ ᠴᠦ᠍ ᠵᠢᠭᠠᠵᠤ ᠡᠰᠡ ᠥᠭᠭᠦᠭᠰᠡᠨ ᠳ᠋ᠦ᠍ ᠲᠡᠳᠡ ᠮᠣᠷᠢᠨ ᠳᠡᠭᠡᠷ᠎ᠡ ᠨᠢ ᠮᠣᠷᠳᠠᠭᠤᠯᠵᠤ᠂《ᠶᠠᠮᠤᠨ ᠳ᠋ᠤ᠌ ᠠᠪᠠᠴᠢᠨ᠎ᠠ ᠭᠡᠵᠦ ᠬᠥᠲᠥᠯᠵᠦ᠂《ᠬᠦᠨᠡᠰᠦ ᠬᠢᠨ᠎ᠡ》 ᠭᠡᠵᠦ ᠬᠣᠨᠢᠨ ᠤ᠋ ᠳᠣᠲᠣᠷ᠎ᠠ ᠠ᠋ᠴᠠ ᠨᠢᠭᠡ ᠶ᠋ᠢ ᠰᠢᠯᠢᠵᠦ ᠪᠥᠭᠲᠥᠷᠢᠭᠡᠳ ᠪᠠᠷᠠᠭᠤᠨ ᠵᠦᠭ ᠣᠳᠬᠤ ᠦᠶᠡᠰ ᠬᠠᠵᠠᠭᠤᠨ ᠠ᠋ᠴᠠ ᠪᠠᠯᠭᠠᠷᠮᠠ ᠬᠦᠷᠴᠦ ᠢᠷᠡᠨ ᠬᠥᠨᠳᠡᠯᠢᠳᠦᠨ ᠵᠣᠭᠰᠣᠵᠤ᠂ ᠪᠣᠯᠣᠳ ᠤᠷᠤᠭᠤ ᠢᠷᠡᠬᠦ ᠳ᠋ᠦ᠍ ᠪᠣᠯᠣᠳ ᠲᠣᠪ ᠳᠤᠭᠤᠢ ᠲᠡᠭᠦᠨ ᠢ᠋ ᠰᠢᠷᠳᠡᠨ᠎ᠡ᠃
ᠥᠨᠥᠬᠢ ᠭᠤᠷᠪᠠ᠂ ᠬᠡᠦᠬᠡᠨ ᠦ᠌ ᠨᠡᠷ᠎ᠡ ᠤᠰᠤ ᠶ᠋ᠢ ᠠᠰᠠᠭᠤᠵᠤ᠂ ᠮᠥᠨ ᠯᠡ ᠡᠢᠮᠦ ᠲᠡᠢᠮᠦ ᠶ᠋ᠢ ᠰᠤᠷᠠᠭᠯᠠᠬᠤ ᠳ᠋ᠤ᠌ ᠬᠡᠦᠬᠡᠨ ᠠᠶᠤᠭᠰᠠᠨ ᠲᠤᠯᠠ《ᠮᠡᠳᠡᠬᠦ ᠦᠭᠡᠢ᠂ ᠮᠡᠳᠡᠬᠦ ᠦᠭᠡᠢ》 ᠭᠡᠬᠦ ᠡᠴᠡ ᠥᠭᠡᠷ᠎ᠡ ᠬᠠᠷᠢᠭᠤ ᠦᠯᠦ ᠭᠠᠷᠭᠠᠨ᠎ᠠ᠃ ᠡᠭᠦᠨ ᠳ᠋ᠦ᠍ ᠲᠡᠳᠡ ᠨᠢᠭᠡ ᠵᠡᠷᠭᠡ ᠵᠠᠩᠳᠤᠷᠤᠨ ᠲᠦᠷᠢᠮᠡᠬᠡᠢᠯᠡᠭᠰᠡᠨ ᠪᠣᠯᠪᠠᠴᠤ ᠳᠠᠷᠠᠭ᠎ᠠ ᠪᠠᠷ ᠪᠢᠴᠢᠬᠠᠨ ᠨᠣᠮᠣᠬᠠᠷᠠᠵᠤ᠄《ᠪᠢᠳᠡᠨ ᠲᠡᠢ ᠶᠠᠪᠤ᠂ ᠵᠠᠩᠵᠤᠨ ᠤ᠋ ᠬᠠᠲᠤᠨ ᠪᠣᠯ》 ᠭᠡᠵᠦ ᠬᠡᠯᠡᠭᠡᠳ ᠶᠣᠰᠣᠨ ᠪᠤᠰᠤᠴᠢᠯᠠᠬᠤ ᠪᠠᠢᠳᠠᠯ ᠭᠠᠷᠭᠠᠬᠤ ᠳ᠋ᠤ᠌ ᠪᠠᠯᠭᠠᠷᠮᠠ ᠵᠢᠯᠣᠭᠣ ᠶ᠋ᠢ ᠴᠢᠩᠭ᠎ᠠ ᠪᠠᠷᠢᠵᠤ ᠬᠣᠯᠠᠬᠠᠨ ᠵᠣᠭᠰᠣᠨ᠎ᠠ᠃ ᠡᠨᠡ ᠦᠶ᠎ᠡ ᠪᠣᠯᠣᠳ ᠰᠡᠮᠬᠡᠨ ᠢ᠋ᠶ᠋ᠡᠷ ᠨᠢᠳᠦ ᠳᠣᠬᠢᠭᠰᠠᠨ ᠳ᠋ᠤ᠌ ᠪᠠᠯᠭᠠᠷᠮᠠ ᠳᠠᠷᠤᠢ ᠤᠴᠢᠷ ᠢ᠋ ᠮᠡᠳᠡᠵᠦ ᠮᠣᠷᠢ ᠪᠠᠨ ᠭᠤᠶᠠᠳᠠᠵᠤ ᠵᠢᠭᠤᠲᠠᠭᠰᠠᠨ ᠳ᠋ᠤ᠌᠂ ᠪᠣᠯᠣᠳ ᠢ᠋ ᠬᠥᠲᠥᠯᠵᠦ ᠶᠠᠪᠤᠭᠰᠠᠨ ᠨᠢᠭᠡ ᠬᠥᠮᠦᠨ ᠡᠴᠡ ᠪᠤᠰᠤᠳ ᠬᠣᠶᠠᠷ ᠨᠢ ᠬᠣᠢᠨ᠎ᠠ ᠠ᠋ᠴᠠ ᠨᠢ ᠬᠥᠭᠡᠭᠡᠭᠰᠡᠨ ᠪᠣᠯᠪᠠᠴᠤ ᠪᠠᠯᠭᠠᠷᠮᠠ ᠶ᠋ᠢᠨ ᠮᠣᠷᠢ ᠰᠠᠶᠢ ᠤᠨᠤᠭᠰᠠᠨ ᠲᠤᠯᠠ ᠴᠠᠬᠢᠯᠭᠠᠨ ᠮᠡᠲᠦ ᠭᠢᠯᠠᠯᠵᠠᠨ ᠳᠠᠯᠳᠠ ᠣᠷᠣᠪᠠ᠃
ᠦᠳᠡ ᠨᠢᠭᠡᠨᠲᠡ ᠬᠡᠯᠪᠡᠢᠵᠦ᠂ ᠥᠷᠯᠥᠭᠡᠨ ᠦ᠌ ᠴᠡᠯᠮᠡᠭ ᠲᠩᠷᠢ ᠳ᠋ᠦ᠍ ᠪᠠᠷᠠᠭᠠᠨ ᠡᠭᠦᠯᠡ ᠲᠠᠯ᠎ᠠ ᠲᠠᠯ᠎ᠠ ᠠ᠋ᠴᠠ ᠬᠤᠷᠠᠯᠳᠤᠭᠠᠳ ᠪᠣᠷᠣᠭᠠᠨ ᠣᠷᠣᠬᠤ ᠲᠥᠯᠥᠪ ᠲᠡᠢ ᠪᠣᠯᠵᠤ᠂ ᠵᠢᠬᠡᠭᠦᠨ ᠰᠠᠯᠬᠢ ᠰᠡᠷ ᠰᠡᠷ ᠰᠠᠯᠬᠢᠯᠠᠨ᠎ᠠ᠃ ᠪᠣᠯᠣᠳ ᠲᠡᠳᠡ ᠭᠤᠷᠪᠠ ᠶ᠋ᠢᠨ ᠳᠤᠮᠳᠠ ᠬᠥᠲᠥᠯᠦᠭᠳᠡᠨ ᠶᠠᠪᠤᠬᠤ ᠪᠥᠭᠡᠳ ᠬᠦᠯᠢᠶᠡ ᠶ᠋ᠢᠨ ᠰᠤᠷ ᠨᠢ ᠮᠢᠬᠠᠨ ᠳ᠋ᠤ᠌ ᠰᠢᠭᠢᠳᠴᠦ ᠵᠢᠰᠦ ᠴᠢᠷᠠᠢ ᠨᠢ ᠤᠯᠠᠮ ᠰᠢᠷᠠᠯᠠᠨ ᠡᠨᠡᠯᠦᠨᠡ᠃ ᠬᠠᠮᠢᠭ᠎ᠠ ᠠᠪᠠᠴᠢᠬᠤ᠂ ᠶᠠᠭᠤᠨ ᠪᠣᠯᠬᠤ ᠶ᠋ᠢ ᠮᠡᠳᠡᠬᠦ ᠦᠭᠡᠢ ᠭᠠᠯᠢᠷᠠᠨ ᠬᠠᠶᠠ ᠬᠠᠶᠠ ᠲᠡᠳᠡᠨ ᠢ᠋ ᠮᠠᠭᠤᠬᠠᠢ ᠬᠠᠷᠠᠨ᠎ᠠ᠃ ᠬᠠᠷᠢᠯᠴᠠᠨ ᠶᠠᠷᠢᠯᠴᠠᠬᠤ ᠶ᠋ᠢ ᠰᠣᠨᠣᠰᠪᠠᠯ《ᠡᠨᠡ ᠵᠠᠩᠵᠤᠨ ᠲᠡᠷᠡ ᠵᠠᠩᠵᠤᠨ᠂ ᠲᠡᠢᠮᠦ ᠬᠤᠪᠢᠯᠭᠠᠨ᠂ ᠡᠢᠮᠦ ᠳᠠᠷᠠ ᠡᠬᠡ 》 ᠭᠡᠯᠴᠡᠬᠦ ᠪᠥᠭᠡᠳ ᠪᠠᠰᠠ ᠢᠩᠭᠢᠵᠦ ᠠᠯᠠᠪᠠᠯ ᠪᠠᠬᠠᠲᠠᠢ᠂ ᠲᠡᠭᠡᠵᠦ ᠠᠯᠠᠪᠠᠯ ᠲᠠᠭᠠᠲᠠᠢ ᠭᠡᠵᠦ ᠦᠭᠦᠯᠡᠯᠳᠦᠬᠦ ᠨᠢ ᠴᠢᠬᠢᠨ ᠳ᠋ᠦ᠍ ᠰᠣᠨᠣᠰᠬᠤ ᠳ᠋ᠤ᠌ ᠠᠶ᠎ᠠ ᠦᠭᠡᠢ᠃
ᠨᠠᠷᠠᠨ ᠪᠠᠷᠠᠭᠤᠨ ᠳᠠᠰᠢ ᠬᠡᠯᠪᠡᠢᠬᠦ ᠦᠶᠡᠰ ᠨᠢᠭᠡᠨ ᠠᠭᠤᠯᠠ ᠶ᠋ᠢᠨ ᠠᠮᠠ ᠶ᠋ᠢ ᠥᠭᠰᠥᠨ ᠶᠠᠪᠤᠭᠰᠠᠭᠠᠷ ᠤᠳᠠᠯ ᠦᠭᠡᠢ ᠲᠡᠳᠡᠨ ᠦ᠌ ᠡᠭᠦᠷᠯᠡᠭᠰᠡᠨ ᠭᠠᠵᠠᠷ ᠬᠦᠷᠪᠡ᠃ ᠨᠢᠭᠡ ᠪᠢᠴᠢᠬᠠᠨ ᠬᠡᠢᠳ ᠦ᠋ᠨ ᠳᠤᠭᠠᠩ ᠰᠦᠮ᠎ᠡ ᠶ᠋ᠢᠨ ᠠᠯᠲᠠᠨ ᠭᠠᠨᠵᠢᠷ᠎ᠠ᠂ ᠣᠷᠣᠢ ᠶ᠋ᠢᠨ ᠨᠠᠷᠠᠨ ᠤ᠋ ᠭᠡᠷᠡᠯ ᠳ᠋ᠦ᠍ ᠦᠵᠡᠰᠬᠦᠯᠡᠩ ᠲᠡᠢ ᠪᠡᠷ ᠭᠢᠯᠠᠯᠵᠠᠵᠤ᠂ ᠮᠥᠷᠭᠥᠯᠴᠢᠨ ᠠᠷᠠᠳ ᠤ᠋ᠨ ᠰᠡᠳᠬᠢᠯ ᠢ᠋ ᠨᠡᠪᠲᠡ ᠰᠣᠷᠣᠬᠤ ᠪᠣᠯᠪᠠᠴᠤ ᠲᠡᠭᠦᠨ ᠦ᠌ ᠳᠡᠷᠭᠡᠳᠡ ᠡᠴᠡ ᠠᠮᠢᠲᠠᠨ ᠬᠥᠮᠦᠨ ᠢ᠋ ᠠᠯᠠᠬᠤ ᠪᠤᠵᠠᠷ ᠶᠠᠷᠭᠠᠴᠢᠨ ᠭᠠᠷᠤᠨ᠎ᠠ ᠭᠡᠵᠦ ᠬᠡᠨ ᠶᠠᠭᠠᠬᠢᠵᠤ ᠰᠠᠨᠠᠬᠤ ᠪᠣᠢ᠃
ᠲᠡᠷᠡ ᠬᠦ᠌ ᠬᠡᠢᠳ ᠦ᠋ᠨ ᠬᠠᠵᠠᠭᠤ ᠳ᠋ᠤ᠌ ᠡᠭᠦᠳᠡᠨ ᠳᠡᠭᠡᠷ᠎ᠡ ᠬᠢᠭᠢᠷᠢ ᠲᠤᠭ ᠪᠠ ᠬᠡᠢ ᠮᠣᠷᠢ ᠵᠡᠷᠭᠡ ᠶ᠋ᠢ ᠬᠡᠢᠰᠬᠡᠭᠰᠡᠨ ᠬᠡᠳᠦᠨ ᠭᠡᠷ ᠦ᠋ᠨ ᠬᠣᠭᠣᠷᠣᠨᠳᠣ ᠡᠷ᠎ᠡ ᠡᠮ᠎ᠡ᠂ ᠯᠠᠮᠠ ᠬᠠᠷ᠎ᠠ ᠬᠡᠳᠦᠨ ᠵᠠᠭᠤᠨ ᠬᠥᠮᠦᠨ ᠡᠰᠢ ᠳᠠᠰᠢ ᠪᠤᠵᠢᠭᠢᠨᠠᠯᠳᠤᠬᠤ ᠪᠠ ᠡᠨᠳᠡ ᠲᠡᠨᠳᠡ ᠬᠡᠰᠡᠭ ᠬᠡᠰᠡᠭ ᠢ᠋ᠶ᠋ᠡᠷ ᠪᠦᠯᠦᠭᠯᠡᠯᠳᠦᠨᠠ᠃
ᠵᠡᠭᠦᠨ ᠭᠡᠷ ᠦ᠋ᠨ ᠬᠠᠵᠠᠭᠤ ᠪᠠᠷ ᠥᠩᠭᠡᠷᠡᠬᠦ ᠳ᠋ᠦ᠍ ᠭᠠᠪ ᠭᠢᠨᠵᠢ ᠬᠠᠩᠭᠢᠨᠠᠬᠤ᠂ ᠬᠥᠮᠦᠨ ᠭᠠᠰᠠᠯᠬᠤ ᠳᠠᠭᠤ ᠭᠠᠷᠤᠨ᠂ ᠪᠠᠰᠠ ᠱᠠᠬᠠᠢ ᠳᠡᠰ ᠨᠢᠰ ᠭᠡᠵᠦ᠂ ᠬᠥᠮᠦᠨ ᠦ᠌ ᠶᠣᠢᠯᠠᠬᠤ ᠨᠢ ᠬᠣᠯᠠ ᠠ᠋ᠴᠠ ᠰᠣᠨᠣᠰᠳᠠᠨ᠎ᠠ᠃ ᠪᠣᠯᠣᠳ᠂ ᠬᠥᠮᠦᠨ ᠪᠣᠯᠤᠭᠰᠠᠭᠠᠷ ᠡᠢᠮᠦ ᠶᠠᠭᠤᠮ᠎ᠠ ᠦᠵᠡᠭᠰᠡᠨ ᠦᠭᠡᠢ ᠲᠤᠯᠠ ᠦᠨᠡᠬᠡᠷ ᠨᠢᠳᠦ ᠬᠠᠯᠲᠤᠷᠢᠵᠤ ᠰᠡᠳᠬᠢᠯ ᠰᠡᠷᠵᠢᠭᠢᠨᠡᠨ᠂ ᠵᠡᠭᠦᠳᠦ ᠵᠡᠷᠭᠡᠯᠭᠡᠨ ᠦᠯᠢᠭᠡᠷ ᠳᠣᠮᠣᠭ ᠮᠡᠲᠦ ᠪᠣᠯᠵᠤ ᠭᠠᠢᠬᠠᠨ᠎ᠠ᠃
ᠥᠨᠥᠬᠢ ᠭᠤᠷᠪᠠᠨ ᠬᠥᠮᠦᠨ ᠬᠠᠮᠤᠭ ᠤ᠋ᠨ ᠪᠠᠷᠠᠭᠤᠨ ᠲᠠᠯ᠎ᠠ ᠶ᠋ᠢᠨ ᠭᠡᠷ ᠦ᠋ᠨ ᠳᠡᠷᠭᠡᠳᠡ ᠬᠦᠷᠴᠦ ᠣᠴᠢᠭᠰᠠᠨ ᠳ᠋ᠤ᠌ ᠡᠮᠦᠨ᠎ᠡ ᠡᠴᠡ ᠨᠢ ᠬᠣᠶᠠᠷ ᠭᠤᠷᠪᠠᠨ ᠬᠥᠮᠦᠨ ᠤᠭᠲᠤᠨ ᠮᠣᠷᠢᠳ ᠢ᠋ ᠨᠢ ᠠᠪᠤᠪᠠ᠃ ᠪᠣᠯᠣᠳ ᠢ᠋ ᠪᠠᠭᠤᠯᠭᠠᠵᠤ ᠤᠷᠤᠭᠰᠢ ᠬᠥᠲᠥᠯᠦᠨ ᠨᠡᠯᠢᠶᠡᠳ ᠬᠣᠯᠠ ᠠᠪᠠᠴᠢᠵᠤ᠂ ᠬᠦᠯᠢᠶᠡᠰᠦᠲᠡᠢ ᠬᠥᠭᠰᠢᠨ ᠵᠠᠯᠠᠭᠤ ᠠᠷᠪᠠ ᠢᠯᠡᠭᠦᠦ ᠬᠥᠮᠦᠰ ᠲᠡᠢ ᠨᠡᠢᠯᠡᠭᠦᠯᠦᠨ ᠬᠥᠯ ᠳ᠋ᠦ᠍ ᠲᠡᠮᠦᠷ ᠲᠤᠱᠠ ᠳᠣᠷᠭᠣᠨ ᠣᠷᠬᠢᠪᠠ᠃
ᠪᠣᠯᠣᠳ ᠤᠷᠢᠳᠤ ᠲᠠᠨᠢᠭ᠎ᠠ ᠦᠭᠡᠢ ᠬᠡᠨ ᠪᠣᠯᠬᠤ ᠶ᠋ᠢ ᠮᠡᠳᠡᠭᠡ ᠦᠭᠡᠢ ᠪᠣᠯᠪᠠᠴᠤ᠂ ᠥᠪᠡᠷ ᠦ᠋ᠨ ᠰᠢᠨ᠎ᠡ ᠨᠥᠬᠥᠳ ᠪᠣᠯᠬᠤ ᠲᠡᠳᠡᠨ ᠲᠡᠢ ᠮᠡᠨᠳᠦᠯᠡᠨ ᠶᠠᠮᠠᠷ ᠶᠠᠭᠤᠮᠠᠨ ᠳ᠋ᠤ᠌ ᠣᠷᠣᠭᠰᠠᠨ ᠪᠣᠯᠬᠤ ᠤᠴᠢᠷ ᠢ᠋ ᠠᠰᠠᠭᠤᠪᠠᠯ ᠣᠯᠠᠩᠬᠢ ᠨᠢ ᠳᠠᠭᠤ ᠭᠠᠷᠴᠤ ᠴᠢᠳᠠᠬᠤ ᠦᠭᠡᠢ᠃ ᠨᠢᠭᠡ ᠬᠣᠶᠠᠷ ᠬᠥᠮᠦᠨ ᠦ᠌ ᠳᠣᠷᠣᠢ ᠳᠠᠭᠤ ᠪᠠᠷ ᠥᠭᠦᠯᠡᠬᠦ ᠨᠢ᠄《ᠦᠬᠦᠬᠦ ᠶ᠋ᠢ ᠬᠦᠯᠢᠶᠡᠵᠦ ᠪᠠᠢᠭ᠎ᠠ ᠪᠥᠭᠡᠳ ᠲᠠᠮᠤᠯᠠᠭᠤᠯᠵᠤ ᠠᠯᠠᠭᠤᠯᠪᠠᠯ ᠵᠠᠶᠠᠭ᠎ᠠ ᠲᠡᠷᠡ》 ᠭᠡᠯᠴᠡᠨ᠎ᠡ᠃ ᠪᠣᠯᠣᠳ ᠴᠣᠴᠢᠨ ᠴᠢᠨᠠᠭᠰᠢ ᠨᠠᠷᠢᠪᠴᠢᠯᠠᠨ ᠠᠰᠠᠭᠤᠪᠠᠯ ᠳᠥᠴᠢ ᠭᠠᠷᠤᠢ ᠨᠠᠰᠤᠲᠠᠢ ᠨᠢᠭᠡ ᠬᠠᠷ᠎ᠠ ᠬᠥᠮᠦᠨ᠄《ᠡᠨᠡ ᠪᠣᠯ ᠸᠴᠢᠷᠪᠠᠲᠤ ᠶ᠋ᠢᠨ ᠶᠠᠮᠤᠨ ᠭᠡᠭᠴᠢ ᠶᠦᠮ》 ᠭᠡᠨ᠎ᠡ᠃ ᠦᠵᠡᠪᠡᠯ ᠸᠴᠢᠷᠪᠠᠲᠤ ᠲᠠᠮᠤ ᠭᠡᠵᠦ ᠶᠠᠷᠢᠯᠴᠠᠳᠠᠭ ᠮᠥᠨ ᠰᠢᠭ ᠪᠠᠢᠨ᠎ᠠ᠃《ᠮᠢᠨᠦ ᠬᠦᠦ ᠬᠣᠲᠠ ᠳ᠋ᠤ᠌ ᠠᠯᠪᠠᠨ ᠬᠠᠭᠠᠳᠠᠭ ᠲᠤᠯᠠ ᠪᠢ ᠪᠠᠷᠢᠭᠳᠠᠵᠤ ᠢᠷᠡᠭᠡᠳ ᠪᠠᠢᠴᠠᠭᠠᠯᠭᠠᠭᠰᠠᠭᠠᠷ ᠳᠥᠷᠪᠡ ᠬᠣᠨᠣᠪᠠ᠃ ᠡᠳᠡ ᠪᠣᠯ ᠰᠠᠶᠢᠬᠠᠨ ᠬᠡᠳᠦ ᠬᠣᠨᠣᠭ ᠤ᠋ᠨ ᠳᠣᠲᠣᠷ᠎ᠠ ᠭᠠᠷᠤᠭᠠᠳ ᠣᠢᠷ᠎ᠠ ᠬᠠᠪᠢ ᠶ᠋ᠢᠨ ᠬᠥᠮᠦᠨ ᠮᠠᠯ ᠢ᠋ ᠰᠦᠢᠳᠬᠡᠨ ᠪᠠᠢᠨ᠎ᠠ᠃ ᠶᠡᠬᠡ ᠲᠥᠯᠥᠪ ᠯᠠᠮᠠ ᠬᠤᠸᠠᠷᠠᠭ ᠬᠥᠮᠦᠰ᠂ ᠠᠯᠠᠬᠤ ᠲᠠᠯᠠᠬᠤ ᠠ᠋ᠴᠠ ᠥᠭᠡᠷ᠎ᠡ ᠶᠠᠭᠤᠮ᠎ᠠ ᠮᠡᠳᠡᠬᠦ ᠦᠭᠡᠢ ᠵᠡᠷᠯᠢᠭ ᠠᠷᠢᠶᠠᠲᠠᠨ ᠰᠢᠭ᠋ ᠵᠠᠩᠨᠠᠬᠤ ᠡᠢᠮᠦ ᠠᠶᠤᠯ ᠲᠠᠢ ᠶᠠᠭᠤᠮ᠎ᠠ ᠶ᠋ᠢ ᠶᠡᠷᠦ ᠦᠵᠡᠭᠰᠡᠨ ᠦᠭᠡᠢ》 ᠭᠡᠵᠦ ᠶᠠᠷᠢᠪᠠ᠃
ᠪᠠᠰᠠ ᠨᠢᠭᠡ ᠬᠥᠮᠦᠨ ᠬᠣᠷᠢᠨ ᠳᠣᠯᠣᠭ᠎ᠠ ᠨᠠᠢ᠍ᠮᠠᠨ ᠨᠠᠰᠤᠲᠠᠢ᠃ ᠡᠳᠡᠨ ᠦ᠌ ᠵᠠᠩᠵᠤᠨ ᠭᠡᠭᠴᠢ ᠨᠢ ᠨᠢᠭᠡ ᠰᠢᠳᠡᠮ ᠠᠳᠢᠰᠯᠠᠨ ᠥᠭᠴᠦ ᠴᠡᠷᠢᠭ ᠲᠦ᠍ ᠶᠠᠪᠤ ᠭᠡᠰᠡᠨ ᠢ᠋ ᠡᠰᠡ ᠬᠦᠯᠢᠶᠡᠭᠰᠡᠨ ᠤᠴᠢᠷ ᠮᠠᠷᠭᠠᠰᠢ ᠰᠢᠷᠪᠥᠰᠥ ᠶ᠋ᠢ ᠰᠤᠭᠤᠯᠵᠤ ᠠᠯᠠᠬᠤ ᠭᠡᠰᠡᠨ ᠭᠡᠨ᠎ᠡ᠃ ᠵᠡᠭᠦᠨ ᠲᠠᠯ᠎ᠠ ᠶ᠋ᠢᠨ ᠬᠠᠴᠠᠷ ᠨᠢ ᠰᠢᠷᠬ᠎ᠠ ᠪᠦᠬᠦᠢ ᠶ᠋ᠢ ᠠᠰᠠᠭᠤᠪᠠᠯ《ᠥᠴᠥᠭᠡᠳᠦᠷ ᠨᠠᠶᠠ ᠱᠠᠬᠠᠢᠳᠠᠭᠤᠯᠤᠭᠰᠠᠨ》 ᠭᠡᠳ ᠣᠯᠠᠨ ᠦᠭᠡ ᠬᠡᠯᠡᠵᠦ ᠴᠢᠳᠠᠭᠰᠠᠨ ᠦᠭᠡᠢ᠃ ᠪᠣᠯᠣᠳ ᠡᠳᠡᠭᠡᠷ ᠪᠠᠢᠳᠠᠯ ᠢ᠋ ᠦᠵᠡᠵᠦ ᠰᠣᠨᠣᠰᠬᠤ ᠳᠣᠳᠣᠮ ᠮᠥᠨ ᠬᠦ᠌ ᠬᠥᠮᠦᠰ ᠢ᠋ ᠬᠠᠢᠷᠠᠯᠠᠨ ᠡᠨᠡᠷᠢᠵᠦ ᠨᠢᠭᠦᠯᠡᠰᠬᠦ ᠶ᠋ᠢᠨ ᠬᠠᠮᠲᠤ ᠲᠡᠳᠡᠨ ᠦ᠌ ᠬᠠᠷᠭᠢᠰ ᠳᠣᠭᠰᠢᠨ ᠢ᠋ ᠭᠠᠢᠬᠠᠵᠤ ᠶᠠᠳᠠᠬᠤ ᠪᠥᠭᠡᠳ ᠬᠣᠭᠣᠰᠣᠭᠠᠷ ᠰᠡᠳᠬᠢᠯ ᠡᠪᠳᠡᠷᠡᠨ ᠪᠠᠢᠬᠤ ᠦᠶᠡᠰ ᠪᠠᠷᠠᠭᠤᠨ ᠭᠡᠷ ᠡᠴᠡ ᠥᠨᠥᠬᠢ ᠭᠤᠷᠪᠠ ᠪᠠᠰᠠ ᠭᠤᠷᠪᠠ ᠳᠥᠷᠪᠡᠨ ᠬᠥᠮᠦᠨ ᠦ᠌ ᠬᠠᠮᠲᠤ ᠭᠠᠷᠴᠤ ᠢᠷᠡᠭᠡᠳ ᠨᠢᠳᠦ ᠪᠡᠨ ᠪᠦᠯᠲᠡᠢᠯᠭᠡᠨ ᠰᠢᠳᠦ ᠪᠡᠨ ᠢᠷᠵᠠᠢᠯᠭᠠᠨ ᠲᠡᠳᠡᠭᠡᠷ ᠬᠦᠯᠢᠶᠡ ᠲᠡᠢ ᠬᠥᠮᠦᠰ ᠢ᠋᠄《ᠪᠢ ᠡᠭᠦᠨ ᠢ᠋ ᠢᠩᠭᠢᠵᠦ ᠠᠯᠠᠨ᠎ᠠ᠃ ᠴᠢ ᠲᠡᠭᠦᠨ ᠢ᠋ ᠲᠡᠭᠡᠵᠦ ᠠᠯᠠ》 ᠭᠡᠵᠦ ᠵᠢᠭᠠᠨ ᠶᠠᠷᠢᠯᠴᠠᠬᠤ ᠨᠢ ᠦᠨᠡᠬᠡᠷ ᠮᠠᠩᠭᠤᠰ ᠭᠡᠭᠴᠢ ᠰᠢᠭ᠃ ᠭᠡᠲᠡᠯ᠎ᠡ ᠨᠢᠭᠡ ᠨᠣᠭᠣᠭᠠᠨ ᠳᠡᠪᠡᠯ ᠲᠡᠢ ᠭᠬᠢᠪ ᠬᠠᠳᠠᠭ ᠵᠡᠭᠦᠭᠰᠡᠨ ᠬᠡᠦᠬᠡᠨ ᠲᠡᠳᠡᠨ ᠦ᠌ ᠳᠤᠮᠳᠠ ᠰᠠᠯᠪᠠᠭᠠᠨᠠᠨ ᠶᠠᠪᠤᠬᠤ ᠪᠥᠭᠡᠳ ᠬᠣᠭᠣᠷᠣᠨᠳᠣ ᠳᠠᠭᠤᠳᠠᠬᠤ ᠶ᠋ᠢ ᠨᠢ ᠰᠣᠨᠣᠰᠪᠠᠯ ᠳᠠᠷᠠ ᠡᠬᠡ ᠭᠡᠨ᠎ᠡ᠃ ᠪᠣᠯᠣᠳ ᠤ᠋ᠨ ᠳᠡᠷᠭᠡᠳᠡ ᠠᠯᠴᠠᠭᠠᠨᠠᠨ ᠢᠷᠡᠵᠦ᠄《ᠪᠢ ᠡᠭᠦᠨ ᠢ᠋ ᠮᠠᠷᠭᠠᠰᠢ ᠠᠯᠠᠨ᠎ᠠ》 ᠭᠡᠵᠦ ᠮᠣᠽᠸᠷ ᠫᠤᠤ ᠪᠠᠷ ᠴᠢᠴᠢᠬᠦ ᠨᠢ ᠢᠨᠢᠶᠡᠳᠦ ᠲᠡᠢ᠂ ᠡᠢᠮᠦ ᠥᠯᠥᠭᠴᠢᠨ ᠪᠠᠰᠠ ᠶᠠᠪᠤᠯᠴᠠᠨ᠎ᠠ᠃
ᠥᠨᠥ ᠥᠷᠯᠥᠭᠡ ᠭᠠᠷᠤᠭᠰᠠᠨ ᠪᠣᠯᠣᠳ ᠮᠥᠨ ᠦᠳᠡᠰᠢ ᠰᠠᠨᠠᠮᠰᠠᠷ ᠦᠭᠡᠢ ᠫᠤᠤ ᠶ᠋ᠢᠨ ᠠᠮᠠᠨ ᠳ᠋ᠤ᠌ ᠲᠣᠬᠢᠶᠠᠯᠳᠤᠭᠠᠳ ᠪᠠᠢᠭ᠎ᠠ ᠶ᠋ᠢ ᠬᠡᠨ ᠣᠯᠵᠤ ᠮᠡᠳᠡᠨ᠎ᠡ᠂ ᠦᠳᠡ ᠶ᠋ᠢᠨ ᠬᠣᠨᠢ ᠢᠷᠡᠭᠰᠡᠨ ᠦᠭᠡᠢ ᠣᠷᠣᠢ ᠪᠠᠰᠠ ᠦᠭᠡᠢ ᠪᠣᠯᠬᠤ ᠳ᠋ᠤ᠌ ᠪᠣᠯᠣᠳ ᠤ᠋ᠨ ᠭᠡᠷ ᠦ᠋ᠨ ᠬᠥᠮᠦᠰ ᠭᠠᠢᠬᠠᠨ ᠶᠠᠳᠠᠬᠤ ᠪᠥᠭᠡᠳ《ᠮᠣᠷᠢ ᠪᠠᠨ ᠠᠯᠳᠠᠪᠠᠤ? ᠶᠠᠭᠤᠨ ᠪᠣᠯᠪᠠ?》 ᠭᠡᠵᠦ ᠳᠡᠮᠡᠢ ᠡᠷᠭᠢᠴᠡᠭᠦᠯᠦᠨ᠎ᠡ᠃ ᠭᠡᠲᠡᠯ᠎ᠡ ᠨᠠᠷᠠᠨ ᠰᠢᠩᠭᠡᠬᠦ ᠶ᠋ᠢᠨ ᠦᠶ᠎ᠡ ᠳ᠋ᠦ᠍ ᠪᠠᠯᠭᠠᠷᠮᠠ ᠬᠦᠷᠴᠦ ᠢᠷᠡᠭᠡᠳ ᠪᠣᠯᠣᠳ ᠪᠤᠴᠠᠵᠤ ᠢᠷᠡᠭᠰᠡᠨ ᠡᠰᠡᠭᠰᠡᠨ ᠢ᠋ ᠠᠰᠠᠭᠤᠬᠤ ᠳ᠋ᠤ᠌᠂ ᠲᠡᠳᠡ ᠶᠡᠬᠡᠳᠡ ᠴᠦᠴᠡ ᠣᠳᠣ ᠬᠦᠷᠲᠡᠯ᠎ᠡ ᠢᠷᠡᠭᠡ ᠦᠭᠡᠢ ᠭᠡᠬᠦ ᠪᠥᠭᠡᠳ ᠶᠠᠮᠠᠷ ᠤᠴᠢᠷ ᠪᠣᠯᠤᠭᠰᠠᠨ ᠲᠥᠯᠥᠪ ᠢ᠋ ᠪᠠᠯᠭᠠᠷᠮᠠ ᠠ᠋ᠴᠠ ᠰᠣᠨᠣᠰᠤᠭᠠᠳ ᠪᠣᠯᠣᠳ ᠤ᠋ᠨ ᠡᠴᠢᠭᠡ ᠡᠭᠡᠴᠢ ᠬᠣᠶᠠᠷ ᠮᠣᠷᠢ ᠡᠮᠡᠭᠡᠯᠯᠡᠨ ᠳᠠᠷᠤᠢ ᠡᠷᠢᠬᠦ ᠪᠡᠷ ᠣᠳᠪᠠ᠃
ᠲᠡᠳᠡᠭᠡᠷ ᠬᠥᠮᠦᠰ ᠢ᠋ ᠳᠡᠭᠡᠷᠡᠮᠴᠢᠨ ᠪᠤᠶᠤ ᠵᠠᠨᠳᠠᠯᠴᠢᠨ ᠪᠤᠶᠤ ᠭᠡᠵᠦ ᠬᠡᠯᠡᠯᠴᠡᠭᠡᠨ ᠥᠷᠨᠢᠵᠦ ᠪᠠᠢᠬᠤ ᠳ᠋ᠤ᠌ ᠵᠡᠭᠦᠨ ᠠᠢᠯ ᠤ᠋ᠨ ᠭᠣᠩᠭᠣᠷ ᠲᠠᠢᠵᠢ ᠰᠠᠭᠤᠯᠴᠠᠨ ᠪᠠᠢᠭᠰᠠᠨ ᠪᠢᠯᠡ᠃ ᠡᠨᠡ ᠬᠥᠮᠦᠨ ᠪᠣᠯ ᠬᠠᠭᠤᠴᠢᠨ ᠴᠠᠭ ᠤ᠋ᠨ ᠹᠧᠣᠳᠠᠯ᠂ ᠨᠢᠳᠤᠨᠤᠨ ᠡᠪᠦᠯ ᠪᠠ ᠮᠥᠨ ᠬᠠᠪᠤᠷ ᠲᠠᠷᠢᠶᠠᠲᠤ ᠶ᠋ᠢᠨ ᠬᠦᠷᠢᠶ᠎ᠡ ᠬᠡᠳᠦ ᠣᠷᠣᠬᠤ ᠳ᠋ᠠᠭᠠᠨ ᠶᠡᠬᠡᠬᠡᠨ ᠯᠠᠮᠠ ᠨᠠᠷ ᠲᠠᠢ ᠤᠳᠠᠭ᠎ᠠ ᠪᠦᠷᠢ ᠤᠴᠠᠷᠠᠵᠤ᠂ ᠡᠰᠡᠷᠭᠦᠦ ᠭᠠᠷᠭᠠᠬᠤ ᠶ᠋ᠢᠨ ᠦᠨᠦᠷ ᠢ᠋ ᠪᠠᠭ᠎ᠠ ᠮᠡᠳᠡᠭᠰᠡᠨ ᠪᠣᠯᠪᠠᠴᠤ᠂ ᠪᠠᠬᠠᠨ ᠠᠶᠤᠵᠤ ᠲᠣᠪ ᠳᠤᠭᠤᠢ ᠴᠢᠩᠨᠠᠵᠤ ᠰᠠᠭᠤᠭᠰᠠᠨ ᠲᠤᠯᠠ ᠡᠨᠡ ᠮᠡᠲᠦ ᠶ᠋ᠢ ᠰᠣᠨᠣᠰᠤᠭᠠᠳ ᠲᠠᠷᠢᠬᠢᠨ ᠳ᠋ᠤᠨᠢ ᠭᠡᠷᠡᠯ ᠲᠣᠰᠴᠤ᠂ ᠬᠥᠯ ᠳᠡᠭᠳᠡᠨ ᠲᠡᠰᠬᠦ ᠦᠭᠡᠢ ᠳ᠋ᠡᠭᠡᠨ ᠠᠷᠭ᠎ᠠ ᠭᠠᠷᠭᠠᠵᠤ ᠪᠣᠯᠣᠳ ᠤ᠋ᠨ ᠲᠤᠯᠠ ᠯᠠᠮᠠ ᠨᠠᠷ ᠠ᠋ᠴᠠ ᠲᠥᠯᠭᠡ ᠦᠵᠡᠭᠦᠯᠵᠦ ᠢᠷᠡᠶ᠎ᠡ ᠭᠡᠵᠦ ᠰᠢᠯᠲᠠᠭᠠᠯᠠᠵᠤ᠂ ᠬᠠᠭᠤᠴᠢᠨ ᠶᠠᠩᠵᠤ ᠶ᠋ᠢᠨ ᠳᠡᠪᠡᠯ ᠢ᠋ᠶ᠋ᠡᠨ ᠡᠮᠦᠰᠦᠨ ᠵᠢᠩᠰᠡ ᠪᠡᠨ ᠰᠡᠮᠬᠡᠨ ᠢ᠋ᠶ᠋ᠡᠷ ᠡᠪᠦᠷᠲᠦᠯᠡᠨ ᠶᠠᠭᠠᠷᠠᠨ ᠮᠣᠷᠳᠠᠵᠤ᠂ ᠬᠦᠷᠢᠶᠡᠨ ᠦ᠌ ᠵᠦᠭ ᠶᠠᠪᠤᠪᠠ᠃
ᠭᠣᠩᠭᠣᠷ᠂ ᠶᠠᠪᠤᠬᠤ ᠵᠠᠮ ᠨᠢᠭᠡᠨᠲᠡ ᠬᠠᠷᠠᠩᠭᠤᠢ ᠪᠣᠯᠵᠤ ᠪᠦᠷᠦᠭ ᠪᠠᠷᠤᠭ ᠣᠳᠣᠨ ᠤ᠋ ᠰᠦᠮᠡᠯᠵᠡᠬᠦ ᠭᠡᠷᠡᠯ ᠳ᠋ᠦ᠍ ᠪᠣᠳᠣᠵᠤ ᠰᠠᠨᠠᠵᠤ ᠶᠠᠪᠤᠬᠤ ᠨᠢ《ᠬᠠᠭᠤᠴᠢᠨ ᠵᠠᠰᠠᠭ ᠪᠣᠰᠪᠠᠯ ᠳᠡᠭᠡᠳᠦᠰ ᠢ᠋ ᠪᠢᠯᠳᠠᠤᠴᠢᠯᠠᠨ ᠳᠣᠣᠷᠠᠳᠤᠰ ᠢ᠋ ᠳᠠᠷᠤᠯᠠᠨᠠ》 ᠭᠡᠵᠦ ᠵᠢᠷᠦᠬᠡ ᠨᠢ ᠳᠡᠯᠡᠳᠬᠦ ᠪᠥᠭᠡᠳ ᠠᠢᠯ ᠠᠢᠮᠠᠭ ᠰᠠᠭᠤᠭ᠎ᠠ ᠪᠣᠯᠣᠳ ᠢ᠋ ᠲᠤᠰᠠᠯᠠᠬᠤ ᠪᠢᠰᠢ ᠬᠠᠷᠢᠨ ᠲᠡᠷᠡ ᠦᠷᠡᠭᠳᠡᠪᠡᠯ ᠭᠡᠷ ᠦ᠋ᠨ ᠬᠥᠭᠰᠢᠳ ᠪᠦᠰᠡᠭᠦᠢᠴᠦᠳ ᠢ᠋ ᠨᠢ ᠮᠡᠬᠡᠯᠡᠵᠦ ᠳᠠᠷᠤᠯᠠᠬᠤ᠂ ᠬᠥᠷᠥᠩᠭᠡ ᠡᠴᠡ ᠨᠢ ᠵᠠᠪᠰᠢᠨᠠ ᠭᠡᠵᠦ ᠰᠢᠯᠦᠰᠦ ᠴᠤᠪᠤᠭᠤᠯᠵᠤ᠂ ᠴᠡᠭᠡᠵᠢ ᠨᠢ ᠣᠷᠣᠭᠰᠢ ᠲᠡᠮᠡᠣᠯᠠᠨ ᠪᠡᠭᠴᠡᠢᠨ ᠱᠣᠭᠰᠢᠨ᠎ᠠ᠃
ᠭᠡᠲᠡᠯ᠎ᠡ ᠪᠣᠯᠣᠳ ᠤ᠋ᠨ ᠭᠡᠷ ᠲᠦ᠍ ᠬᠣᠴᠣᠷᠤᠭᠰᠠᠣᠨ ᠠᠯᠮᠠᠢᠷᠠᠨ ᠪᠠᠢᠬᠤ ᠦᠶᠡᠰ ᠭᠠᠳᠠᠨ᠎ᠠ ᠬᠥᠮᠦᠰ᠄《ᠨᠣᠬᠠᠢ ᠬᠣᠷᠢ》 ᠭᠡᠬᠦ ᠳ᠋ᠦ᠍ ᠪᠣᠯᠣᠳ ᠤ᠋ᠨ ᠡᠬᠡ ᠶᠠᠭᠠᠷᠠᠨ ᠭᠠᠷᠪᠠᠯ ᠪᠠᠯᠳᠠᠨ ᠭᠡᠭᠴᠢ ᠬᠥᠮᠦᠨ ᠮᠣᠷᠢᠨ ᠠ᠋ᠴᠠ ᠪᠠᠨ ᠪᠠᠭᠤᠵᠤ ᠪᠠᠢᠨ᠎ᠠ᠃ ᠲᠡᠭᠦᠨ ᠦ᠌ ᠮᠣᠷᠢ ᠶᠡᠬᠡ ᠬᠥᠯᠥᠷᠡᠵᠦ ᠠᠮᠢᠰᠬᠤᠭᠠᠳᠠᠨ ᠵᠣᠭᠰᠣᠬᠤ ᠦᠭᠡᠢ᠂ ᠪᠠᠯᠳᠠᠨ᠄《ᠠᠪᠠᠭᠠᠢ ᠰᠠᠢᠨ ᠤᠤ?》 ᠭᠡᠳ ᠭᠡᠷ ᠲᠦ᠍ ᠣᠷᠣᠵᠤ ᠮᠡᠨᠳᠦ ᠠᠮᠤᠷ ᠤ᠋ᠨ ᠳᠠᠷᠠᠭ᠎ᠠ ᠨᠢᠭᠡ ᠠᠶᠠᠭ᠎ᠠ ᠴᠠᠢ ᠤᠤᠭᠤᠬᠤ ᠶ᠋ᠢᠨ ᠵᠠᠭᠤᠷ᠎ᠠ᠄《ᠬᠣᠢᠲᠤ ᠬᠤᠷᠰᠢᠶ᠎ᠠ ᠶ᠋ᠢ ᠡᠰᠡᠷᠭᠦᠴᠦᠳ ᠢᠷᠡᠵᠦ ᠳᠡᠭᠡᠷᠡᠮᠳᠡᠨ ᠲᠦᠢᠮᠡᠷᠳᠡᠪᠡ᠃ ᠡᠷᠬᠢᠯᠡᠭᠴᠢ ᠪᠠᠢᠭᠰᠠᠨ ᠨᠢᠭᠡ ᠬᠥᠮᠦᠨ ᠪᠠᠷᠢᠭᠳᠠᠪᠠ᠃ ᠪᠢ ᠠᠷᠠᠢ ᠵᠢᠭᠤᠲᠠᠨ ᠭᠠᠷᠪᠠ᠃ ᠪᠠᠷᠢᠭᠰᠠᠨ ᠬᠥᠮᠦᠨ ᠦ᠌ ᠪᠠᠷᠤᠭ ᠢ᠋ ᠠᠯᠠᠳᠠᠭ ᠭᠡᠨ᠎ᠡ᠃ ᠠᠯᠠᠬᠤ ᠳ᠋ᠠᠭᠠᠨ ᠠᠢᠬᠤᠪᠲᠤᠷ ᠲᠠᠮᠤᠯᠠᠳᠠᠭ ᠭᠡᠨ᠎ᠡ᠃ ᠪᠠᠷᠠᠭᠤᠨ ᠬᠣᠢᠲᠤ ᠰᠤᠮᠤᠳ ᠢ᠋ᠶ᠋ᠠᠷ ᠡᠢᠮᠦ ᠶᠠᠪᠤᠳᠠᠯ ᠭᠠᠷᠤᠭᠠᠳ ᠣᠳᠣ ᠨᠡᠯᠢᠶᠡᠳ ᠬᠣᠨᠣᠭ ᠪᠣᠯᠵᠤ ᠪᠠᠢᠨ᠎ᠠ》 ᠭᠡᠰᠡᠨ ᠳ᠋ᠦ᠍ ᠬᠥᠭᠰᠢᠨ ᠵᠠᠯᠠᠭᠤ ᠪᠦᠭᠦᠳᠡᠭᠡᠷ ᠳᠠᠭᠤ ᠠᠯᠲᠠᠨ ᠰᠠᠨᠳᠤᠷᠬᠤ ᠪᠥᠭᠡᠳ ᠪᠣᠯᠣᠳ ᠤ᠋ᠨ ᠡᠬᠡ᠄《ᠬᠦᠦ ᠮᠢᠨᠢ》 ᠭᠡᠵᠦ ᠬᠠᠰᠬᠢᠷᠤᠨ ᠮᠠᠭᠤᠵᠢᠷᠠᠨ ᠤᠨᠠᠪᠠ᠃ ᠪᠠᠯᠭᠠᠷᠮᠠ ᠭᠠᠯ ᠤ᠋ᠨ ᠬᠠᠵᠠᠭᠤ ᠳ᠋ᠤ᠌ ᠤᠬᠢᠯᠠᠨ ᠴᠢᠬᠤᠯᠳᠠᠨ᠎ᠠ᠃ ᠪᠣᠯᠣᠳ ᠤ᠋ᠨ ᠡᠪᠦᠭᠡ ᠡᠴᠢᠭᠡ ᠣᠳᠣ ᠳᠦᠷᠪᠡᠵᠦ ᠨᠡᠭᠦᠬᠦ ᠪᠤᠶᠤ ᠶᠠᠭᠠᠬᠢᠬᠤ ᠶ᠋ᠢ ᠪᠠᠯᠳᠠᠨ ᠲᠠᠢ ᠶᠠᠷᠢᠯᠴᠠᠬᠤ ᠪᠠ ᠬᠦᠦ ᠶ᠋ᠢᠨ ᠬᠣᠢᠨ᠎ᠠ ᠠ᠋ᠴᠠ ᠪᠠᠴᠢᠮᠳᠠᠨ᠎ᠠ᠃ ᠭᠡᠷ ᠦ᠋ᠨ ᠳᠣᠲᠣᠷ᠎ᠠ ᠤᠬᠢᠯᠠᠭᠠᠨ ᠮᠠᠢᠯᠠᠭᠠᠨ᠂ ᠦᠢᠮᠡᠭᠡᠨ ᠰᠠᠨᠳᠤᠷᠤᠭᠠᠨ ᠪᠣᠯᠤᠨ ᠤᠴᠢᠷ ᠢ᠋ᠶ᠋ᠠᠨ ᠣᠯᠵᠤ ᠴᠢᠳᠠᠬᠤ ᠦᠭᠡᠢ ᠪᠠᠢᠬᠤ ᠳ᠋ᠤ᠌ ᠪᠠᠯᠳᠠᠨ ᠬᠡᠯᠡᠪᠡ᠄《ᠤᠬᠢᠯᠠᠭᠠᠳ ᠰᠠᠨᠳᠤᠷᠤᠭᠠᠳ ᠶᠠᠮᠠᠷ ᠴᠤ ᠲᠤᠰᠠ ᠦᠭᠡᠢ᠂ ᠬᠠᠷᠢᠨ ᠬᠣᠲᠠ ᠠ᠋ᠴᠠ ᠠᠷᠠᠳ ᠤ᠋ᠨ ᠴᠡᠷᠢᠭ ᠢᠷᠡᠵᠦ ᠪᠠᠢᠬ᠎ᠠ ᠲᠤᠯᠠ ᠡᠷᠲᠡᠬᠡᠨ ᠲᠡᠭᠦᠨ ᠳ᠋ᠦ᠍ ᠬᠡᠯᠡ ᠪᠣᠯᠤᠨ ᠭᠠᠵᠠᠷᠴᠢᠯᠠᠪᠠᠯ ᠭᠠᠭᠴᠠᠬᠦ ᠠᠪᠤᠷᠠᠭᠳᠠᠬᠤ ᠮᠠᠭᠠᠳ ᠦᠭᠡᠢ᠃ ᠮᠢᠨᠦ ᠮᠣᠷᠢ ᠡᠴᠡᠭᠰᠡᠨ᠂ ᠨᠢᠳᠦ ᠪᠠᠰᠠ ᠮᠠᠭᠤ᠂ ᠲᠠ ᠡᠢᠮᠦ ᠨᠠᠰᠤᠲᠠᠢ᠂ ᠬᠡᠦᠬᠡᠳ ᠪᠠᠭᠠᠴᠤᠳ ᠪᠠᠢᠬᠤ ᠦᠭᠡᠢ ᠤᠤ? ᠲᠠᠨ ᠤ᠋ ᠠᠢᠯ ᠤ᠋ᠨ ᠭᠣᠩᠭᠣᠷ ᠶᠠᠭᠠᠬᠢᠭᠰᠠᠨ ᠪᠣᠢ?》 ᠭᠡᠵᠦ ᠪᠣᠯᠣᠳ ᠤ᠋ᠨ ᠡᠪᠦᠭᠡ ᠡᠴᠢᠭᠡ ᠲᠡᠢ ᠬᠡᠯᠡᠯᠴᠡᠬᠦ ᠶ᠋ᠢᠨ ᠰᠠᠴᠠᠭᠤ ᠭᠠᠯ ᠤ᠋ᠨ ᠳᠡᠷᠭᠡᠳᠡ ᠤᠬᠢᠯᠠᠨ ᠰᠠᠭᠤᠭ᠎ᠠ ᠬᠡᠦᠬᠡᠨ ᠪᠠᠯᠭᠠᠷᠮᠠ᠄《ᠪᠢ ᠶᠠᠪᠤᠶ᠎ᠠ》 ᠭᠡᠵᠦ ᠳᠠᠷᠤᠢ ᠪᠣᠰᠬᠤ ᠳ᠋ᠤ᠌ ᠲᠡᠳᠡ ᠵᠡᠷᠭᠡ ᠵᠡᠷᠭᠡ ᠪᠡᠷ᠄《ᠰᠥᠨᠢ ᠣᠷᠣᠢ ᠪᠣᠯᠬᠤ ᠭᠡᠵᠦ ᠪᠠᠢᠬᠤ ᠳ᠋ᠤ᠌ ᠭᠠᠵᠠᠷ ᠮᠡᠳᠡᠬᠦ ᠦᠭᠡᠢ ᠭᠠᠭᠴᠠ ᠬᠡᠦᠬᠡᠳ ᠴᠢ ᠶᠠᠭᠠᠬᠢᠵᠤ ᠴᠢᠳᠠᠨ᠎ᠠ》ᠭᠡᠵᠦ ᠬᠣᠷᠢᠭᠯᠠᠪᠠᠯ ᠪᠠᠯᠭᠠᠷᠮᠠ ᠡᠭᠦᠨ ᠳ᠋ᠦ᠍᠄《ᠪᠢ ᠡᠰᠡ ᠶᠠᠪᠤᠪᠠᠯ ᠬᠡᠨ ᠶᠠᠪᠤᠬᠤ ᠪᠣᠢ?》 ᠭᠡᠵᠦ ᠰᠢᠭᠤᠳ ᠮᠠᠷᠭᠤᠨ ᠭᠠᠷᠴᠤ ᠣᠳᠪᠠ᠃
ᠪᠠᠯᠭᠠᠷᠮᠠ ᠭᠡᠷ ᠡᠴᠡ ᠭᠠᠷᠬᠤ ᠳ᠋ᠤ᠌ ᠨᠢᠭᠡᠨᠲᠡ ᠪᠦᠷᠦᠢ ᠪᠠᠷᠤᠢ ᠪᠣᠯᠵᠠᠢ᠃ ᠬᠠᠶᠠᠭ᠎ᠠ ᠲᠣᠭᠣᠷᠢᠬᠤ ᠳ᠋ᠤ᠌ ᠵᠠᠮᠬᠠᠷᠠᠵᠤ ᠪᠠᠢᠭ᠎ᠠ ᠴᠠᠭᠠᠨ ᠭᠡᠭᠡ ᠳᠤᠮᠳᠠ᠂ ᠲᠡᠭᠦᠨ ᠦ᠌ ᠰᠠᠷᠠᠯ ᠮᠣᠷᠢᠨ ᠤ᠋ ᠬᠣᠶᠠᠷ ᠴᠢᠬᠢ ᠰᠣᠭᠣᠲᠣᠭᠣᠨᠠᠨ ᠬᠥᠳᠡᠯᠵᠦ ᠪᠠᠢᠬᠤ ᠪᠥᠭᠡᠳ ᠲᠤᠱᠠ ᠶ᠋ᠢ ᠲᠠᠢᠯᠤᠨ ᠮᠣᠷᠳᠠᠬᠤ ᠳ᠋ᠤ᠌ ᠭᠠᠵᠠᠷ ᠴᠠᠪᠴᠢᠯᠠᠨ ᠶᠠᠪᠤᠬᠤ ᠶ᠋ᠢ ᠲᠡᠮᠡᠦᠯᠪᠡ᠃ ᠪᠠᠯᠭᠠᠷᠮᠠ ᠬᠣᠲᠠ ᠠ᠋ᠴᠠ ᠭᠠᠷᠤᠮᠠᠭᠴᠠ ᠳᠠᠷᠤᠢ ᠬᠠᠲᠠᠷᠢᠭᠤᠯᠤᠨ ᠵᠡᠭᠦᠨ ᠡᠮᠦᠨ᠎ᠡ ᠵᠦᠭ ᠶᠠᠪᠤᠪᠠ᠃ ᠬᠥᠭᠡᠷᠦᠬᠦᠨ ᠪᠢᠴᠢᠬᠠᠨ ᠥᠬᠢᠨ ᠭᠦᠨ ᠰᠥᠨᠢ ᠶᠠᠭᠤᠨ ᠤ᠋ ᠲᠤᠯᠠ ᠶᠠᠭᠠᠬᠢᠵᠤ ᠶᠠᠪᠤᠬᠤ ᠶ᠋ᠢ ᠪᠣᠯᠵᠣᠬᠤ ᠳ᠋ᠤ᠌ ᠪᠡᠷᠬᠡ᠃
ᠬᠥᠮᠥᠰᠬᠡ ᠮᠡᠲᠦ ᠰᠢᠨ᠎ᠡ ᠶ᠋ᠢᠨ ᠰᠠᠷᠠᠨ ᠳᠠᠯᠳᠠ ᠣᠷᠣᠪᠠ᠃ ᠡᠰᠡᠷᠭᠦ ᠡᠲᠡᠭᠡᠳ ᠡᠴᠡ ᠰᠥᠨᠢ ᠶ᠋ᠢᠨ ᠰᠠᠯᠬᠢ ᠰᠡᠷ ᠰᠡᠷ ᠭᠡᠬᠦ ᠳᠦ ᠪᠠᠯᠭᠠᠷᠮᠠ ᠶ᠋ᠢᠨ ᠳᠣᠲᠣᠷ ᠵᠢᠬᠡᠭᠦᠴᠡᠨᠡ᠃ ᠰᠡᠳᠬᠢᠯ ᠦ᠋ᠨ ᠳᠣᠲᠣᠷ ᠤᠶᠠᠯᠳᠠᠵᠤ ᠪᠠᠢᠭᠰᠠᠨ ᠪᠣᠯᠣᠳ ᠦᠶ᠎ᠡ ᠦᠶ᠎ᠡ ᠦᠵᠡᠭᠳᠡᠵᠦ᠂ ᠦᠶ᠎ᠡ ᠦᠶ᠎ᠡ ᠦᠭᠡᠢ ᠪᠣᠯᠤᠨ᠎ᠠ᠃ ᠠᠶ᠎ᠠ ᠤᠴᠠᠷᠠᠵᠤ ᠠᠭᠤᠯᠵᠠᠬᠤ ᠶ᠋ᠢᠨ ᠵᠠᠶᠠᠭ᠎ᠠ ᠨᠡᠩ ᠢᠪᠴᠤᠤ ᠪᠣᠯᠵᠠᠢ᠃ ᠥᠨᠳᠥᠷ ᠳᠠᠪᠠᠭ᠎ᠠ ᠶ᠋ᠢ ᠥᠭᠰᠥᠨ ᠭᠦᠨ ᠣᠢ ᠶ᠋ᠢᠨ ᠳᠤᠮᠳᠠ ᠣᠷᠣᠬᠤ ᠳ᠋ᠤ᠌ ᠬᠠᠪ ᠬᠠᠷᠠᠩᠭᠤᠢ ᠶ᠋ᠢᠨ ᠳᠤᠮᠳᠠ ᠡᠩᠬᠦᠯ ᠳᠤᠩᠬᠤᠯ ᠦᠷᠭᠦᠯᠵᠢ ᠲᠣᠬᠢᠶᠠᠯᠳᠤᠵᠤ ᠡᠨᠳᠡ ᠲᠡᠨᠳᠡ ᠳᠡᠰ ᠨᠢᠰ ᠴᠢᠮᠡᠭᠡ ᠭᠠᠷᠭᠠᠨ ᠮᠣᠷᠢ ᠪᠠᠢᠨ ᠪᠠᠢᠨ ᠵᠣᠭ ᠲᠤᠰᠬᠤ ᠪᠥᠭᠡᠳ ᠲᠡᠭᠦᠨ ᠡᠴᠡ ᠵᠠᠮ ᠠᠯᠳᠠᠵᠤ ᠰᠢᠪᠡᠷᠢ ᠮᠣᠳᠣᠨ ᠤ᠋ ᠳᠣᠲᠣᠷ᠎ᠠ ᠳᠥᠷᠪᠡᠨ ᠵᠦᠭ ᠢ᠋ ᠢᠯᠭᠠᠬᠤ ᠦᠭᠡᠢ᠂ ᠬᠥᠮᠦᠨ ᠣᠯᠠᠨ ᠳ᠋ᠤ᠌ ᠲᠤᠰᠠ ᠶ᠋ᠢ ᠬᠦᠷᠭᠡᠨ᠎ᠡ ᠭᠡᠰᠡᠨ ᠨᠢ ᠬᠠᠴᠢᠨ ᠡᠵᠡᠭᠦᠢ ᠬᠡᠭᠡᠷ᠎ᠡ ᠭᠠᠵᠠᠷ ᠴᠢᠨᠣ᠎ᠠ ᠠᠷᠢᠶᠠᠲᠠᠨ ᠤ᠋ ᠵᠠᠭᠤᠰᠢ ᠪᠣᠯᠬᠤ ᠳ᠋ᠤ᠌ ᠪᠡᠯᠡᠳᠬᠡᠭᠳᠡᠵᠦ ᠴᠢᠬᠤᠯᠳᠠᠨ ᠠᠶᠤᠨ ᠴᠣᠴᠢᠵᠤ ᠦᠷᠭᠦᠯᠵᠢᠯᠡᠨ ᠪᠠᠢᠲᠠᠯ᠎ᠠ᠂ ᠭᠡᠨᠡᠳᠲᠡ ᠮᠣᠳᠣᠨ ᠳᠣᠲᠣᠷ᠎ᠠ ᠠ᠋ᠴᠠ ᠫᠤᠤ ᠶ᠋ᠢᠨ ᠳᠠᠭᠤ ᠭᠠᠷᠴᠤ ᠲᠡᠭᠦᠨ ᠦ᠌ ᠰᠤᠮᠤ ᠲᠣᠯᠣᠭᠠᠢ ᠳᠡᠭᠡᠭᠦᠷ ᠱᠤᠩᠭᠢᠨᠠᠨ ᠥᠩᠭᠡᠷᠡᠬᠦ ᠳ᠋ᠦ᠍ ᠮᠣᠷᠢᠨ ᠨᠢ ᠪᠤᠰᠬᠠᠨ ᠲᠣᠭᠲᠠᠵᠤ ᠶᠠᠳᠠᠵᠤ ᠪᠠᠢᠬᠤ ᠶ᠋ᠢᠨ ᠵᠠᠭᠤᠷ᠎ᠠ᠂ ᠬᠠᠵᠠᠭᠤ ᠠ᠋ᠴᠠ ᠨᠢ ᠬᠣᠶᠠᠷ ᠴᠡᠷᠢᠭ ᠦ᠋ᠨ ᠬᠥᠮᠦᠨ ᠲᠤᠯᠵᠤ ᠢᠷᠡᠨ ᠫᠤᠤ ᠰᠤᠮᠤᠯᠠᠨ ᠪᠠᠯᠭᠠᠷᠮᠠ ᠶᠢ᠄《ᠶᠠᠭᠤᠨ ᠤ᠋ ᠬᠥᠮᠦᠨ ᠪᠣᠢ?》 ᠭᠡᠵᠦ ᠵᠠᠩᠳᠤᠷᠬᠤ ᠳ᠋ᠤ᠌ ᠪᠠᠯᠭᠠᠷᠮᠠ᠂ ᠠᠷᠠᠳ ᠤ᠋ᠨ ᠴᠡᠷᠢᠭ ᠪᠣᠯᠬᠤ ᠶ᠋ᠢ ᠨᠢ ᠲᠠᠨᠢᠵᠤ ᠨᠢᠭᠡ ᠵᠡᠷᠭᠡ ᠪᠠᠶᠠᠷᠯᠠᠪᠠᠴᠤ ᠪᠠᠰᠠ ᠰᠦᠷ ᠡᠴᠡ ᠠᠶᠤᠨ ᠬᠢᠷᠳ᠋ᠬᠢᠵᠦ᠂ ᠤᠴᠢᠷ ᠶᠠᠪᠤᠳᠠᠯ ᠢ᠋ ᠲᠣᠭᠠᠴᠢᠨ ᠬᠡᠯᠡᠭᠰᠡᠨ ᠳ᠋ᠦ᠍ ᠬᠠᠷᠠᠭᠤᠯ ᠤ᠋ᠨ ᠴᠡᠷᠢᠭ ᠪᠠᠢᠯᠳᠤᠭᠠᠨ ᠤ᠋ ᠳᠦᠷᠢᠮ ᠢ᠋ᠶ᠋ᠡᠷ ᠲᠡᠭᠦᠨ ᠢ᠋ ᠪᠠᠷᠢᠵᠤ ᠱᠲ᠋ᠠᠪ ᠤ᠋ᠨ ᠭᠠᠵᠠᠷ ᠬᠦᠷᠭᠡᠪᠡ᠃
ᠪᠠᠯᠭᠠᠷᠮᠠ ᠲᠡᠷᠡ ᠰᠥᠨᠢ ᠪᠠᠢᠴᠠᠯᠭᠠᠨ ᠬᠢᠨᠠᠭᠤᠯᠵᠤ ᠦᠨᠡᠨ ᠪᠠᠢᠳᠠᠯ ᠢ᠋ᠶ᠋ᠠᠨ ᠮᠡᠳᠡᠯᠴᠡᠭᠰᠡᠨ ᠦ᠌ ᠬᠣᠢᠨ᠎ᠠ ᠮᠠᠷᠭᠠᠰᠢ ᠦᠷ ᠢ᠋ᠶ᠋ᠡᠷ ᠴᠡᠷᠢᠭ ᠦ᠋ᠨ ᠬᠠᠮᠲᠤ ᠶᠠᠪᠤᠬᠤ ᠵᠠᠮ ᠳ᠋ᠤ᠌ ᠰᠡᠳᠬᠢᠯ ᠶᠠᠭᠠᠷᠠᠨ ᠪᠣᠯᠣᠳ ᠤ᠋ᠨ ᠴᠢᠷᠠᠢ ᠬᠠᠷᠠᠭᠳᠠᠨ ᠠᠮᠢ ᠠᠯᠳᠠᠭᠰᠠᠨ ᠪᠣᠯᠪᠠᠤ ᠭᠡᠵᠦ ᠢᠮᠠᠭᠲᠠ ᠪᠣᠳᠣᠭᠳᠠᠬᠤ ᠪᠥᠭᠡᠳ ᠭᠡᠷ ᠣᠷᠣᠨ ᠳ᠋ᠤ᠌ ᠣᠳᠬᠤ ᠶ᠋ᠢ ᠣᠷᠬᠢᠵᠤ᠂ ᠮᠡᠳᠡᠬᠦ ᠭᠠᠵᠠᠷ ᠣᠷᠣᠨ ᠢ᠋ ᠴᠡᠷᠢᠭ ᠦ᠋ᠨ ᠳᠠᠷᠤᠭ᠎ᠠ ᠨᠠᠷ ᠲᠤ ᠬᠡᠯᠡᠵᠦ ᠥᠭᠭᠦᠨ ᠳᠠᠷᠤᠢ ᠠᠶᠤᠵᠤ ᠡᠮᠢᠶᠡᠬᠦ ᠶ᠋ᠢ ᠮᠠᠷᠲᠠᠨ ᠪᠠᠢᠯᠳᠤᠭᠠᠨ ᠤ᠋ ᠭᠠᠵᠠᠷ ᠫᠤᠤ ᠶ᠋ᠢᠨ ᠳᠠᠭᠤ ᠰᠣᠨᠣᠰᠳᠠᠬᠤ ᠶ᠋ᠢ ᠬᠦᠰᠡᠨ ᠣᠳᠤᠨ᠎ᠠ᠃
ᠢᠷᠡᠭᠡᠳᠦᠢ ᠶ᠋ᠢᠨ ᠬᠡᠷᠡᠭ ᠢ᠋ ᠶᠠᠭᠠᠬᠢᠨ ᠪᠣᠯᠵᠣᠨ᠎ᠠ᠂ ᠶᠠᠭᠤ ᠪᠣᠯᠬᠤ ᠶ᠋ᠢ ᠬᠡᠨ ᠮᠡᠳᠡᠨ᠎ᠡ᠃ ᠠᠷᠪᠠᠨ ᠬᠡᠳᠦᠨ ᠬᠦᠯᠢᠶᠡᠰᠦᠲᠡᠢ ᠬᠥᠮᠦᠨ ᠴᠥᠮ ᠡᠨᠡ ᠬᠦ᠌ ᠳᠡᠯᠡᠬᠡᠢ ᠳᠡᠭᠡᠷᠡᠬᠢ ᠡᠴᠦᠰ ᠦ᠋ᠨ ᠰᠥᠨᠢ ᠶ᠋ᠢ ᠭᠠᠰᠠᠯᠠᠩ ᠲᠠᠢ ᠪᠠᠷ ᠤᠭᠲᠤᠬᠤ ᠬᠠᠲᠠᠭᠤ ᠵᠣᠷᠢᠭ ᠢ᠋ ᠨᠢᠭᠡᠨᠲᠡ ᠪᠠᠷᠢᠵᠠᠭᠠᠭᠰᠠᠨ ᠪᠥᠭᠡᠳ ᠭᠠᠭᠴᠠᠬᠦ ᠥᠨᠥᠴᠢᠷᠡᠨ ᠬᠣᠴᠣᠷᠬᠤ ᠬᠡᠦᠬᠡᠳ ᠪᠠ ᠡᠴᠢᠭᠡ ᠡᠬᠡ ᠶ᠋ᠢᠨ ᠡᠨᠡᠯᠬᠦ ᠶ᠋ᠢᠨ ᠲᠤᠯᠠ ᠵᠣᠪᠠᠨᠢᠨ ᠤᠷᠲᠤ ᠤᠷᠲᠤ ᠰᠡᠭᠦᠷᠡᠰᠦ ᠠᠯᠳᠠᠯᠴᠠᠭᠰᠠᠭᠠᠷ ᠪᠠᠢᠲᠠᠯ᠎ᠠ ᠥᠷᠯᠥᠭᠡᠨ ᠦ᠌ ᠲᠤᠩᠭᠠᠯᠠᠭ ᠨᠠᠷᠠᠨ ᠭᠠᠷᠴᠤ ᠢᠷᠡᠭᠡᠳ ᠪᠠᠰᠠ ᠲᠡᠳᠡᠨ ᠦ᠌ ᠳᠡᠭᠡᠷ᠎ᠡ ᠭᠡᠷᠡᠯ ᠢ᠋ᠶ᠋ᠡᠨ ᠳᠤᠰᠬᠠᠨ᠎ᠠ᠃
ᠥᠨᠥᠬᠢ ᠵᠠᠩᠵᠤᠨ ᠮᠠᠩᠵᠤᠨ ᠭᠡᠭᠴᠢᠳ ᠨᠢ ᠵᠠᠭᠤᠷᠠᠳᠤ ᠶ᠋ᠢᠨ ᠳᠡᠪᠢᠰᠬᠡᠷ ᠳᠡᠭᠡᠷ᠎ᠡ ᠴᠠᠳᠲᠠᠯ᠎ᠠ ᠤᠨᠲᠠᠭᠠᠳ ᠥᠯᠥᠰᠦᠭᠰᠡᠨ ᠮᠡᠲᠦ ᠪᠣᠰᠴᠤ ᠢᠷᠡᠨ ᠨᠢᠭᠡ ᠬᠥᠮᠦᠨ ᠢ᠋ ᠠᠪᠴᠢᠷᠠᠵᠤ ᠬᠣᠶᠠᠷ ᠭᠤᠷᠪᠠ ᠪᠠᠷ ᠢ᠋ᠶ᠋ᠠᠨ ᠬᠣᠨᠢ ᠠᠯᠠᠬᠤ ᠭᠡᠵᠦ ᠪᠠᠢᠭ᠎ᠠ ᠠᠳᠠᠯᠢ ᠬᠢᠲᠤᠭ᠎ᠠ ᠭᠠᠷᠭᠠᠵᠤ ᠡᠪᠴᠢᠭᠦᠦ ᠶ᠋ᠢ ᠨᠢ ᠬᠠᠲᠠᠬᠤ ᠳ᠋ᠤ᠌ ᠮᠡᠰᠡ ᠶ᠋ᠢᠨ ᠢᠷ ᠲᠦ᠍ ᠮᠥᠭᠡᠷᠰᠦ ᠨᠢ ᠰᠢᠷᠵᠢᠭᠢᠨᠡᠵᠦ ᠮᠠᠭᠤᠬᠠᠢ ᠳᠤᠤᠭᠠᠷᠤᠨ ᠬᠠᠪᠴᠢᠬᠤ ᠪᠥᠭᠡᠳ ᠵᠢᠷᠦᠬᠡ ᠶ᠋ᠢ ᠨᠢ ᠰᠤᠭᠤᠯᠤᠨ ᠠᠪᠬᠤ ᠳ᠋ᠤ᠌ ᠨᠢᠭᠡ ᠴᠢᠩᠭ᠎ᠠ ᠳᠠᠭᠤᠨ ᠠᠯᠳᠠᠭᠠᠳ ᠡᠴᠦᠰᠯᠡᠨ᠎ᠡ᠃ ᠡᠭᠦᠨ ᠢ᠋ ᠬᠥᠮᠦᠨ ᠲᠥᠷᠥᠯᠬᠢᠲᠡᠨ ᠨᠢᠳᠦ ᠪᠡᠷ ᠦᠵᠡᠨ ᠴᠢᠳᠠᠰᠢ ᠦᠭᠡᠢ ᠪᠠᠢᠲᠤᠭᠠᠢ᠂ ᠰᠡᠳᠬᠢᠯ ᠳ᠋ᠦ᠍ ᠪᠣᠳᠣᠨ ᠲᠦᠪᠳᠡᠰᠢ ᠦᠭᠡᠢ᠃ ᠬᠡᠨ ᠦ᠌ ᠡᠭᠡᠯᠵᠢ ᠪᠣᠯᠬᠤ ᠪᠣᠯ ᠭᠡᠵᠦ ᠨᠢᠳᠦ ᠠᠨᠢᠨ᠎ᠠ᠃
ᠲᠡᠳᠡ ᠵᠡᠷᠯᠢᠭ ᠠᠷᠢᠶᠠᠲᠠᠨ ᠮᠡᠲᠦ ᠬᠥᠯᠬᠢᠯᠳᠦᠨ ᠲᠡᠳᠡᠨ ᠦ᠌ ᠬᠠᠵᠠᠭᠤ ᠳ᠋ᠤ᠌ ᠢᠷᠡᠵᠦ ᠬᠥᠮᠦᠨ ᠢ᠋ ᠰᠢᠯᠢᠬᠦ ᠳ᠋ᠦ᠍ ᠣᠯᠠᠨ ᠢ᠋ ᠨᠢᠳᠦ ᠪᠡᠷ ᠦᠵᠡᠵᠦ ᠭᠠᠰᠠᠯᠤᠭᠰᠠᠨ ᠠ᠋ᠴᠠ ᠣᠳᠣ ᠲᠠᠷᠴᠢᠯᠠᠵᠤ ᠦᠬᠦᠪᠡᠯ ᠳᠡᠭᠡᠷ᠎ᠡ ᠭᠡᠵᠦ᠄《ᠨᠠᠮᠠᠶ᠋ᠢ ᠠᠪᠠᠴᠢᠭᠲᠤᠨ》 ᠭᠡᠰᠡᠨ ᠳ᠋ᠦ᠍᠂《ᠴᠢᠨᠦ ᠳᠤᠷ᠎ᠠ ᠪᠠᠷ ᠪᠣᠯᠳᠠᠭ ᠶᠤᠮ ᠤᠤ?》 ᠭᠡᠳ ᠥᠭᠡᠷ᠎ᠡ ᠨᠢᠭᠡ ᠬᠥᠮᠦᠨ ᠢ᠋ ᠬᠥᠲᠥᠯᠦᠨ ᠶᠠᠪᠤᠬᠤ ᠳ᠋ᠤ᠌ ᠲᠡᠷᠡ ᠬᠦ᠌ ᠬᠥᠮᠦᠨ ᠨᠢᠳᠦ ᠪᠡᠨ ᠪᠦᠯᠲᠡᠯᠵᠡᠭᠦᠯᠦᠨ ᠴᠡᠴᠡᠷᠡᠨ ᠳᠠᠭᠵᠢᠵᠤ᠂ ᠰᠢᠭᠤᠳ ᠫᠤᠤᠳᠠᠨ ᠠᠯᠠᠬᠤ ᠶ᠋ᠢ ᠭᠤᠶᠤᠬᠤ ᠪᠥᠭᠡᠳ ᠦᠨᠡᠬᠡᠷ ᠲᠡᠮᠦᠷ ᠴᠢᠯᠠᠭᠤ ᠮᠡᠲᠦ ᠵᠢᠷᠦᠬᠡ ᠲᠡᠢ ᠪᠣᠯᠪᠠᠴᠤ ᠲᠡᠰᠦᠰᠢ ᠦᠭᠡᠢ ᠪᠣᠯᠤᠨ᠎ᠠ᠃
ᠲᠡᠭᠡᠪᠡᠯ ᠪᠦᠷ ᠲᠠᠷᠴᠢᠯᠠᠭᠠᠵᠤ ᠠᠯᠠᠨ᠎ᠠ ᠭᠡᠵᠦ ᠬᠣᠶᠠᠷ ᠭᠤᠷᠪᠠᠨ ᠬᠥᠮᠦᠨ ᠳᠠᠷᠤᠵᠤ ᠠᠷᠠᠰᠤ ᠶ᠋ᠢ ᠨᠢ ᠢᠷᠡᠨ᠂ ᠰᠤᠳᠠᠰᠤ ᠰᠢᠷᠪᠥᠰᠥ ᠶ᠋ᠢ ᠨᠢ ᠨᠢᠭᠡ ᠨᠢᠭᠡ ᠪᠡᠷ ᠰᠤᠭᠤᠯᠤᠭᠰᠠᠭᠠᠷ ᠭᠤᠷᠪᠠ ᠳᠥᠷᠪᠡᠨ ᠴᠠᠭ ᠭᠠᠰᠠᠯᠤᠭᠤᠯᠤᠨ ᠪᠠᠷᠬᠢᠷᠠᠭᠤᠯᠤᠨ ᠪᠠᠢᠵᠤ ᠪᠠᠰᠠ ᠬᠠᠭᠠᠰ ᠠᠮᠢ ᠲᠠᠢ ᠪᠠᠷ ᠬᠠᠶᠠᠭᠰᠠᠨ ᠳ᠋ᠠᠭᠠᠨ ᠬᠠᠨᠵᠤ ᠡᠨᠡ ᠡᠳᠦᠷ ᠦ᠋ᠨ ᠵᠤᠭ᠎ᠠ ᠨᠢ ᠡᠨᠡ ᠬᠣᠶᠠᠷ ᠠ᠋ᠴᠠ ᠪᠠᠭ᠎ᠠ ᠲᠠᠢᠳᠬᠤᠷᠠᠵᠠᠢ᠃
ᠠᠶ᠎ᠠ ᠡᠷᠯᠢᠭ ᠲᠠᠮᠤ ᠶ᠋ᠢᠨ ᠣᠷᠣᠨ ᠭᠡᠵᠦ ᠬᠡᠯᠡᠳᠡᠭ ᠶᠦᠮ᠃ ᠬᠠᠷᠢᠨ ᠡᠨᠳᠡ ᠭᠠᠷᠳᠠᠭ ᠪᠠᠢᠵᠠᠢ᠃ ᠡᠬᠡ ᠪᠣᠯᠤᠭᠰᠠᠨ ᠵᠢᠷᠭᠤᠭᠠᠨ ᠵᠦᠢᠯ ᠦ᠋ᠨ ᠠᠮᠢᠲᠠᠨ ᠤ᠋ ᠲᠤᠰᠠ ᠶ᠋ᠢᠨ ᠲᠤᠯᠠ ᠭᠡᠰᠡᠨ ᠯᠠᠮᠠ ᠨᠠᠷ ᠡᠢᠮᠦ ᠶᠠᠭᠤᠮ᠎ᠠ ᠶ᠋ᠢ ᠬᠠᠷᠢᠨ ᠦᠢᠯᠡᠳᠳᠡᠭ ᠪᠠᠢᠵᠠᠢ᠃ ᠬᠡᠳᠦᠨ ᠬᠦᠯᠢᠶᠡᠰᠦᠲᠡᠢ ᠬᠥᠮᠦᠨ ᠬᠡᠳᠦᠢ ᠲᠤᠰ ᠲᠤᠰ ᠤ᠋ᠨ ᠠᠮᠢ ᠶ᠋ᠢ ᠬᠣᠣᠷᠯᠠᠨ ᠦᠬᠦᠬᠦ ᠶ᠋ᠢ ᠡᠷᠡᠮᠡᠯᠵᠡᠪᠡᠴᠦ ᠬᠥᠳᠡᠯᠵᠦ ᠴᠢᠳᠠᠬᠤ ᠦᠭᠡᠢ ᠲᠤᠯᠠ ᠰᠥᠨᠢ ᠶ᠋ᠢᠨ ᠬᠠᠷᠠᠩᠭᠤᠢ ᠳ᠋ᠤ᠌ ᠡᠳᠦᠷ ᠦ᠋ᠨ ᠠᠶᠤᠯ ᠲᠠᠢ ᠲᠠᠮᠤᠯᠠᠯ ᠨᠢᠳᠦᠨ ᠳ᠋ᠦ᠍ ᠬᠠᠷᠠᠭᠳᠠᠨ ᠰᠡᠳᠬᠢᠯ ᠡᠴᠡ ᠨᠢ ᠭᠠᠷᠬᠤ ᠦᠭᠡᠢ ᠪᠠᠰᠠ ᠨᠢᠭᠡ ᠰᠥᠨᠢ ᠲᠠᠷᠴᠢᠯᠠᠨ᠎ᠠ᠃
ᠶᠠᠭᠠᠬᠢᠵᠤ ᠡᠨᠡᠯᠪᠡᠴᠦ ᠬᠥᠮᠦᠨ ᠲᠤᠯᠠ ᠠᠷᠭ᠎ᠠ ᠦᠭᠡᠢ ᠦᠷ ᠰᠥᠨᠢ ᠶ᠋ᠢᠨ ᠦᠶ᠎ᠡ ᠪᠡᠷ ᠥᠴᠦᠬᠡᠨ ᠨᠣᠢᠷ ᠲᠤ ᠳᠠᠷᠤᠭᠳᠠᠵᠤ᠂ ᠭᠱᠠᠨ ᠵᠠᠭᠤᠷ᠎ᠠ ᠠᠮᠤᠭᠤᠯᠠᠩ ᠪᠣᠯᠵᠤ ᠪᠠᠢᠲᠠᠯ᠎ᠠ ᠭᠡᠨᠡᠳᠲᠡ ᠶᠡᠬᠡ ᠫᠤᠤ ᠶ᠋ᠢᠨ ᠳᠠᠭᠤ ᠳᠤᠤᠭᠠᠷᠬᠤ ᠳ᠋ᠤ᠌ ᠪᠦᠭᠦᠳᠡᠭᠡᠷ ᠢ᠋ᠶ᠋ᠡᠨ ᠰᠡᠷᠢᠵᠦ ᠴᠢᠩᠨᠠᠪᠠᠯ ᠲᠡᠷᠲᠡᠭᠡ ᠠᠭᠤᠯᠠ ᠶ᠋ᠢᠨ ᠬᠠᠵᠠᠭᠤ ᠠ᠋ᠴᠠ ᠠᠷᠠᠳ ᠤ᠋ᠨ ᠴᠡᠷᠢᠭ ᠦ᠋ᠨ ᠲᠠᠯᠪᠢᠬᠤ ᠶᠡᠬᠡ ᠫᠤᠤ ᠶ᠋ᠢᠨ ᠳᠠᠭᠤ ᠢᠷᠠᠭᠤ ᠰᠠᠢᠬᠠᠨ ᠢ᠋ᠶ᠋ᠠᠷ ᠳᠦᠩᠭᠢᠨᠡᠬᠦ ᠨᠢ ᠴᠢᠬᠢᠨ ᠳ᠋ᠦ᠍ ᠰᠠᠢᠬᠠᠨ ᠪᠥᠭᠡᠳ ᠪᠠᠰᠠ ᠰᠡᠳᠬᠢᠯ ᠰᠡᠷᠭᠦᠨ᠎ᠡ᠃ ᠲᠡᠳᠡᠭᠡᠷ ᠬᠦᠯᠢᠶᠡᠰᠦᠲᠡᠢ ᠬᠥᠮᠦᠰ ᠲᠤᠰ ᠲᠤᠰ ᠪᠠᠶᠠᠷᠯᠠᠨ ᠵᠣᠷᠢᠭ ᠲᠥᠷᠥᠵᠦ᠄《ᠪᠢᠳᠡ ᠠᠯᠠᠭᠳᠠᠪᠠᠴᠤ ᠶᠠᠭᠠᠬᠢᠬᠤ ᠪᠣᠢ! ᠡᠨᠡ ᠮᠤᠤᠰᠠᠢᠨ ᠵᠠᠨᠳᠠᠯᠴᠢᠳ ᠢ᠋ ᠳᠠᠷᠤᠢ ᠰᠥᠨᠥᠭᠡᠬᠦ ᠴᠠᠭ ᠢᠷᠡᠯ᠎ᠡ》 ᠭᠡᠵᠦ ᠶᠠᠷᠢᠯᠴᠠᠨ᠎ᠠ᠃
ᠵᠠᠩᠵᠤᠨ ᠮᠠᠩᠵᠤᠨ ᠨᠤᠭᠤᠳ ᠨᠢ ᠪᠣᠰᠴᠤ ᠰᠠᠨᠳᠤᠷᠤᠨ ᠭᠦᠶᠦᠯᠳᠦᠪᠡ᠃ ᠵᠢᠭᠰᠠᠭᠠᠯ ᠴᠡᠷᠢᠭ ᠢ᠋ᠶ᠋ᠡᠨ ᠪᠡᠯᠡᠳᠬᠡᠬᠦ ᠶᠦᠮ ᠪᠣᠯᠪᠠ᠃ ᠴᠢᠪᠠᠭᠠᠨᠴᠠ ᠬᠥᠭᠰᠢᠳ᠂ ᠯᠠᠮᠠ ᠨᠠᠷ᠂ ᠮᠠᠮᠠ ᠨᠠᠷ ᠨᠡᠢᠯᠡᠵᠦ ᠨᠡᠪᠰᠡᠢᠵᠦ ᠰᠠᠪᠰᠠᠢᠯᠴᠠᠨ ᠡᠷᠡᠮᠳᠡᠭ ᠵᠡᠷᠡᠮᠳᠡᠭ ᠫᠤᠤ ᠰᠡᠯᠡᠮ᠎ᠡ᠂ ᠡᠪᠡᠷ ᠬᠤᠯᠤᠰᠤᠨ ᠨᠤᠮᠤ ᠰᠤᠮᠤ᠂ ᠪᠢᠯᠠᠭᠤ ᠰᠢᠳᠡᠮ ᠬᠦᠷᠲᠡᠯ᠎ᠡ ᠪᠠᠷᠢᠯᠠᠨ ᠠᠳᠬᠤ ᠰᠢᠷᠣᠢ ᠲᠠᠷᠨᠢᠳᠠᠭᠤᠯᠤᠨ ᠡᠪᠦᠷᠲᠦᠯᠡᠭᠰᠡᠭᠡᠷ《ᠠᠷᠠᠳ ᠤ᠋ᠨ ᠬᠤᠶᠠᠭᠲᠤ ᠴᠡᠷᠢᠭ ᠢ᠋ ᠡᠰᠡᠷᠭᠦᠴᠡᠨ᠎ᠡ》 ᠭᠡᠵᠦ ᠬᠡᠳᠦ ᠬᠡᠳᠦᠨ ᠵᠠᠭᠤᠨ ᠬᠥᠮᠦᠰ ᠢ᠋ ᠬᠡᠳᠦᠨ ᠫᠤᠤ ᠲᠠᠢ ᠳ᠋ᠠᠭᠠᠨ ᠳᠠᠭᠠᠭᠤᠯᠤᠨ ᠣᠳᠬᠤ ᠨᠢ ᠢᠨᠢᠶᠡᠳᠦ ᠲᠡᠢ᠃
ᠠᠭᠠᠷ ᠤ᠋ᠨ ᠣᠩᠭᠣᠴᠠ ᠨᠢᠰᠦᠨ ᠢᠷᠡᠪᠡ᠂ ᠠᠶᠤᠵᠤ ᠰᠠᠨᠳᠤᠷᠤᠨ ᠳᠠᠷᠬᠠᠨ ᠤᠨᠠᠪᠠ᠃ ᠬᠤᠶᠠᠭᠲᠤ ᠲᠡᠷᠭᠡ ᠬᠦᠷᠦᠭᠡᠳ ᠢᠷᠡᠪᠡ᠂ ᠬᠤᠢᠯᠠᠷᠠᠨ ᠭᠦᠶᠦᠯᠳᠦᠵᠦ ᠡᠨᠳᠡ ᠲᠡᠨᠳᠡ ᠦᠬᠦᠨ᠎ᠡ᠃ ᠬᠣᠷᠣᠮᠬᠠᠨ ᠵᠠᠭᠤᠷ᠎ᠠ ᠶ᠋ᠢᠨ ᠳᠣᠲᠣᠷ᠎ᠠ ᠥᠭᠡᠷ᠎ᠡ ᠶᠢᠷᠲᠢᠨᠴᠦ ᠪᠣᠯᠪᠠ᠃ ᠬᠣᠢᠲᠤ ᠳᠠᠪᠠᠭᠠᠨ ᠳᠡᠭᠡᠭᠦᠷ ᠤᠯᠠᠭᠠᠨ ᠲᠤᠭ ᠬᠡᠢᠰᠦᠨ ᠦᠵᠡᠭᠳᠡᠬᠦ ᠳ᠋ᠦ᠍ ᠬᠦᠯᠢᠶᠡᠰᠦᠲᠡᠢ ᠬᠥᠮᠦᠰ ᠦ᠋ᠨ ᠨᠠᠷᠠ ᠭᠠᠷᠴᠤ ᠠᠷᠠᠳ ᠤ᠋ᠨ ᠴᠡᠷᠢᠭ ᠦ᠋ᠨ ᠤᠷᠠᠢ ᠬᠠᠰᠬᠢᠷᠬᠤ ᠳ᠋ᠤ᠌ ᠠᠪᠯᠢᠭᠠᠴᠢ ᠬᠠᠷᠭᠢᠰ ᠤ᠋ᠳ ᠤ᠋ᠨ ᠰᠦᠨᠡᠰᠦ ᠵᠠᠢᠯᠠᠨ ᠠᠷᠠᠳ ᠲᠦᠮᠡᠨ ᠦ᠌ ᠰᠦᠯᠳᠡ ᠬᠥᠭᠵᠢᠨ᠎ᠡ᠃
ᠬᠤᠪᠢᠰᠬᠠᠯᠲᠤ ᠴᠡᠷᠢᠭ ᠢ᠋ ᠳᠠᠭᠠᠯᠳᠤᠨ ᠳᠠᠪᠬᠢᠵᠤ ᠪᠠᠬᠠᠳᠤᠨ ᠪᠠᠶᠠᠷᠯᠠᠬᠤ ᠪᠣᠯᠪᠠᠴᠤ ᠪᠣᠯᠣᠳ ᠶᠠᠭᠠᠬᠢᠭᠰᠠᠨ ᠢ᠋ ᠮᠡᠳᠡᠬᠦ ᠦᠭᠡᠢ ᠳ᠋ᠡᠭᠡᠨ ᠪᠠᠴᠢᠮᠳᠠᠨ ᠨᠢᠳᠦ ᠲᠠᠯᠪᠢᠵᠤ᠂ ᠠᠯᠠᠭᠳᠠᠭᠰᠠᠨ ᠬᠥᠮᠦᠨ ᠦ᠌ ᠬᠡᠭᠦᠷ ᠲᠣᠬᠢᠶᠠᠯᠳᠤᠪᠠᠯ ᠠᠵᠢᠭᠯᠠᠵᠤ ᠦᠵᠡᠨ ᠶᠠᠪᠤᠭᠰᠠᠭᠠᠷ ᠬᠡᠳᠦᠨ ᠴᠡᠷᠢᠭ ᠦ᠋ᠨ ᠬᠠᠮᠲᠤ ᠥᠨᠥᠬᠢ ᠬᠦᠯᠢᠶᠡᠰᠦᠲᠡᠢ ᠬᠥᠮᠦᠰ ᠦ᠋ᠨ ᠳᠡᠷᠭᠡᠳᠡ ᠢᠷᠡᠵᠦ᠂ ᠬᠣᠶᠠᠷ ᠨᠢᠳᠦᠨ ᠡᠴᠡ ᠪᠡᠨ ᠨᠢᠯᠪᠤᠰᠤ ᠭᠠᠷᠭᠠᠨ ᠪᠣᠯᠣᠳ ᠢ᠋ ᠲᠡᠪᠡᠷᠢᠨ ᠤᠨᠠᠪᠠ᠃ ᠴᠡᠷᠢᠭ ᠦ᠋ᠳ ᠲᠡᠳᠡᠨ ᠦ᠌ ᠬᠦᠯᠢᠶᠡᠰᠦ ᠶ᠋ᠢ ᠲᠠᠢᠯᠵᠤ ᠰᠤᠪᠢᠯᠠᠬᠤ ᠂ ᠪᠠᠯᠭᠠᠷᠮᠠ ᠪᠣᠯᠣᠳ ᠤ᠋ᠨ ᠬᠦᠯᠢᠶᠡ ᠶ᠋ᠢ ᠲᠠᠯᠪᠢᠵᠤ ᠰᠤᠪᠢᠯᠠᠨ᠎ᠠ᠃
1933 ᠣᠨ
ᠦᠰᠦᠭ ᠠᠮᠢᠯᠠᠭᠤᠯᠤᠭᠴᠢ᠄ ᠣᠶᠤᠨᠪᠠᠲᠤ᠂ ᠭᠦᠨᠳᠦᠰᠠᠩᠪᠦ᠂ ᠴᠠᠬᠠᠷ ᠪᠠᠲᠤ᠂ ᠰᠤᠳᠤᠯᠲᠤ᠂ ᠨᠡᠭᠦᠳᠡᠯ᠂ ᠪᠠᠶᠠᠨᠴᠡᠴᠡᠭ
ᠬᠢᠨᠠᠭᠴᠢ᠄ ᠰᠡᠬᠡᠭᠡᠷᠡᠯ᠂ ᠣᠳᠬᠠᠨᠰᠣ᠎ᠠ
