ᠬᠤᠪᠢᠰᠬᠠᠯ ᠤᠨ ᠦᠷ᠎ᠡ- ᠳ· ᠨᠠᠴᠤᠭᠳᠣᠷᠵᠢХувьсгалын үр-Д.Нацагдорж
ᠳ· ᠨᠠᠴᠤᠭᠳᠣᠷᠵᠢ
ᠬᠠᠪᠤᠷ ᠤ᠋ᠨ ᠨᠠᠢᠷᠲᠠᠢ ᠤᠯᠠᠷᠢᠯ ᠢᠷᠡᠬᠦ ᠳ᠋ᠦ᠍ ᠪᠤᠷᠭᠠᠰᠤᠨ ᠤ᠋ ᠵᠤᠯᠵᠠᠭ᠎ᠠ ᠴᠣᠮᠣᠷᠯᠢᠭ ᠤ᠋ᠨ ᠳᠣᠲᠣᠷ᠎ᠠ ᠠ᠋ᠴᠠ ᠪᠤᠯᠲᠠᠢᠨ ᠴᠡᠴᠡᠭᠯᠡᠵᠦ ᠵᠤᠭᠠᠴᠠᠬᠤ ᠪᠠᠷ ᠣᠳᠣᠭᠴᠢᠳ ᠤ᠋ᠨ ᠰᠡᠳᠬᠢᠯ ᠢ᠋ ᠮᠠᠭᠠᠵᠢᠯᠠᠨᠠ᠃ ᠬᠠᠷᠭᠢᠰ ᠤ᠋ᠨ ᠰᠤᠷᠲᠠᠯ ᠠ᠋ᠴᠠ ᠮᠤᠯᠲᠤᠷᠠᠭᠰᠠᠨ ᠡᠬᠡ ᠪᠢᠴᠢᠬᠠᠨ ᠬᠡᠦᠬᠡᠳ ᠢ᠋ ᠥᠯᠥᠭᠡᠢ ᠡᠴᠡ ᠭᠠᠷᠤᠮᠠᠭᠴᠠ ᠴᠡᠴᠡᠷᠯᠢᠭ ᠦ᠋ᠨ ᠳᠣᠲᠣᠷ᠎ᠠ ᠠᠪᠠᠴᠢᠵᠤ᠂ ᠲᠡᠭᠦᠨ ᠦ᠌ ᠨᠠᠭᠠᠳᠬᠤ ᠶ᠋ᠢ ᠦᠵᠡᠭᠡᠳ ᠪᠡᠶᠡᠰᠦᠨ᠎ᠡ᠃ ᠬᠤᠪᠢᠰᠬᠠᠯ ᠤ᠋ᠨ ᠦᠶ᠎ᠡ ᠳ᠋ᠦ᠍ ᠲᠥᠷᠥᠭᠰᠡᠨ ᠬᠡᠦᠬᠡᠳ ᠦ᠋ᠳ ᠬᠡᠦᠬᠡᠳ ᠦ᠋ᠨ ᠴᠡᠴᠡᠷᠯᠢᠭ ᠲᠦ᠍ ᠬᠥᠮᠦᠵᠢᠵᠦ᠂ ᠬᠥᠭᠡᠷᠦᠬᠦᠨ ᠲᠥᠭᠥᠷᠢᠭ ᠴᠢᠷᠠᠢ ᠨᠢ ᠬᠥᠷᠥᠰᠥᠵᠢᠭᠡᠳ ᠬᠣᠶᠠᠷ ᠬᠠᠷ᠎ᠠ ᠨᠢᠳᠦ ᠨᠢ ᠲᠣᠷᠮᠣᠯᠵᠠᠨᠠ᠃ ᠬᠣᠯᠠ ᠣᠢᠷ᠎ᠠ ᠠ᠋ᠴᠠ ᠢᠷᠡᠭᠰᠡᠨ ᠬᠥᠭᠰᠢᠨ ᠵᠠᠯᠠᠭᠤ ᠬᠥᠮᠦᠰ ᠲᠡᠳᠡᠨ ᠦ᠌ ᠪᠤᠵᠢᠭᠢᠨᠠᠯᠳᠤᠬᠤ ᠶ᠋ᠢ ᠦᠵᠡᠭᠡᠳ᠂ ᠬᠥᠮᠦᠨ ᠪᠦᠭᠦᠳᠡ ᠬᠦᠷᠲᠡᠨ ᠢᠨᠢᠶᠡᠮᠰᠦᠭᠯᠡᠵᠦ ᠡᠨᠡ ᠬᠡᠦᠬᠡᠳ ᠢ᠋ ᠮᠠᠭᠲᠠᠨ ᠲᠡᠷᠡ ᠬᠡᠦᠬᠡᠳ ᠢ᠋ ᠭᠠᠢᠬᠠᠨ᠎ᠠ᠃ ᠲᠩᠷᠢ ᠶ᠋ᠢᠨ ᠬᠢᠵᠠᠭᠠᠷ ᠴᠠᠪ ᠴᠡᠯᠡᠢᠨ ᠭᠡᠭᠡᠨ ᠨᠠᠷᠠ ᠣᠢᠷᠠᠲᠤᠨ ᠲᠤᠰᠬᠤ ᠶ᠋ᠢᠨ ᠲᠠᠭᠠᠯᠠᠮᠵᠢᠲᠠᠢ ᠳ᠋ᠤ᠌ ᠲᠡᠳᠡᠭᠡᠷ ᠬᠡᠦᠬᠡᠳ ᠴᠡᠴᠡᠷᠯᠢᠭ ᠦ᠋ᠨ ᠳᠣᠲᠣᠷ᠎ᠠ ᠴᠤᠭᠯᠠᠷᠠᠨ ᠨᠠᠭᠠᠳᠴᠤ ᠠᠷᠢᠭᠤᠨ ᠠᠭᠠᠷ ᠲᠤ ᠡᠷᠡᠭᠦᠯ ᠡᠩᠬᠡ ᠪᠡᠷ ᠬᠥᠮᠦᠵᠢᠨᠡ᠃ ᠳᠡᠷᠭᠡᠳᠡᠬᠢ ᠡᠭᠡᠴᠢ ᠨᠠᠷ ᠢ᠋ ᠳᠠᠭᠤᠷᠢᠶᠠᠨ ᠬᠤᠪᠢᠰᠬᠠᠯ ᠤ᠋ᠨ ᠳᠠᠭᠤᠤ ᠶ᠋ᠢ ᠳᠡᠭᠡᠷ᠎ᠡ ᠳᠣᠣᠷ᠎ᠠ᠂ ᠨᠠᠷᠢᠨ ᠪᠦᠳᠦᠭᠦᠨ ᠢ᠋ᠶ᠋ᠡᠷ ᠠᠶᠠᠯᠬᠤ ᠪᠥᠭᠡᠳ ᠪᠢᠴᠢᠬᠠᠨ ᠤᠯᠠᠭᠠᠨ ᠲᠤᠭ ᠢ᠋ ᠪᠠᠷᠢᠵᠠᠭᠠᠵᠤ᠂ ᠪᠦᠨᠲᠦᠨ ᠪᠦᠨᠲᠦᠨ ᠠᠯᠬᠤᠬᠤ ᠨᠢ ᠭᠥᠷᠳᠡᠯᠲᠡᠢ᠃ ᠬᠠᠷᠢᠶᠠᠴᠠᠢ ᠪᠣᠯᠵᠣᠮᠣᠷ ᠬᠥᠭᠵᠢᠮ ᠮᠡᠲᠦ ᠡᠭᠡᠰᠢᠭᠯᠡᠨ ᠡᠭᠦᠪᠡᠷ ᠲᠡᠭᠦᠪᠡᠷ ᠰᠦᠯᠵᠢᠨ ᠨᠢᠰᠬᠦ ᠳ᠋ᠦ᠍ ᠬᠡᠦᠬᠡᠳ ᠲᠡᠳᠡ ᠲᠡᠭᠦᠨ ᠢ᠋ ᠰᠣᠨᠢᠷᠬᠠᠨ ᠴᠢᠩᠨᠠᠵᠤ᠂ ᠨᠢᠭᠡ ᠨᠢ ᠨᠥᠭᠦᠭᠡ ᠳ᠋ᠡᠭᠡᠨ ᠵᠢᠭᠠᠵᠤ᠂ ᠨᠥᠭᠦᠭᠡ ᠨᠢ ᠨᠢᠭᠡᠨ ᠳ᠋ᠡᠭᠡᠨ ᠬᠡᠯᠡᠨ᠎ᠡ᠃ ᠪᠠᠯᠴᠢᠷ ᠠᠲᠠᠯ᠎ᠠ ᠴᠢᠳᠠᠪᠤᠷᠢ ᠲᠠᠢ᠂ ᠪᠣᠯᠪᠠᠰᠤᠷᠠᠩᠭᠤᠢ ᠪᠠᠷ ᠨᠠᠭᠠᠳᠬᠤ ᠨᠢ ᠪᠠᠬᠠᠷᠬᠠᠯᠲᠠᠢ᠃ ᠪᠠᠭ᠎ᠠ ᠠᠲᠠᠯ᠎ᠠ ᠬᠡᠪᠯᠡᠭᠦᠦ᠂ ᠪᠠᠰᠠ ᠣᠷᠣᠰ ᠮᠣᠩᠭᠣᠯ ᠠᠯᠢᠨ ᠢ᠋ᠶ᠋ᠠᠷ ᠴᠤ᠌ ᠶᠠᠷᠢᠬᠤ ᠨᠢ ᠰᠠᠢᠰᠢᠶᠠᠯᠲᠠᠢ᠃ ᠵᠤᠨ ᠤ᠋ ᠲᠤᠩᠭᠠᠯᠠᠭ ᠨᠠᠷᠠᠨ ᠳ᠋ᠤ᠌ ᠲᠤᠤᠯᠠ ᠶ᠋ᠢᠨ ᠭᠣᠣᠯ ᠤ᠋ᠨ ᠵᠦᠯᠭᠡᠨ ᠳᠡᠭᠡᠷ᠎ᠡ ᠴᠤᠭᠯᠠᠷᠠᠵᠤ ᠭᠠᠯᠠᠭᠤ ᠠᠩᠭᠢᠷ ᠤ᠋ᠨ ᠳᠡᠭᠳᠡᠭᠡᠬᠡᠢ ᠮᠡᠲᠦ ᠭᠠᠩᠭᠠᠷ ᠭᠤᠩᠭᠠᠷ ᠬᠢᠯᠴᠡᠨ ᠨᠠᠭᠠᠳᠬᠤ ᠨᠢ ᠶᠠᠭᠤᠲᠠᠢ ᠬᠥᠭᠡᠷᠦᠬᠦᠨ᠃ ᠡᠯᠳᠡᠪ ᠦ᠋ᠨ ᠥᠩᠭᠡ ᠲᠡᠢ ᠡᠷᠪᠡᠬᠡᠢ ᠬᠣᠭᠣᠰᠣᠨ ᠠᠭᠠᠷ ᠲᠤ ᠡᠰᠢ ᠳᠠᠰᠢ ᠨᠢᠰᠬᠦ ᠳ᠋ᠦ᠍ ᠬᠣᠶᠠᠷ ᠭᠤᠷᠪᠠ ᠪᠠᠷ ᠢ᠋ᠶ᠋ᠠᠨ ᠵᠡᠷᠭᠡᠯᠡᠨ ᠬᠣᠢᠨ᠎ᠠ ᠠ᠋ᠴᠠ ᠨᠢ ᠭᠦᠶᠦᠯᠳᠦᠬᠦ ᠨᠢ ᠴᠣᠭ ᠲᠠᠢ ᠪᠥᠭᠡᠳ ᠡᠷᠡᠮᠡᠬᠡᠢ᠃ ᠬᠤᠪᠢᠰᠬᠠᠯ ᠤ᠋ᠨ ᠪᠠᠢᠳᠠᠯ ᠤ᠋ᠨ ᠬᠥᠮᠦᠵᠢᠯ ᠳ᠋ᠦ᠍ ᠳᠡᠷᠪᠡᠯᠴᠡᠵᠦ ᠪᠠᠢᠭ᠎ᠠ ᠬᠣᠭᠣᠰᠣᠨ ᠶᠠᠳᠠᠭᠤ ᠠᠷᠠᠳ ᠤ᠋ᠨ ᠬᠡᠦᠬᠡᠳ ᠲᠡᠳᠡᠨ ᠢ᠋ ᠡᠴᠢᠭᠡ ᠡᠬᠡ᠂ ᠡᠭᠡᠴᠢ ᠠᠬ᠎ᠠ ᠨᠠᠷ ᠨᠢ ᠦᠵᠡᠭᠡᠳ ᠪᠠᠬᠠᠷᠬᠠᠵᠤ᠂ ᠬᠡᠦᠬᠡᠳ ᠲᠥᠷᠥᠪᠡᠯ ᠳᠠᠷᠤᠢ ᠬᠦᠷᠭᠡᠨ ᠠᠪᠴᠢᠷᠠᠨ᠎ᠠ᠃ ᠬᠣᠢᠴᠢ ᠶ᠋ᠢ ᠵᠠᠯᠭᠠᠮᠵᠢᠯᠠᠬᠤ ᠫᠢᠥᠨ᠋ᠸᠷ ᠦ᠋ᠨ ᠳᠡᠭᠦᠦ ᠨᠠᠷ ᠪᠣᠯᠬᠤ ᠬᠣᠷᠢᠳᠤᠭᠠᠷ ᠵᠠᠭᠤᠨ ᠤ᠋ ᠬᠥᠮᠦᠵᠢᠯ ᠲᠡᠢ ᠲᠡᠳᠡᠨ ᠢ᠋ ᠦᠵᠡᠬᠦ ᠪᠦᠷᠢ ᠬᠦᠷᠲᠡᠵᠦ᠂ ᠬᠠᠷᠠᠬᠤ ᠪᠦᠷᠢ ᠪᠠᠬᠠᠷᠬᠠᠨ᠂ ᠪᠣᠳᠣᠬᠤ ᠪᠦᠷᠢ ᠰᠠᠢᠰᠢᠶᠠᠨ᠎ᠠ ᠪᠢ᠃
1932 ᠣᠨ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠰᠡᠬᠡᠭᠡᠷᠡᠯ᠂ ᠣᠳᠬᠠᠨᠰᠣ᠎ᠠ
