ᠤᠰᠤᠨ ᠬᠣᠨᠣᠭУсан хоног ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠰᠤᠨ ᠬᠣᠨᠣᠭУсан хоног

ᠤᠰᠤᠨ ᠬᠣᠨᠣᠭУсан хоног

2024-06-15

395

ᠤᠰᠤᠨ ᠬᠣᠨᠣᠭ 

      ᠦᠶᠡᠲᠦ ᠤᠷᠭᠤᠮᠠᠯ ᠤ᠋ᠨ ᠢᠵᠠᠭᠤᠷ 
  ᠨᠢᠭᠡ ᠨᠠᠰᠤᠲᠤ ᠡᠪᠡᠰᠦᠯᠡᠭ ᠤᠷᠭᠤᠮᠠᠯ᠃ ᠰᠦᠷᠡᠯ ᠨᠢ ᠣᠵᠣᠭᠣᠢ ᠠ᠋ᠴᠠ ᠲᠠᠰᠢᠭᠤᠯᠠᠵᠤ ᠤᠷᠭᠤᠨ᠎ᠠ᠂ ᠦᠰᠦ ᠦᠭᠡᠢ᠂ ᠭᠢᠯᠦᠭᠡᠷ᠂50—130cm ᠥᠨᠳᠥᠷ ᠨᠠᠪᠴᠢᠨ ᠤ᠋ ᠲᠣᠭᠳᠣᠢ ᠡᠰᠢ ᠪᠡᠨ ᠰᠤᠯᠠᠬᠠᠨ ᠪᠠᠭᠯᠠᠨ᠎ᠠ᠂ ᠭᠢᠯᠦᠭᠡᠷ; ᠨᠠᠪᠴᠢᠨ ᠤ᠋ ᠬᠡᠯᠡ ᠦᠭᠡᠢ; ᠨᠠᠪᠴᠢ ᠨᠢ ᠪᠦᠰᠡ ᠬᠡᠯᠪᠡᠷᠢ ᠲᠡᠢ᠂10—35cm ᠤᠷᠲᠤ᠂5—20mm ᠥᠷᠭᠡᠨ᠂ ᠦᠰᠦ ᠦᠭᠡᠢ᠂  ᠰᠢᠷᠦᠭᠦᠨ ᠬᠥᠪᠡᠭᠡ ᠲᠡᠢ᠃ ᠱᠣᠷᠣᠯᠵᠢᠨ ᠪᠠᠭ ᠴᠡᠴᠡᠭ ᠨᠢ9—18cm ᠤᠷᠲᠤ᠂ ᠰᠠᠷᠪᠠᠭᠠᠷ᠂ ᠰᠢᠯᠤᠭᠤᠨ᠂ ᠭᠣᠣᠯ ᠲᠡᠩᠭᠡᠯᠢᠭ ᠨᠢ ᠢᠷᠮᠡᠭ ᠲᠡᠢ᠂ ᠰᠢᠷᠦᠭᠦᠨ ᠢᠬᠴᠤ ᠪᠠᠢᠷᠢᠯᠠᠭᠰᠠᠨ ᠣᠯᠠᠨ ᠴᠠᠴᠤᠭ ᠬᠡᠯᠪᠡᠷᠢᠲᠦ ᠪᠠᠭ ᠴᠡᠴᠡᠭ ᠢ᠋ᠶ᠋ᠡᠷ ᠪᠦᠷᠢᠯᠳᠦᠨ᠎ᠡ; ᠵᠢᠵᠢᠭ ᠲᠦᠷᠦᠭᠦᠦ ᠨᠢ3mm ᠣᠷᠴᠢᠮ ᠤᠷᠲᠤ᠂ ᠮᠠᠰᠢ ᠣᠬᠣᠷ ᠪᠠᠷᠢᠭᠤᠯ ᠲᠠᠢ ᠪᠤᠶᠤ ᠪᠠᠷᠤᠭ ᠪᠠᠷᠢᠭᠤᠯ ᠦᠭᠡᠢ᠂ ᠰᠢᠷᠦᠭᠦᠨ ᠪᠤᠶᠤ ᠥᠷᠭᠡᠰᠦ ᠮᠡᠲᠦ ᠦᠰᠦ ᠲᠡᠢ ᠪᠥᠭᠡᠳ ᠪᠠᠭ ᠴᠡᠴᠡᠭ ᠦ᠋ᠨ ᠲᠡᠩᠭᠡᠯᠢᠭ ᠦ᠋ᠨ ᠨᠢᠭᠡ ᠲᠠᠯ᠎ᠠ ᠳ᠋ᠤ᠌ ᠢᠬᠴᠤ ᠪᠠᠢᠷᠢᠯᠠᠨ᠎ᠠ; ᠨᠢᠭᠡᠳᠦᠭᠡᠷ ᠬᠠᠯᠢᠰᠤ ᠨᠢ ᠭᠤᠷᠪᠠᠯᠵᠢᠨ᠂ ᠵᠢᠵᠢᠭ ᠲᠦᠷᠦᠭᠦᠦ ᠶ᠋ᠢᠨ ᠬᠠᠭᠠᠰ ᠴᠢᠨᠡᠭᠡ ᠤᠷᠲᠤ᠂ ᠱᠣᠪᠬᠣ ᠦᠵᠦᠭᠦᠷ ᠲᠡᠢ᠂ ᠬᠠᠲᠠᠭᠤ ᠦᠰᠦ ᠲᠡᠢ; ᠬᠣᠶᠠᠳᠤᠭᠠᠷ ᠬᠠᠯᠢᠰᠤ ᠨᠢ ᠱᠤᠪᠲᠤᠭᠠᠷ ᠦᠵᠦᠭᠦᠷ ᠲᠡᠢ᠂ ᠰᠤᠳᠠᠯ ᠳ᠋ᠤᠨᠢ ᠥᠷᠭᠡᠰᠦ ᠦᠰᠦ ᠲᠡᠢ᠂ ᠰᠤᠳᠠᠯ ᠤ᠋ᠨ ᠬᠣᠭᠣᠷᠣᠨᠳᠣ ᠨᠢ ᠣᠬᠣᠷ ᠬᠠᠲᠠᠭᠤ ᠦᠰᠦ ᠲᠡᠢ; ᠭᠠᠳᠠᠷ ᠬᠡᠪᠡᠭ ᠨᠢ ᠰᠢᠷᠦᠭᠦᠨ ᠦᠰᠦ ᠲᠡᠢ᠂ ᠦᠵᠦᠭᠦᠷ ᠲᠤᠨᠢ ᠪᠦᠳᠦᠭᠦᠨ ᠰᠤᠷ ᠲᠠᠢ;᠃ ᠰᠤᠷ ᠨᠢ5—30mm ᠤᠷᠲᠤ ᠪᠥᠭᠡᠳ ᠰᠢᠷᠦᠭᠦᠨ; ᠠᠮᠤ ᠵᠢᠮᠢᠰ ᠨᠢ ᠵᠤᠤᠪᠠᠩ᠂4mm ᠣᠷᠴᠢᠮ ᠤᠷᠲᠤ᠂ ᠭᠢᠯᠠᠭᠠᠷ᠂ ᠣᠷᠣᠢ ᠳ᠋ᠤᠨᠢ ᠵᠢᠵᠢᠭ ᠦᠵᠦᠭᠦᠷ ᠪᠣᠢ᠃
 ᠴᠢᠭᠢᠭᠲᠡᠢ ᠬᠣᠲᠣᠭᠣᠷ᠂ ᠭᠦᠢᠬᠡᠨ ᠤᠰᠤ ᠲᠠᠢ ᠨᠠᠮᠤᠭ ᠭᠠᠵᠠᠷ ᠲᠤ᠌ ᠤᠷᠭᠤᠨ᠎ᠠ᠃
   ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
  ᠦᠷ᠎ᠡ ᠳ᠋ᠦ᠍ᠨᠢ ᠴᠠᠷᠳᠠᠭᠤᠯ ᠲᠠᠢ ᠲᠤᠯᠠ ᠲᠠᠯᠠᠭᠳᠠᠵᠤ ᠢᠳᠡᠵᠦ ᠪᠣᠯᠤᠨ᠎ᠠ᠂ ᠪᠠᠰᠠ ᠠᠷᠢᠬᠢ ᠨᠡᠷᠡᠵᠦ ᠪᠣᠯᠳᠠᠭ᠃ ᠡᠰᠢ ᠨᠠᠪᠴᠢ ᠨᠢ ᠰᠠᠢᠨ ᠪᠣᠷᠳᠣᠭ᠎ᠠ ᠮᠥᠨ᠃ ᠭᠠᠩᠰᠠᠭ ᠤᠰᠤᠨ ᠬᠣᠨᠣᠭ(早稗oar.Hispidula     (Retz.)     Honda) ᠤᠰᠤᠨ ᠬᠣᠨᠣᠭ ᠲᠠᠢ ᠭᠣᠣᠯᠳᠠᠭᠤ ᠢᠯᠭᠠᠭ᠎ᠠ ᠲᠠᠢ ᠭᠠᠵᠠᠷ᠄ ᠱᠣᠷᠣᠯᠵᠢᠨ ᠬᠡᠯᠪᠡᠷᠢᠲᠦ ᠪᠠᠭ ᠴᠡᠴᠡᠭ ᠨᠢ ᠨᠠᠷᠢᠬᠠᠨ᠂ ᠤᠨᠵᠢᠢᠵᠤ ᠤᠷᠭᠤᠨ᠎ᠠ᠂ ᠰᠠᠯᠠᠭ᠎ᠠ ᠨᠤᠭᠤᠳ ᠨᠢ ᠵᠢᠵᠢᠭ ᠰᠠᠯᠠᠭ᠎ᠠ ᠭᠠᠷᠬᠤ ᠦᠭᠡᠢ; ᠵᠢᠵᠢᠭ ᠲᠦᠷᠦᠭᠦᠦ ᠨᠢ4—5mm ᠤᠷᠲᠤ᠃ ᠬᠡᠭᠡᠷ᠎ᠡ ᠲᠠᠯ᠎ᠠ ᠲᠠᠷᠢᠶᠠᠨ ᠭᠠᠵᠠᠷ  ᠲᠤ᠌ ᠤᠷᠭᠤᠨ᠎ᠠ᠃

   ᠬᠢᠲᠠᠳ ᠨᠡᠷ᠎ᠡ᠄稗(水稗)
   ᠠᠩᠭ᠌ᠯᠢ ᠨᠡᠷ᠎ᠡ᠄Echinochloa   crusgalli(L.)Beauv
      ᠦᠰᠦᠭ ᠠᠮᠢᠯᠠᠭᠤᠯᠤᠭᠴᠢ᠄ ᠣ· ᠰᠡᠴᠡᠨᠲᠤ
      ᠬᠢᠨᠠᠭᠴᠢ᠄ ᠫᠤ· ᠴᠠᠭᠠᠨ