ᠲᠥᠪᠡᠳ ᠮᠣᠩᠭᠣᠯ ᠤᠨ ᠳᠠᠭᠢᠨᠢ – ᠶᠣᠨᠳᠣᠨ ᠤ ᠪᠢᠯᠢᠭ᠌ - ᠪᠠᠭᠠᠲᠤᠷ Түвд монголын дагина –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠪᠡᠳ ᠮᠣᠩᠭᠣᠯ ᠤᠨ ᠳᠠᠭᠢᠨᠢ – ᠶᠣᠨᠳᠣᠨ ᠤ ᠪᠢᠯᠢᠭ᠌ - ᠪᠠᠭᠠᠲᠤᠷ Түвд монголын дагина –Ёндоны Билиг - Баатар

ᠲᠥᠪᠡᠳ ᠮᠣᠩᠭᠣᠯ ᠤᠨ ᠳᠠᠭᠢᠨᠢ – ᠶᠣᠨᠳᠣᠨ ᠤ ᠪᠢᠯᠢᠭ᠌ - ᠪᠠᠭᠠᠲᠤᠷ Түвд монголын дагина –Ёндоны Билиг - Баатар

2024-06-14

282

ᠲᠥᠪᠡᠳ ᠮᠣᠩᠭᠣᠯ ᠤᠨ ᠳᠠᠭᠢᠨᠢ


 ᠰᠠᠶ᠎ᠠ ᠵᠢᠸ᠎ᠠ ᠵᠢᠯ ᠦ᠋ᠨ 
      ᠬᠤᠪᠢ ᠪᠠᠷᠢᠯᠳᠤᠯᠭ᠎ᠠ ᠪᠠᠷ 
 ᠰᠠᠨᠰᠠᠷ ᠣᠷᠴᠢᠯᠠᠩ ᠠ᠋ᠴᠠ 
      ᠵᠢᠷᠦᠬᠡ ᠰᠦᠨᠡᠰᠦᠨ ᠳ᠋ᠦ᠍ ᠮᠢᠨᠢ 
 ᠰᠠᠭᠠᠯᠢ ᠰᠠᠴᠤᠯᠢ ᠶ᠋ᠢᠨ 
      ᠠᠷᠢᠭᠤᠨ ᠢᠷᠠᠭᠤᠬᠠᠨ ᠰᠦᠨ ᠮᠡᠲᠦ 
 ᠰᠠᠴᠤᠷᠠᠩᠭᠤᠢ ᠨᠢᠭᠦᠯᠡᠰᠦᠩᠭᠦᠢ ᠭᠣᠶᠣᠬᠠᠨ 
      ᠪᠠᠳᠠᠷᠠᠩᠭᠤᠢ ᠪᠠᠳᠮᠠᠷᠠᠭᠠᠳ 
 ᠰᠠᠯᠤᠰᠢ ᠦᠭᠡᠢ ᠬᠠᠭᠠᠴᠠᠰᠢ ᠦᠭᠡᠢ 
      ᠰᠠᠯᠬᠢ ᠠᠭᠠᠷ ᠰᠢᠭ᠋ ᠰᠡᠪᠡᠯᠵᠡᠩᠭᠡᠨ 
 ᠰᠠᠨᠠᠭᠠᠨ ᠤ᠋ ᠶᠢᠷᠲᠢᠨᠴᠦ ᠶ᠋ᠢ ᠮᠢᠨᠢ 
      ᠡᠵᠡᠮᠳᠡᠩᠬᠡᠨ ᠭᠠᠩᠭᠠᠯᠠᠭᠰᠠᠨ ᠥᠬᠢᠨ 
 ᠮᠥᠩᠬᠡ ᠴᠠᠰᠤᠲᠤ ᠶ᠋ᠢᠨ ᠲᠥᠪᠡᠳ ᠡᠴᠢᠭᠡ 
      ᠶᠡᠬᠡ ᠥᠨᠳᠥᠷᠯᠢᠭ ᠦ᠋ᠨ ᠮᠣᠩᠭᠣᠯ ᠡᠬᠡ 
 ᠮᠥᠬᠥᠰᠢ ᠦᠭᠡᠢ ᠬᠣᠣᠰ ᠡᠨᠡ ᠯᠡ 
      ᠯᠤᠲᠤ ᠬᠠᠢᠷ᠎ᠠ ᠠ᠋ᠴᠠ ᠲᠥᠷᠥᠭᠰᠡᠨ ᠳᠠᠭᠢᠨᠢ 
 ᠰᠠᠩᠵᠠᠢᠵᠤᠮ᠎ᠠ ᠭᠡᠭᠡᠨ ᠬᠡᠦᠬᠡᠨ ᠴᠢ ᠮᠢᠨᠢ 
      ᠰᠠᠢᠬᠠᠨ ᠨᠣᠭᠣᠭᠠᠨ ᠳ᠋ᠠᠷᠢ ᠡᠬᠡ ᠶ᠋ᠢᠨ 
 ᠰᠠᠷᠠᠭᠤᠯ ᠤᠬᠠᠭᠠᠨ ᠰᠠᠷᠠᠨ ᠭᠤᠸ᠎ᠠ 
      ᠲᠥᠷᠬᠦ ᠶ᠋ᠢᠨ ᠬᠢᠨᠢ ᠪᠢᠯᠢᠭᠦᠨ ᠪᠦᠷᠢᠯᠸ᠎ᠠ ᠤᠤ 
 ᠨᠠᠷᠠᠨ ᠪᠤᠮᠠᠨ ᠰᠠᠴᠤᠷᠠᠭ ᠬᠠᠴᠠᠷ ᠲᠤ᠌ ᠴᠢᠨᠢ 
      ᠬᠠᠯᠲᠤᠷᠢᠵᠤ ᠪᠦᠳᠦᠷᠢᠭᠡᠳ ᠭᠣᠷᠢ ᠦᠭᠡᠢ 
 ᠨᠠᠮᠰᠠᠷᠠᠢ ᠪᠤᠷᠬᠠᠨ ᠮᠢᠰᠢᠶᠡᠩᠭᠡᠨ ᠵᠢᠷᠭᠠᠵᠤ 
      ᠪᠤᠯᠪᠠᠷᠠᠢ ᠥᠯᠮᠡᠢ ᠶ᠋ᠢ ᠴᠢᠨᠢ ᠮᠢᠯᠢᠶᠠᠨᠠᠮ 
 ᠠᠶ᠎ᠠ ᠡᠵᠢ ᠶ᠋ᠢᠨ ᠭᠠᠭᠴᠠ ᠠᠮᠢᠨ ᠭᠣᠣᠯ 
 ᠠᠶ᠎ᠠ ᠠᠪᠤ ᠶ᠋ᠢᠨ ᠬᠠᠮᠤᠭ ᠲᠣᠮᠣ ᠦᠦᠷ 
 ᠠᠯᠲᠠᠨ ᠬᠣᠷᠸ᠎ᠠ ᠶ᠋ᠢᠨ ᠵᠥᠭᠡᠯᠡᠨ ᠨᠢᠳᠦ 
 ᠠᠮᠢ ᠨᠠᠰᠤᠨ ᠤ᠋ ᠠᠯᠢᠶᠠᠬᠠᠨ ᠴᠠᠮᠬᠠᠭ ᠤᠤ 
    ᠁ ᠁ ᠁  
 ᠵᠠᠶᠠᠭ᠎ᠠ ᠲᠠᠪᠢᠯᠠᠩ ᠵᠢᠷᠤᠮ ᠤ᠋ᠨ ᠮᠢᠨᠢ 
      ᠡᠷᠬᠢᠮᠰᠦᠭ ᠭᠡᠭᠡᠯᠢᠭ ᠮᠤᠨᠳᠠᠭ ᠤᠬᠠᠭᠠᠨᠲᠠᠢ 
 ᠵᠠᠮ ᠤ᠋ᠨ ᠬᠦᠵᠦᠭᠦᠦ ᠤᠷᠲᠤ ᠲᠠᠷᠳᠠᠩᠬᠠᠨ 
      ᠥᠬᠢᠨ ᠴᠠᠭᠠᠨ ᠠᠯᠠᠭ ᠦᠷ᠎ᠡ ᠮᠢᠨᠢ 
 ᠵᠠᠭᠤᠨ ᠵᠠᠭᠤᠨ ᠤ᠋ ᠭᠡᠷᠡᠯᠲᠦ ᠲᠡᠦᠬᠡᠨ ᠳ᠋ᠦ᠍ 
      ᠳᠣᠮᠣᠭ ᠲᠤᠤᠯᠢ ᠰᠢᠭ᠋ ᠬᠠᠢᠯᠠᠭᠳᠠᠬᠤᠢ 
 ᠵᠠᠯᠭᠠᠮᠵᠢ ᠬᠣᠢᠴᠢ ᠶ᠋ᠢᠨ ᠰᠤᠳᠤᠷ ᠲᠤᠷ 
      ᠮᠥᠩᠭᠥᠨ ᠦᠰᠦᠭ ᠢ᠋ᠶ᠋ᠡᠷ ᠪᠢᠴᠢᠭᠳᠡᠬᠦᠢ 
 ᠬᠣᠷᠢᠨ ᠨᠢᠭᠡᠳᠦᠭᠡᠷ ᠡᠷᠢᠨ ᠦ᠌ ᠱᠠᠰᠲᠢᠷ ᠢ᠋ 
      ᠢᠷᠠᠭᠤ ᠨᠠᠢᠷᠠᠭ ᠢ᠋ᠶ᠋ᠠᠷ ᠮᠢᠨᠢ ᠮᠥᠩᠬᠡᠯᠡᠬᠦᠢ 
 ᠬᠣᠨᠢᠴᠢᠨ ᠮᠠᠯᠴᠢᠨ ᠤ᠋ ᠵᠤᠯᠠᠢ ᠶ᠋ᠢᠨ ᠭᠡᠷᠡᠯ 
      ᠬᠣᠷᠢᠭᠯᠠᠭᠳᠠᠰᠢ ᠦᠭᠡᠢ ᠢᠷᠡᠭᠡᠳᠦᠢ 
    ᠁ ᠁ ᠁ 
    ᠁ ᠁ ᠁  
    ᠁  ᠮᠢᠨᠦ ᠵᠧ    

                 2024᠂ 06᠂ 14᠃ 17᠄ 29᠃  

                   ᠬᠥᠬᠡᠬᠣᠲᠠ ᠠ᠋ᠴᠠ ᠱᠠᠩᠬᠠᠢ ᠰᠢᠭᠤᠳ ᠬᠦᠷᠬᠦ 
                      ᠭᠠᠯᠲᠤ ᠲᠡᠷᠭᠡᠨ ᠳᠡᠭᠡᠷ᠎ᠡ ᠪᠦᠲᠦᠭᠡᠪᠡᠢ᠃