ᠪᠤᠷᠬᠠᠨ ᠤ ᠭᠡᠷᠡᠯ ᠪᠣᠯ ᠬᠡᠦᠬᠡᠳ ᠦᠳ ᠶᠤᠮ – ᠶᠣᠨᠳᠣᠨ ᠤ ᠪᠢᠯᠢᠭ᠌ - ᠪᠠᠭᠠᠲᠤᠷ Бурхны гэрэл бол хүүхдүүд юм –Ёндоны Билиг - Баатар
ᠪᠤᠷᠬᠠᠨ ᠤ ᠭᠡᠷᠡᠯ ᠪᠣᠯ ᠬᠡᠦᠬᠡᠳ ᠦᠳ ᠶᠤᠮ
ᠬᠡᠳᠦᠢ ᠬᠣᠯᠠ ᠠ᠋ᠴᠠ ᠢᠷᠡᠭᠰᠡᠨ ᠪᠣᠯ ᠠ᠋ ⁈
ᠪᠤᠷᠬᠠᠨ ᠤ᠋ ᠭᠡᠷᠡᠯ ᠪᠣᠯ ᠬᠡᠦᠬᠡᠳ ᠦ᠋ᠳ ᠶᠦᠮ
ᠪᠤᠴᠠᠭᠠᠵᠤ ᠪᠣᠯᠳᠠᠭ ᠦᠭᠡᠢ ᠨᠠᠨᠳᠢᠨ ᠪᠡᠯᠡᠭ
ᠪᠤᠯᠪᠠᠷᠠᠢ ᠡᠩᠬᠦᠷᠡᠢ ᠬᠡᠦᠬᠡᠳ ᠦ᠋ᠳ ᠢ᠋ᠶ᠋ᠡᠨ
ᠪᠥᠮᠪᠥᠷᠴᠡᠭ ᠣᠷᠴᠢᠯᠠᠩ ᠲᠠᠢ ᠪᠦᠪᠡᠢᠯᠡᠶᠡ
ᠰᠠᠨᠰᠠᠷ ᠣᠭᠲᠠᠷᠭᠤᠢ ᠶ᠋ᠢᠨ ᠪᠤᠮᠠᠨ ᠣᠳᠣᠳ
ᠰᠠᠢᠬᠠᠨ ᠬᠡᠦᠬᠡᠳ ᠦ᠋ᠳ ᠢ᠋ ᠮᠢᠨᠢ ᠮᠠᠨᠠᠳᠠᠭ
ᠰᠠᠯᠬᠢ ᠠᠭᠠᠷ ᠥᠷᠪᠥᠭᠡ ᠶ᠋ᠢ ᠨᠢ ᠬᠥᠨᠳᠡᠳᠡᠭ
ᠬᠡᠦᠬᠡᠳ ᠦ᠋ᠳ ᠪᠣᠯ ᠡᠷᠬᠡ ᠴᠢᠯᠥᠭᠡᠨ ᠦ᠌ ᠲᠤᠭ
ᠬᠥᠮᠦᠨ ᠲᠥᠷᠥᠯᠬᠢᠲᠡᠨ ᠦ᠌ ᠭᠠᠭᠴᠠᠬᠠᠨ ᠴᠠᠮᠬᠠᠭ
ᠬᠡᠮᠵᠢᠶᠡᠯᠡᠰᠢ ᠦᠭᠡᠢ ᠭᠡᠷᠡᠯ ᠲᠡᠢ ᠪᠠᠷᠳᠠᠮᠨᠠᠯ ᠶᠤᠮ
2024᠂ 4᠂ 8᠃ ᠣᠷᠣᠢ ᠶ᠋ᠢᠨ ᠴᠠᠭ᠃
ᠬᠥᠬᠡᠬᠣᠲᠠᠨ᠎ᠠ ᠪᠦᠲᠦᠭᠡᠪᠡᠢ᠃
