ᠣᠷᠴᠢᠯᠠᠩ ᠤᠨ ᠦᠭᠡ ᠬᠡᠯᠡ – ᠶᠣᠨᠳᠣᠨ ᠤ ᠪᠢᠯᠢᠭ᠌ - ᠪᠠᠭᠠᠲᠤᠷ Орчлонгийн үг хэл –Ёндоны Билиг - Баатар
ᠣᠷᠴᠢᠯᠠᠩ ᠤᠨ ᠦᠭᠡ ᠬᠡᠯᠡ
ᠦᠯᠦ ᠣᠢᠯᠠᠭᠠᠭᠳᠠᠬᠤᠢ
ᠣᠨᠢᠰᠣᠭ᠎ᠠ ᠰᠢᠭ᠋ ᠣᠷᠴᠢᠯᠠᠩ ᠤ᠋ᠨ
ᠦᠭᠡ ᠬᠡᠯᠡ
ᠣᠳᠣᠳ ᠢ᠋ ᠤᠩᠰᠢᠵᠤ ᠬᠠᠨᠤᠰᠢ ᠦᠭᠡᠢ
ᠬᠡᠨ ᠴᠣ ᠲᠥᠷᠥᠬᠦ ᠡᠴᠡ ᠬᠣᠯᠠ ᠡᠮᠦᠨ᠎ᠡ
ᠬᠡᠪᠯᠡᠭᠳᠡᠵᠦ ᠨᠡᠢᠲᠡᠯᠡᠭᠳᠡᠭᠰᠡᠨ ᠡᠨᠡ ᠨᠣᠮ ᠢ᠋
ᠬᠡᠵᠢᠶ᠎ᠡ ᠪᠢ ᠤᠩᠰᠢᠵᠤ ᠭᠠᠲᠤᠯᠬᠤ ᠪᠣᠢ
ᠬᠡᠨ ᠨᠠᠳᠠᠳᠤ ᠬᠡᠯᠡᠭᠡᠳ ᠥᠭᠨᠡᠮ ᠪᠣᠢ
ᠡᠬᠡ ᠡᠴᠡ ᠲᠥᠷᠥᠭᠰᠡᠨ ᠲᠡᠷᠡ ᠯᠠ
ᠠᠭᠱᠠᠨ ᠠ᠋ᠴᠠ ᠪᠠᠨ ᠤᠩᠰᠢᠭ᠌ᠰᠠᠨ ᠰᠠᠨ
ᠡᠳᠦᠭᠡ ᠬᠦᠷᠲᠡᠯ᠎ᠡ ᠪᠠᠰᠠ ᠪᠠᠷᠠᠭᠠᠳᠤᠢ
ᠦᠰᠦᠨ ᠳ᠋ᠦ᠍ᠷ ᠮᠥᠩᠭᠥᠨ ᠬᠢᠷᠠᠭᠤ ᠤᠨᠠᠪᠠᠢ
ᠠᠯᠤᠰ ᠰᠠᠨᠰᠠᠷ ᠲᠤ᠌ ᠠᠮᠤᠭᠤᠯᠠᠩ ᠠᠶᠠᠯᠠᠭ᠎ᠠ
ᠠᠪᠤ ᠡᠵᠢ ᠮᠢᠨᠢ ᠠ᠋ ᠲᠡᠨᠡᠭ ᠬᠥᠪᠡᠭᠦᠨ
ᠮᠢᠨᠦᠬᠢ ᠪᠡᠨ ᠦᠭᠡ ᠶ᠋ᠢ ᠰᠣᠨᠣᠰᠪᠠᠤ
ᠠᠷᠠᠨᠵᠢᠯ ᠤᠯᠠᠭᠠᠨ ᠨᠠᠷᠠ ᠲᠠ ᠰᠣᠨᠣᠰᠪᠠᠤ
ᠨᠠᠮ᠎ᠠ ᠶ᠋ᠢ ᠵᠠᠯᠭᠠᠨ ᠬᠦᠦ ᠥᠬᠢᠨ ᠣᠮᠪᠣᠯ
ᠬᠦᠦ ᠥᠬᠢᠨ ᠣᠮᠪᠣᠯ ᠢ᠋ ᠮᠢᠨᠢ ᠵᠠᠯᠭᠠᠭᠠᠳ
ᠣᠮᠪᠣᠯ ᠳᠣᠮᠪᠣᠯ ᠤ᠋ᠨ ᠣᠮᠪᠣᠯ ᠳᠣᠮᠪᠣᠯ ᠤ᠋ᠳ
ᠤᠩᠰᠢᠨ ᠰᠤᠳᠤᠯᠤᠨ ᠤᠬᠠᠭᠠᠨ ᠢ᠋ ᠨᠢ ᠯᠠᠪ
ᠨᠢᠭᠡᠨ ᠡᠳᠦᠷ ᠣᠯᠬᠤ ᠯᠠ ᠪᠠᠢᠯᠭᠦᠢ ᠳᠡ
ᠲᠡᠷᠡ ᠬᠣᠷᠣᠮᠬᠠᠨ ᠳ᠋ᠤ᠌ ᠪᠢ ᠭᠠᠢᠭᠤᠢ ᠪᠠᠶᠠᠰᠤᠨᠠᠮ
ᠲᠡᠢᠮᠦ ᠴᠣ ᠬᠣᠯᠠ ᠪᠢᠰᠢ ᠴᠠᠭ ᠯᠠ ᠳᠠ
ᠲᠡᠭᠷᠢ ᠶ᠋ᠢᠨ ᠴᠠᠭ ᠡᠨᠡᠭᠦᠬᠡᠨ ᠳ᠋ᠦ᠍ ᠯᠡ ᠪᠣᠢ
ᠪᠢ ᠮᠥᠬᠥᠰᠢ ᠦᠭᠡᠢ
ᠪᠢᠳᠡᠨᠦᠰ ᠰᠥᠨᠥᠰᠢ ᠦᠭᠡᠢ ᠠ᠋
2024᠂ 06᠂ 13᠃ 18᠄ 59᠃
ᠬᠥᠬᠡᠬᠣᠲᠠᠨ᠎ᠠ ᠬᠢᠴᠢᠶᠡᠩᠭᠦᠢᠯᠡᠨ ᠪᠦᠲᠦᠭᠡᠪᠡᠢ᠃
ᠦᠯᠦ ᠣᠢᠯᠠᠭᠠᠭᠳᠠᠬᠤᠢ
ᠣᠨᠢᠰᠣᠭ᠎ᠠ ᠰᠢᠭ᠋ ᠣᠷᠴᠢᠯᠠᠩ ᠤ᠋ᠨ
ᠦᠭᠡ ᠬᠡᠯᠡ
ᠣᠳᠣᠳ ᠢ᠋ ᠤᠩᠰᠢᠵᠤ ᠬᠠᠨᠤᠰᠢ ᠦᠭᠡᠢ
ᠬᠡᠨ ᠴᠦ᠍ ᠲᠥᠷᠥᠬᠦ ᠡᠴᠡ ᠬᠣᠯᠠ ᠡᠮᠦᠨ᠎ᠡ
ᠬᠡᠪᠯᠡᠭᠳᠡᠵᠦ ᠨᠡᠢᠲᠡᠯᠡᠭᠳᠡᠭᠰᠡᠨ ᠡᠨᠡ ᠨᠣᠮ ᠢ᠋
ᠬᠡᠵᠢᠶ᠎ᠡ ᠪᠢ ᠤᠩᠰᠢᠵᠤ ᠭᠠᠲᠤᠯᠬᠤ ᠪᠣᠢ
ᠬᠡᠨ ᠨᠠᠳᠠᠳᠤ ᠬᠡᠯᠡᠭᠡᠳ ᠥᠭᠭᠦᠨᠡᠮ ᠪᠣᠢ
ᠡᠬᠡ ᠡᠴᠡ ᠲᠥᠷᠥᠭᠰᠡᠨ ᠲᠡᠷᠡ ᠯᠠ
ᠠᠭᠱᠠᠨ ᠠ᠋ᠴᠠ ᠪᠠᠨ ᠤᠩᠰᠢᠭ᠌ᠰᠠᠨ ᠰᠠᠨ
ᠡᠳᠦᠭᠡ ᠬᠦᠷᠲᠡᠯ᠎ᠡ ᠪᠠᠰᠠ ᠪᠠᠷᠠᠭᠠᠳᠤᠢ
ᠦᠰᠦᠨ ᠳ᠋ᠦ᠍ᠷ ᠮᠥᠩᠭᠥᠨ ᠬᠢᠷᠠᠭᠤ ᠤᠨᠠᠪᠠᠢ
ᠠᠯᠤᠰ ᠰᠠᠨᠰᠠᠷ ᠲᠤ᠌ ᠠᠮᠤᠭᠤᠯᠠᠩ ᠠᠶᠠᠯᠠᠭ᠎ᠠ
ᠠᠪᠤ ᠡᠵᠢ ᠮᠢᠨᠢ ᠠ᠋ ᠲᠡᠨᠡᠭ ᠬᠥᠪᠡᠭᠦᠨ
ᠮᠢᠨᠦᠬᠢ ᠪᠡᠨ ᠦᠭᠡ ᠶ᠋ᠢ ᠰᠣᠨᠣᠰᠪᠠᠤ
ᠠᠷᠠᠨᠵᠢᠯ ᠤᠯᠠᠭᠠᠨ ᠨᠠᠷᠠ ᠲᠠ ᠰᠣᠨᠣᠰᠪᠠᠤ
ᠨᠠᠮ᠎ᠠ ᠶ᠋ᠢ ᠵᠠᠯᠭᠠᠨ ᠬᠦᠦ ᠥᠬᠢᠨ ᠣᠮᠪᠣᠯ
ᠬᠦᠦ ᠥᠬᠢᠨ ᠣᠮᠪᠣᠯ ᠢ᠋ ᠮᠢᠨᠢ ᠵᠠᠯᠭᠠᠭᠠᠳ
ᠣᠮᠪᠣᠯ ᠳᠣᠮᠪᠣᠯ ᠤ᠋ᠨ ᠣᠮᠪᠣᠯ ᠳᠣᠮᠪᠣᠯ ᠤ᠋ᠳ
ᠤᠩᠰᠢᠨ ᠰᠤᠳᠤᠯᠤᠨ ᠤᠬᠠᠭᠠᠨ ᠢ᠋ ᠨᠢ ᠯᠠᠪ
ᠨᠢᠭᠡᠨ ᠡᠳᠦᠷ ᠣᠯᠬᠤ ᠯᠠ ᠪᠠᠢᠯᠭᠦᠢ ᠳᠡ
ᠲᠡᠷᠡ ᠬᠣᠷᠣᠮᠬᠠᠨ ᠳ᠋ᠤ᠌ ᠪᠢ ᠭᠠᠢᠭᠤᠢ ᠪᠠᠶᠠᠰᠤᠨᠠᠮ
ᠲᠡᠢᠮᠦ ᠴᠦ᠍ ᠬᠣᠯᠠ ᠪᠢᠰᠢ ᠴᠠᠭ ᠯᠠ ᠳᠠ
ᠲᠡᠭᠷᠢ ᠶ᠋ᠢᠨ ᠴᠠᠭ ᠡᠨᠡᠭᠦᠬᠡᠨ ᠳ᠋ᠦ᠍ ᠯᠡ ᠪᠣᠢ
ᠪᠢ ᠮᠥᠬᠥᠰᠢ ᠦᠭᠡᠢ
ᠪᠢᠳᠡᠨᠦᠰ ᠰᠥᠨᠥᠰᠢ ᠦᠭᠡᠢ ᠠ᠋
2024᠂ 06᠂ 13᠃ 18᠄ 59᠃
ᠬᠥᠬᠡᠬᠣᠲᠠᠨ᠎ᠠ ᠬᠢᠴᠢᠶᠡᠩᠭᠦᠢᠯᠡᠨ ᠪᠦᠲᠦᠭᠡᠪᠡᠢ᠃
