ᠳᠣᠯᠣᠭᠠᠨ ᠪᠤᠷᠬᠠᠨ - ᠳ ∙ ᠮᠡᠨᠳᠦ-ᠠᠮᠤᠷ ᠪᠦᠪᠡᠢ 2D UnitelДолоон бурхан - Камертон хамтлагийн гишүүн Д.Мэнд-Амар _ Бүүвэй
ᠳᠣᠯᠣᠭᠠᠨ ᠪᠤᠷᠬᠠᠨ
ᠮᠣᠩᠭᠣᠯ ᠠᠷᠠᠳ ᠤ᠋ᠨ ᠦᠯᠢᠭᠡᠷ
ᠡᠷᠲᠡ ᠤᠷᠢᠳᠤ ᠶ᠋ᠢᠨ ᠴᠠᠭ ᠲᠤ ᠠᠬ᠎ᠠ ᠳᠡᠭᠦᠦ ᠬᠣᠶᠠᠷ ᠠᠩ ᠬᠦᠷᠦᠭᠡ ᠬᠢᠵᠦ ᠶᠠᠪᠤᠲᠠᠯ᠎ᠠ ᠠᠭᠤᠯᠠ ᠶ᠋ᠢᠨ ᠣᠷᠣᠢ ᠳᠡᠭᠡᠷ᠎ᠡ ᠨᠤᠮᠤ ᠰᠤᠮᠤ ᠪᠠᠷᠢᠭᠰᠠᠨ ᠨᠢᠭᠡᠨ ᠬᠥᠮᠦᠨ ᠪᠠᠢᠬᠤ ᠶᠤᠮ ᠭᠡᠨ᠎ᠡ᠃
ᠠᠬ᠎ᠠ ᠳᠡᠭᠦᠦ ᠬᠣᠶᠠᠷ ᠳᠡᠷᠭᠡᠳᠡ ᠨᠢ ᠣᠴᠢᠭᠠᠳ᠄《ᠲᠠ ᠶᠠᠭᠤᠨ ᠬᠥᠮᠦᠨ ᠪᠣᠢ? ᠡᠨᠳᠡ ᠶᠠᠭᠤ ᠬᠢᠵᠦ ᠪᠠᠢᠨ᠎ᠠ?》 ᠭᠡᠵᠦ ᠠᠰᠠᠭᠤᠬᠤ ᠳ᠋ᠤ᠌ ᠲᠡᠷᠡ ᠬᠥᠮᠦᠨ᠄《ᠲᠩᠷᠢ ᠶ᠋ᠢᠨ ᠨᠠᠭᠠᠳᠤ ᠲᠠᠢ᠂ ᠣᠭᠲᠠᠷᠭᠤᠢ ᠶ᠋ᠢᠨ ᠴᠠᠭᠠᠳᠤ ᠲᠠᠢ ᠨᠢᠭᠡᠨ ᠰᠢᠪᠠᠭᠤ ᠨᠢᠰᠴᠦ ᠪᠠᠢᠬᠤ ᠪᠠᠷ ᠨᠢ ᠬᠠᠷᠪᠤᠵᠤ ᠣᠷᠬᠢᠲᠠᠯ᠎ᠠ ᠣᠳᠣ ᠬᠢᠷᠢ ᠨᠢ ᠪᠠᠭᠤᠵᠤ ᠢᠷᠡᠭᠡ ᠦᠭᠡᠢ᠃ ᠪᠢ ᠲᠡᠭᠦᠨ ᠢ᠋ ᠬᠦᠯᠢᠶᠡᠭᠡᠳ ᠪᠠᠢᠨ᠎ᠠ 》 ᠭᠡᠬᠦ ᠨᠢ ᠲᠡᠷᠡ᠃
ᠨᠡᠯᠢᠶᠡᠳ ᠤᠳᠠᠵᠤ ᠦᠳᠡ ᠬᠡᠪᠡᠢᠬᠦ ᠠᠯᠲᠠ ᠳ᠋ᠤ᠌ ᠰᠤᠮᠤᠨ ᠳ᠋ᠤ᠌ ᠬᠠᠷᠪᠤᠭᠤᠯᠤᠭᠰᠠᠨ ᠰᠢᠪᠠᠭᠤ ᠲᠩᠷᠢ ᠡᠴᠡ ᠤᠨᠠᠵᠤ ᠢᠷᠡᠵᠡᠢ ᠭᠡᠨ᠎ᠡ᠃
ᠲᠡᠭᠦᠨ ᠢ᠋ ᠦᠵᠡᠭᠡᠳ ᠠᠬ᠎ᠠ ᠳᠡᠭᠦᠦ ᠬᠣᠶᠠᠷ ᠪᠢᠳᠡᠨ ᠢ᠋ ᠰᠠᠢᠨ ᠬᠠᠷᠪᠤᠭᠠᠴᠢ ᠭᠡᠳᠡᠭ᠃ ᠡᠨᠡ ᠬᠥᠮᠦᠨ ᠪᠢᠳᠡᠨ ᠡᠴᠡ ᠢᠯᠡᠭᠦᠦ ᠴᠢᠳᠠᠯᠲᠠᠢ ᠶᠤᠮ᠂ ᠲᠡᠭᠦᠨ ᠲᠡᠢ ᠠᠬ᠎ᠠ ᠳᠡᠭᠦᠦᠰ ᠪᠣᠯᠤᠯᠴᠠᠶ᠎ᠠ! 》 ᠭᠡᠵᠦ ᠬᠡᠯᠡᠯᠴᠡᠭᠡᠳ᠄《ᠲᠠ ᠪᠢᠳᠡᠨ ᠲᠡᠢ ᠠᠬ᠎ᠠ ᠳᠡᠭᠦᠦ ᠪᠣᠯᠤᠨ᠎ᠠ ᠤᠤ? 》 ᠭᠡᠬᠦ ᠳ᠋ᠦ᠍ ᠮᠡᠷᠭᠡᠨ ᠬᠠᠷᠪᠤᠭᠠᠴᠢ᠄《ᠪᠣᠯᠤᠨ᠎ᠠ!》 ᠭᠡᠵᠡᠢ ᠭᠡᠨ᠎ᠡ᠃
ᠴᠠᠭᠠᠰᠢ ᠭᠤᠷᠪᠠᠭᠤᠯᠠ ᠪᠣᠯᠤᠨ ᠶᠠᠪᠤᠵᠤ ᠪᠠᠢᠲᠠᠯ᠎ᠠ ᠲᠠᠯ᠎ᠠ ᠪᠡᠶ᠎ᠡ ᠪᠡᠨ ᠪᠤᠯᠠᠴᠢᠬᠠᠭᠰᠠᠨ᠂ ᠲᠠᠯ᠎ᠠ ᠪᠡᠶ᠎ᠡ ᠨᠢ ᠭᠠᠵᠠᠷ ᠳᠡᠭᠡᠷ᠎ᠡ ᠢᠯᠡ ᠦᠵᠡᠭᠳᠡᠬᠦ ᠨᠢᠭᠡᠨ ᠬᠥᠮᠦᠨ ᠲᠠᠭᠠᠷᠠᠵᠠᠢ ᠭᠡᠨ᠎ᠡ᠃
《ᠲᠠ ᠡᠨᠳᠡ ᠶᠠᠭᠤ ᠬᠢᠵᠦ ᠪᠠᠢᠨ᠎ᠠ ᠪᠣᠢ?》 ᠭᠡᠵᠦ ᠠᠰᠠᠭᠤᠬᠤ ᠳ᠋ᠤ᠌᠄《ᠪᠢ ᠲᠩᠷᠢ ᠭᠠᠵᠠᠷ ᠢ᠋ ᠴᠢᠩᠨᠠᠳᠠᠭ ᠬᠥᠮᠦᠨ ᠪᠠᠢᠨ᠎ᠠ》 ᠭᠡᠵᠡᠢ ᠭᠡᠨ᠎ᠡ᠃《ᠲᠠ ᠡᠭᠦᠨ ᠢ᠋ᠶ᠋ᠡᠷ ᠢ᠋ᠶ᠋ᠡᠨ ᠶᠠᠭᠤ ᠮᠡᠳᠡᠳᠡᠭ ᠪᠣᠢ?》 ᠭᠡᠵᠦ ᠠᠰᠠᠭᠤᠬᠤ ᠳ᠋ᠤ᠌᠄《ᠪᠢ ᠭᠤᠷᠪᠠᠨ ᠶᠢᠷᠲᠢᠨᠴᠦ ᠶ᠋ᠢᠨ ᠠᠮᠢᠲᠠᠨ ᠶᠠᠭᠤ ᠶᠠᠷᠢᠵᠤ᠂ ᠶᠠᠭᠤ ᠬᠡᠯᠡᠯᠴᠡᠵᠦ ᠪᠠᠢᠭ᠎ᠠ ᠶ᠋ᠢ ᠮᠡᠳᠡᠳᠡᠭ ᠬᠥᠮᠦᠨ ᠪᠠᠢᠨ᠎ᠠ》 ᠭᠡᠵᠡᠢ ᠭᠡᠨ᠎ᠡ᠃
ᠠᠬ᠎ᠠ ᠳᠡᠭᠦᠦ ᠭᠤᠷᠪᠠᠭᠤᠯᠠ᠄《ᠲᠠ ᠪᠢᠳᠡᠨ ᠲᠡᠢ ᠠᠬ᠎ᠠ ᠳᠡᠭᠦᠦ ᠪᠣᠯᠤᠨ᠎ᠠ ᠤᠤ?》 ᠭᠡᠬᠦ ᠳ᠋ᠦ᠍ ᠮᠥᠨᠥᠬᠢ ᠬᠥᠮᠦᠨ᠄《ᠲᠡᠭᠡᠶ᠎ᠡ᠂ ᠲᠡᠭᠡᠶ᠎ᠡ》 ᠭᠡᠵᠡᠢ ᠭᠡᠨ᠎ᠡ᠃
ᠲᠡᠳᠡ ᠴᠠᠭᠠᠰᠢ ᠶᠠᠪᠤᠵᠤ ᠪᠠᠢᠲᠠᠯ᠎ᠠ ᠪᠠᠷᠠᠭᠤᠨ ᠵᠡᠭᠦᠨ ᠠᠭᠤᠯᠠᠨ ᠤ᠋ ᠪᠠᠢᠷᠢ ᠶ᠋ᠢ ᠰᠣᠯᠢᠵᠤ ᠲᠠᠯᠪᠢᠨ ᠰᠠᠭᠤᠭ᠎ᠠ ᠪᠠᠰᠠ ᠨᠢᠭᠡᠨ ᠬᠥᠮᠦᠨ ᠲᠡᠢ ᠲᠠᠭᠠᠷᠠᠯ᠎ᠠ ᠭᠡᠨ᠎ᠡ᠃
ᠠᠬ᠎ᠠ ᠳᠡᠭᠦᠦ ᠳᠥᠷᠪᠡ᠄《ᠲᠠ ᠶᠠᠭᠤ ᠬᠢᠵᠦ ᠪᠠᠢᠭ᠎ᠠ ᠬᠥᠮᠦᠨ ᠪᠣᠢ?》 ᠭᠡᠬᠦ ᠳ᠋ᠦ᠍ ᠨᠥᠭᠦᠭᠡ ᠬᠥᠮᠦᠨ᠄《ᠪᠢ ᠭᠠᠵᠠᠷ ᠤ᠋ᠨ ᠬᠤᠶᠠᠩ ᠭᠠᠷᠭᠠᠵᠤ ᠪᠠᠢᠨ᠎ᠠ》᠃
《ᠲᠠ ᠶᠠᠮᠠᠷ ᠭᠡᠭᠴᠢ ᠶᠡᠬᠡ ᠬᠦᠴᠦᠲᠡᠢ ᠬᠥᠮᠦᠨ ᠪᠣᠢ᠂ ᠪᠢᠳᠡᠨ ᠦ᠌ ᠠᠬ᠎ᠠ ᠳᠡᠭᠦᠦ ᠪᠣᠯᠤᠭᠠᠴᠢ!》 ᠭᠡᠬᠦ ᠳ᠋ᠦ᠍ ᠵᠥᠪᠰᠢᠶᠡᠷᠡᠵᠦ ᠲᠠᠪᠤᠭᠤᠯᠠ ᠪᠣᠯᠤᠭᠠᠳ ᠴᠠᠭᠠᠰᠢ ᠶᠠᠪᠤᠵᠠᠢ ᠭᠡᠨ᠎ᠡ᠃
ᠬᠡᠰᠡᠭ ᠶᠠᠪᠤᠵᠤ ᠪᠠᠢᠲᠠᠯ᠎ᠠ ᠨᠢᠭᠡ ᠬᠥᠮᠦᠨ ᠰᠦᠷᠦᠭ ᠵᠡᠭᠡᠷ᠎ᠡ ᠡᠴᠡ ᠨᠢᠭᠡ ᠶ᠋ᠢ ᠭᠦᠢᠴᠡᠵᠦ ᠪᠠᠷᠢᠭᠠᠳ ᠲᠠᠯᠪᠢᠵᠤ᠂ ᠳᠠᠬᠢᠨ ᠨᠢᠭᠡ ᠶ᠋ᠢ ᠭᠦᠢᠴᠡᠵᠦ ᠪᠠᠷᠢᠵᠤ ᠪᠠᠢᠬᠤ ᠶᠤᠮ ᠭᠡᠨ᠎ᠡ᠃
《ᠲᠠ ᠶᠠᠭᠤ ᠬᠢᠵᠦ ᠪᠠᠢᠭ᠎ᠠ ᠬᠥᠮᠦᠨ ᠪᠣᠢ?》 ᠭᠡᠬᠦ ᠳ᠋ᠦ᠍᠄《ᠪᠢ ᠵᠡᠭᠡᠷ᠎ᠡ ᠪᠡᠷ ᠲᠣᠭᠯᠠᠭᠠᠮ ᠬᠢᠵᠦ ᠰᠠᠭᠤᠨ᠎ᠠ》 ᠭᠡᠯᠡ᠃
《ᠶᠠᠮᠠᠷ ᠬᠤᠷᠳᠤᠨ ᠬᠥᠮᠦᠨ ᠪᠣᠢ? ᠪᠢᠳᠡᠨ ᠲᠡᠢ ᠠᠬ᠎ᠠ ᠳᠡᠭᠦᠦᠰ ᠪᠣᠯᠤᠭᠠᠴᠢ!》 ᠭᠡᠬᠦ ᠳ᠋ᠦ᠍᠄《ᠲᠡᠭᠡᠶ᠎ᠡ!》 ᠭᠡᠵᠡᠢ ᠭᠡᠨ᠎ᠡ᠃
ᠢᠩᠭᠢᠭᠡᠳ ᠲᠡᠳᠡ ᠪᠦᠭᠦᠳᠡᠭᠡᠷ ᠢ᠋ᠶ᠋ᠡᠨ ᠶᠠᠭᠤ ᠬᠢᠵᠦ ᠠᠮᠢᠳᠤᠷᠠᠪᠠᠯ ᠰᠠᠢᠨ ᠪᠣᠢ ᠭᠡᠵᠦ ᠬᠡᠯᠡᠯᠴᠡᠭᠡᠳ ᠭᠠᠵᠠᠷ ᠴᠢᠩᠨᠠᠳᠠᠭ ᠬᠥᠮᠦᠨ ᠢ᠋ᠶ᠋ᠡᠷ ᠶᠢᠷᠲᠢᠨᠴᠦ ᠶ᠋ᠢ ᠴᠢᠩᠨᠠᠭᠤᠯᠪᠠᠯ᠄《ᠵᠡᠭᠦᠨ ᠬᠣᠢᠲᠤ ᠵᠦᠭ ᠲᠦ᠍ ᠭᠠᠳᠠᠭᠠᠳᠤ ᠳᠠᠯᠠᠢ ᠶ᠋ᠢᠨ ᠴᠠᠭᠠᠳᠤ ᠲᠠᠢ ᠱᠠᠭᠠᠵᠠᠭᠠᠢ ᠬᠠᠭᠠᠨ ᠭᠡᠭᠴᠢ ᠮᠠᠨ ᠤ᠋ ᠭᠦᠷᠦᠨ ᠢ᠋ ᠡᠵᠡᠯᠡᠬᠦ ᠲᠤᠬᠠᠢ ᠶᠠᠷᠢᠵᠤ ᠪᠠᠢᠨ᠎ᠠ᠃ ᠬᠡᠳᠦᠭᠦᠯᠡ ᠪᠡᠨ ᠣᠴᠢᠵᠤ ᠲᠡᠷᠡ ᠬᠠᠭᠠᠨ ᠢ᠋ ᠳᠠᠷᠤᠵᠠᠭᠠᠶᠠ 》 ᠭᠡᠵᠡᠢ ᠭᠡᠨ᠎ᠡ᠃
ᠠᠬ᠎ᠠ ᠳᠡᠭᠦᠦᠰ ᠶᠠᠪᠤᠭᠰᠠᠭᠠᠷ ᠳᠠᠯᠠᠢ ᠶ᠋ᠢᠨ ᠵᠠᠬ᠎ᠠ ᠳ᠋ᠤ᠌ ᠢᠷᠡᠬᠦ ᠳ᠋ᠦ᠍ ᠨᠢᠭᠡ ᠬᠥᠮᠦᠨ ᠰᠠᠭᠤᠵᠤ ᠪᠠᠢᠬᠤ ᠶᠤᠮ ᠭᠡᠨ᠎ᠡ᠃
ᠲᠡᠷᠡ ᠬᠥᠮᠦᠨ᠄《ᠲᠠ ᠪᠦᠬᠦᠨ ᠶᠠᠭᠤᠨ ᠤᠯᠤᠰ ᠪᠢᠯᠡ?》 ᠭᠡᠵᠦ ᠠᠰᠠᠭᠤᠬᠤ ᠳ᠋ᠤ᠌᠄《ᠪᠢᠳᠡ ᠡᠨᠡ ᠳᠠᠯᠠᠢ ᠶ᠋ᠢᠨ ᠴᠠᠭᠠᠳᠤ ᠲᠠᠢ ᠪᠠᠢᠳᠠᠭ ᠱᠠᠭᠠᠵᠠᠭᠠᠢ ᠬᠠᠭᠠᠨ ᠤ᠋ ᠪᠠᠭᠠᠲᠤᠷ ᠤ᠋ᠳ ᠲᠠᠢ ᠬᠦᠴᠦ ᠪᠡᠨ ᠦᠵᠡᠶ᠎ᠡ ᠭᠡᠲᠡᠯ᠎ᠡ ᠡᠨᠡ ᠶᠡᠬᠡ ᠤᠰᠤ ᠶ᠋ᠢ ᠬᠡᠷᠬᠢᠨ ᠭᠠᠲᠤᠯᠬᠤ ᠪᠠᠨ ᠮᠡᠳᠡᠬᠦ ᠦᠭᠡᠢ ᠪᠠᠢᠨ᠎ᠠ?》 ᠭᠡᠵᠦ ᠬᠡᠯᠡᠵᠡᠢ ᠭᠡᠨ᠎ᠡ᠃
《ᠪᠢ ᠲᠠ ᠨᠠᠷ ᠲᠤ ᠲᠤᠰᠠ ᠪᠣᠯᠤᠶ᠎ᠠ》 ᠭᠡᠳ ᠳᠠᠯᠠᠢ ᠶ᠋ᠢ ᠭᠠᠭᠴᠠ ᠪᠠᠯᠭᠤᠭᠠᠳ ᠰᠢᠷᠭᠢᠭᠡᠵᠡᠢ᠃《ᠲᠠ ᠪᠢᠳᠡᠨ ᠦ᠌ ᠠᠬ᠎ᠠ ᠪᠣᠯᠤᠭᠠᠴᠢ》 ᠭᠡᠬᠦ ᠳ᠋ᠦ᠍ ᠲᠠᠯᠠᠷᠬᠠᠨ ᠵᠥᠪᠰᠢᠶᠡᠷᠡᠵᠡᠢ ᠭᠡᠨ᠎ᠡ᠃
ᠠᠬ᠎ᠠ ᠳᠡᠭᠦᠦ ᠳᠣᠯᠣᠭᠤᠯᠠ ᠶᠠᠪᠤᠭᠰᠠᠭᠠᠷ ᠨᠢᠭᠡᠨ ᠵᠠᠯᠠᠭᠤ ᠲᠠᠢ ᠲᠠᠭᠠᠷᠠᠵᠤ᠄《ᠱᠠᠭᠠᠵᠠᠭᠠᠢ ᠬᠠᠭᠠᠨ ᠤ᠋ ᠬᠢ ᠬᠠᠮᠢᠭ᠎ᠠ ᠪᠣᠢ?》 ᠭᠡᠬᠦ ᠳ᠋ᠦ᠍᠄
《ᠲᠡᠷᠡ ᠪᠣᠯ ᠮᠠᠨ ᠤ᠋ ᠠᠪᠤ ᠪᠢᠯᠡ᠃ ᠬᠡᠷᠡᠭ ᠵᠣᠷᠢᠭ ᠶᠠᠭᠤ ᠪᠣᠢ?》 ᠭᠡᠵᠡᠢ ᠭᠡᠨ᠎ᠡ᠃
《ᠪᠢᠳᠡ ᠱᠠᠭᠠᠵᠠᠭᠠᠢ ᠬᠠᠭᠠᠨ ᠳ᠋ᠤ᠌ ᠬᠦᠴᠦ ᠪᠡᠨ ᠥᠭᠭᠦᠶ᠎ᠡ ᠭᠡᠵᠦ ᠢᠷᠡᠯ᠎ᠡ》 ᠭᠡᠬᠦ ᠳ᠋ᠦ᠍ ᠣᠷᠳᠣᠨ ᠭᠡᠷ ᠲᠦ᠍ ᠪᠡᠨ ᠳᠠᠭᠠᠭᠤᠯᠤᠨ ᠢᠷᠡᠯ᠎ᠡ ᠰᠢᠦ᠃
ᠬᠠᠭᠠᠨ ᠬᠦᠦ ᠲᠡᠳᠡᠨ ᠳ᠋ᠦ᠍᠄《ᠲᠠ ᠪᠦᠬᠦᠨ ᠠᠮᠠᠷᠠᠵᠤ ᠲᠤᠬᠠᠯᠠ᠃ ᠪᠢ ᠬᠠᠭᠠᠨ ᠠᠪᠤ ᠳ᠋ᠤ᠌ ᠠᠢᠯᠠᠳᠬᠠᠭᠠᠳ ᠮᠠᠷᠭᠠᠰᠢ ᠥᠷᠯᠥᠭᠡ ᠮᠠᠨᠳᠤᠬᠤ ᠨᠠᠷᠠᠨ ᠢ᠋ᠶ᠋ᠠᠷ ᠬᠠᠷᠢᠭᠤ ᠬᠡᠯᠡᠶ᠎ᠡ!》 ᠭᠡᠵᠦ ᠬᠡᠯᠡᠵᠡᠢ ᠭᠡᠨ᠎ᠡ᠃
ᠲᠡᠭᠡᠭᠡᠳ ᠠᠪᠤ ᠳ᠋ᠤ᠌ ᠪᠠᠨ᠄《ᠪᠢ ᠥᠨᠥᠳᠥᠷ ᠬᠡᠭᠡᠷ᠎ᠡ ᠶᠠᠪᠤᠬᠤ ᠳ᠋ᠤ᠌ ᠪᠠᠨ ᠳᠣᠯᠣᠭᠠᠨ ᠰᠠᠢᠬᠠᠨ ᠵᠠᠯᠠᠭᠤ ᠡᠷ᠎ᠡ ᠲᠡᠢ ᠲᠠᠭᠠᠷᠠᠯ᠎ᠠ᠃ ᠲᠠᠨ ᠳ᠋ᠤ᠌ ᠬᠦᠴᠦ ᠪᠡᠨ ᠥᠭᠭᠦᠨ᠎ᠡ ᠭᠡᠬᠦ ᠪᠡᠷ ᠨᠢ ᠳᠠᠭᠠᠭᠤᠯᠤᠭᠠᠳ ᠢᠷᠡᠯ᠎ᠡ!》 ᠭᠡᠵᠦ ᠬᠡᠯᠡᠵᠡᠢ ᠭᠡᠨ᠎ᠡ᠃
《ᠨᠠᠳᠠ ᠳ᠋ᠤ᠌ ᠬᠦᠴᠦ ᠪᠡᠨ ᠥᠭᠬᠦ ᠶᠠᠮᠠᠷ ᠡᠷᠳᠡᠮ ᠴᠢᠳᠠᠯ ᠲᠠᠢ ᠪᠣᠯᠬᠤ ᠶ᠋ᠢ ᠨᠢ ᠰᠣᠷᠢᠵᠤ ᠦᠵᠡᠶ᠎ᠡ!》 ᠭᠡᠵᠦ ᠱᠠᠭᠠᠵᠠᠭᠠᠢ ᠬᠠᠭᠠᠨ ᠬᠡᠯᠡᠵᠡᠢ ᠭᠡᠨ᠎ᠡ᠃
ᠠᠬ᠎ᠠ ᠲᠡᠭᠦᠦᠰ᠄《ᠬᠠᠭᠠᠨ ᠶᠠᠭᠤ ᠭᠡᠵᠦ ᠪᠠᠢᠨ᠎ᠠ?》 ᠭᠡᠬᠦ ᠳ᠋ᠦ᠍ ᠭᠠᠵᠠᠷ ᠴᠢᠩᠨᠠᠭᠴᠢ᠄
《ᠮᠠᠷᠭᠠᠰᠢ ᠪᠢᠳᠡᠨ ᠲᠡᠢ ᠮᠥᠷᠥᠢ ᠲᠠᠯᠪᠢᠵᠤ ᠠᠭᠤᠯᠠᠨ ᠤ᠋ ᠣᠷᠣᠢ ᠬᠠᠷᠪᠤᠨ᠎ᠠ》 ᠭᠡᠵᠦ ᠪᠠᠢᠨ᠎ᠠ ᠰᠢᠦ᠃
《ᠣᠭᠲᠠᠷᠭᠤᠢ ᠬᠠᠷᠪᠤᠭᠴᠢ ᠳᠡᠭᠦᠦ ᠮᠢᠨᠢ ᠴᠢ ᠮᠠᠷᠭᠠᠰᠢ ᠬᠠᠷᠪᠤ!》 ᠭᠡᠵᠦ ᠬᠡᠯᠡᠵᠡᠢ ᠭᠡᠨ᠎ᠡ᠃
ᠥᠷᠯᠥᠭᠡ ᠨᠢ ᠬᠠᠭᠠᠨ ᠬᠠᠮᠤᠭ ᠰᠠᠢᠨ ᠪᠠᠭᠠᠲᠤᠷ ᠤ᠋ᠳ ᠢ᠋ᠶ᠋ᠠᠨ ᠳᠠᠭᠠᠭᠤᠯᠤᠭᠰᠠᠭᠠᠷ ᠮᠣᠷᠢᠯᠠᠨ ᠢᠷᠡᠵᠦ᠄《ᠵᠠ᠂ ᠬᠣᠯᠠ ᠠ᠋ᠴᠠ ᠢᠷᠡᠭᠰᠡᠨ ᠲᠠᠨ ᠤ᠋ ᠬᠢ ᠤᠷᠢᠲᠠᠵᠤ ᠬᠠᠷᠪᠤᠬᠤ ᠤᠤ?》 ᠭᠡᠬᠦ ᠳ᠋ᠦ᠍᠄《ᠨᠤᠲᠤᠭ ᠤ᠋ᠨ ᠡᠵᠡᠨ ᠲᠠ ᠪᠦᠬᠦᠨ ᠲᠦᠷᠦᠭᠦᠯᠡᠵᠦ ᠬᠠᠷᠪᠤᠵᠤ ᠪᠣᠯᠭᠣᠭ᠎ᠠ!》 ᠭᠡᠵᠦ ᠠᠬ᠎ᠠ ᠳᠡᠭᠦᠦ ᠳᠣᠯᠣᠭ᠎ᠠ ᠬᠡᠯᠡᠪᠡ᠃
ᠬᠠᠭᠠᠨ ᠤ᠋ ᠮᠡᠷᠭᠡᠨ ᠬᠠᠷᠪᠤᠭᠠᠴᠢ ᠰᠤᠮᠤ ᠪᠠᠨ ᠲᠠᠯᠪᠢᠲᠠᠯ᠎ᠠ ᠨᠢᠭᠡ ᠠᠭᠤᠯᠠ ᠶ᠋ᠢᠨ ᠣᠷᠣᠢ ᠶ᠋ᠢ ᠰᠢᠪᠲᠤᠯᠤᠭᠠᠳ ᠬᠣᠶᠠᠳᠠᠬᠢ ᠠᠭᠤᠯᠠᠨ ᠳ᠋ᠤ᠌ ᠰᠤᠮᠤ ᠨᠢ ᠲᠣᠭᠲᠠᠪᠠ᠃ ᠣᠭᠲᠠᠷᠭᠤᠢ ᠬᠠᠷᠪᠤᠭᠠᠴᠢ ᠰᠤᠮᠤ ᠪᠠᠨ ᠲᠠᠯᠪᠢᠬᠤ ᠳ᠋ᠤ᠌ ᠲᠠᠪᠤᠨ ᠠᠭᠤᠯᠠ ᠶ᠋ᠢᠨ ᠣᠷᠣᠢ ᠶ᠋ᠢ ᠰᠢᠪᠲᠤᠯᠵᠤ ᠵᠢᠷᠭᠤᠳᠠᠬᠢ ᠠᠭᠤᠯᠠ ᠶ᠋ᠢᠨ ᠡᠩᠭᠡᠷ ᠲᠦ᠍ ᠰᠤᠮᠤ ᠨᠢ ᠲᠣᠭᠲᠠᠵᠠᠢ᠃
ᠮᠠᠷᠭᠠᠰᠢ ᠪᠥᠬᠡ ᠪᠠᠷᠢᠯᠳᠤᠨ᠎ᠠ ᠭᠡᠵᠦ ᠬᠡᠯᠡᠯᠴᠡᠭᠡᠳ ᠬᠠᠭᠠᠨ ᠤ᠋ ᠪᠥᠬᠡ ᠬᠠᠷᠠᠬᠤ ᠭᠠᠵᠠᠷ ᠢ᠋ᠶ᠋ᠠᠨ ᠲᠠᠷᠢᠮᠠᠯ ᠮᠣᠳᠣ ᠰᠠᠭᠤᠯᠭᠠᠳ ᠠᠬ᠎ᠠ ᠳᠡᠭᠦᠦᠰ ᠦ᠋ᠨ ᠪᠥᠬᠡ ᠶ᠋ᠢ ᠣᠯᠠᠨ ᠤᠷᠭᠤᠭ᠎ᠠ ᠮᠣᠳᠣ ᠲᠠᠢ ᠭᠠᠵᠠᠷ ᠠ᠋ᠴᠠ ᠭᠠᠷᠭᠠᠬᠤ ᠪᠠᠷ ᠰᠣᠩᠭᠣᠵᠠᠢ᠃ ᠡᠭᠦᠨ ᠢ᠋ ᠭᠠᠵᠠᠷ ᠴᠢᠩᠨᠠᠭᠴᠢ ᠰᠣᠨᠣᠰᠴᠤ ᠮᠡᠳᠡᠭᠡᠳ᠄《ᠠᠭᠤᠯᠠ ᠡᠷᠭᠦᠭᠴᠢ ᠳᠡᠭᠦᠦ ᠪᠡᠨ ᠪᠠᠷᠢᠯᠳᠤ》 ᠭᠡᠪᠡ᠃
ᠲᠣᠪᠯᠠᠭᠰᠠᠨ ᠴᠠᠭ ᠪᠣᠯᠵᠤ ᠬᠠᠭᠠᠨ ᠤ᠋ ᠪᠥᠬᠡ ᠲᠠᠷᠢᠮᠠᠯ ᠮᠣᠳᠣ ᠶ᠋ᠢ ᠰᠤᠭᠤ ᠲᠡᠳᠡᠨ ᠪᠠᠷᠠᠭᠤᠨ ᠵᠡᠭᠦᠨ ᠲᠡᠢᠰᠢ ᠰᠢᠳᠡᠨ ᠢᠷᠡᠵᠡᠢ ᠭᠡᠨ᠎ᠡ᠃
ᠭᠡᠲᠡᠯ᠎ᠡ ᠠᠭᠤᠯᠠ ᠡᠷᠭᠦᠭᠴᠢ ᠤᠷᠭᠤᠭ᠎ᠠ ᠮᠣᠳᠣ ᠶ᠋ᠢ ᠦᠨᠳᠦᠰᠦ ᠪᠡᠷ ᠨᠢ ᠪᠤᠯᠭᠤ ᠲᠡᠳᠡᠨ ᠬᠠᠶᠠᠯᠠᠭᠰᠠᠭᠠᠷ ᠢᠷᠡᠵᠦ ᠬᠠᠭᠠᠨ ᠤ᠋ ᠬᠠᠭᠠᠨ ᠤ᠋ ᠪᠥᠬᠡ ᠶ᠋ᠢ ᠨᠢᠭᠡ ᠳᠠᠷᠤᠭᠠᠳ ᠭᠠᠵᠠᠷ ᠲᠤ ᠰᠢᠭᠢᠳᠦᠭᠦᠯᠵᠦ ᠣᠷᠬᠢᠪᠠ᠃
ᠡᠭᠦᠨ ᠢ᠋ ᠬᠠᠭᠠᠨ ᠦᠵᠡᠭᠡᠳ᠄《ᠳᠠᠬᠢᠨ ᠨᠢᠭᠡ ᠮᠥᠷᠥᠢ ᠠᠯᠳᠠᠪᠠ》 ᠭᠡᠵᠦ ᠬᠡᠯᠡᠭᠡᠳ ᠶᠠᠪᠤᠪᠠ᠃
ᠮᠠᠷᠭᠠᠰᠢ ᠬᠥᠮᠦᠨ ᠭᠦᠶᠦᠯᠭᠡᠵᠦ ᠤᠷᠤᠯᠳᠤᠭᠤᠯᠬᠤ ᠪᠠᠷ ᠬᠡᠯᠡᠯᠴᠡᠵᠦ ᠪᠠᠢᠭ᠎ᠠ ᠶ᠋ᠢ ᠴᠢᠩᠨᠠᠭᠴᠢ ᠰᠣᠨᠣᠰᠴᠤ ᠮᠡᠳᠡᠭᠡᠳ ᠵᠡᠭᠡᠷ᠎ᠡ ᠭᠦᠢᠴᠡᠭᠴᠢ ᠳᠡᠭᠦᠦ ᠪᠡᠨ ᠤᠷᠤᠯᠳᠤ ᠭᠡᠯᠡ᠃
ᠲᠡᠷᠡ ᠬᠠᠭᠠᠨ ᠤ᠋ ᠳ᠋ᠤ᠌ ᠰᠠᠢᠨ ᠭᠦᠶᠦᠳᠡᠭ ᠳᠡᠷᠳᠡᠭᠡᠷ ᠴᠠᠭᠠᠨ ᠰᠠᠮᠠᠭᠠᠨ ᠪᠠᠢᠳᠠᠭ ᠶᠤᠮ ᠰᠠᠨᠵᠠᠢ᠃
ᠮᠠᠷᠭᠠᠰᠢ ᠨᠢ ᠮᠠᠨᠳᠤᠬᠤ ᠤᠯᠠᠭᠠᠨ ᠨᠠᠷᠠᠨ ᠢ᠋ᠶ᠋ᠠᠷ ᠬᠤᠷᠳᠤᠨ ᠭᠦᠶᠦᠳᠡᠭ ᠬᠣᠶᠠᠷ ᠣᠷᠣᠯᠳᠣᠵᠠᠢ ᠭᠡᠨ᠎ᠡ᠃ ᠬᠣᠶᠠᠭᠤᠯᠠ ᠭᠦᠶᠦᠵᠦ ᠪᠠᠢᠲᠠᠯ᠎ᠠ ᠡᠮᠡᠭᠡᠨ ᠪᠠᠬᠠᠷᠳᠠᠵᠤ ᠤᠨᠠᠭᠠᠳ ᠦᠯᠡᠳᠡᠵᠡᠢ᠃
ᠵᠡᠭᠡᠷ᠎ᠡ ᠭᠦᠢᠴᠡᠭᠴᠢ ᠭᠦᠶᠦᠵᠦ ᠢᠷᠡᠬᠦ ᠳ᠋ᠦ᠍ ᠬᠠᠭᠠᠨ᠄《ᠮᠠᠨ ᠤ᠋ ᠭᠦᠶᠦᠳᠡᠭ ᠡᠮᠡᠭᠡᠨ ᠶᠠᠭᠠᠬᠢᠪᠠ?》 ᠭᠡᠬᠦ ᠳ᠋ᠦ᠍ ᠲᠡᠷᠡ ᠤᠷᠲᠤ ᠠᠭᠤᠯᠠ ᠶ᠋ᠢᠨ ᠴᠠᠭᠠᠨ᠎ᠠ ᠠᠭᠠᠬᠢᠯᠠᠵᠤ ᠪᠠᠭᠲᠠᠷᠠᠭᠠᠳ ᠦᠯᠡᠳᠡᠭᠰᠡᠨ ᠭᠡᠵᠦ ᠬᠡᠯᠡᠵᠡᠢ ᠭᠡᠨ᠎ᠡ᠃
ᠬᠠᠭᠠᠨ᠄《ᠡᠮᠡᠭᠡᠨ ᠢ᠋ ᠠᠰᠠᠷᠠᠵᠤ ᠠᠪᠴᠢᠷᠠ!》 ᠬᠡᠮᠡᠭᠡᠳ ᠬᠥᠮᠦᠨ ᠶᠠᠪᠤᠭᠤᠯᠤᠭᠠᠳ ᠠᠬ᠎ᠠ ᠳᠡᠭᠦᠦ ᠳᠣᠯᠣᠭ᠎ᠠ ᠳ᠋ᠤ᠌ ᠠᠭᠤᠷ ᠨᠢ ᠬᠦᠷᠴᠦ ᠮᠠᠭᠤ ᠰᠠᠨᠠᠭ᠎ᠠ ᠲᠥᠷᠥᠭᠡᠳ ᠣᠯᠠᠨ ᠲᠦᠰᠢᠮᠡᠯ ᠢ᠋ᠶ᠋ᠡᠨ ᠳᠠᠭᠤᠳᠠᠨ᠄《ᠡᠨᠡ ᠤᠷᠲᠤ ᠲᠢᠪ ᠡᠴᠡ ᠢᠷᠡᠭᠰᠡᠨ ᠳᠣᠯᠣᠭᠠᠨ ᠬᠥᠮᠦᠨ ᠢ᠋ ᠶᠠᠭᠠᠬᠢᠬᠤ ᠪᠣᠢ?》 ᠭᠡᠬᠦ ᠳ᠋ᠦ᠍》 ᠨᠢᠭᠡᠨ ᠲᠦᠰᠢᠮᠡᠯ᠄
《ᠪᠢᠳᠡ ᠲᠡᠳᠡᠨ ᠢ᠋ ᠬᠦᠴᠦ ᠪᠡᠷ ᠳᠡᠢᠯᠬᠦ ᠦᠭᠡᠢ ᠨᠢ᠃ ᠠᠷᠭ᠎ᠠ ᠤᠬᠠᠭᠠᠨ ᠢ᠋ᠶ᠋ᠠᠷ ᠳᠠᠷᠤᠬᠤ ᠨᠢ ᠵᠥᠪ》 ᠭᠡᠳ᠄《ᠮᠠᠨ ᠤ᠋ ᠬᠠᠭᠠᠨ ᠤ᠋ ᠰᠠᠩ ᠳ᠋ᠤ᠌ ᠰᠢᠷᠡᠮᠦᠨ ᠭᠡᠷ ᠪᠠᠢᠳᠠᠭ ᠪᠤᠰᠤ ᠤᠤ? ᠲᠡᠳᠡᠨ ᠢ᠋ ᠬᠤᠷᠢᠮ ᠨᠠᠢᠷ ᠬᠢᠶ᠎ᠡ ᠭᠡᠵᠦ ᠬᠠᠭᠤᠷᠴᠤ ᠣᠷᠣᠭᠤᠯᠤᠭᠠᠳ ᠭᠠᠳᠠᠨ᠎ᠠ ᠠ᠋ᠴᠠ ᠨᠢ ᠭᠠᠯᠳᠠᠵᠤ ᠬᠥᠨᠥᠭᠡᠶ᠎ᠡ》 ᠭᠡᠵᠡᠢ ᠭᠡᠨ᠎ᠡ᠃
ᠴᠢᠩᠨᠠᠭᠴᠢ ᠡᠨᠡ ᠶᠠᠷᠢᠶ᠎ᠠ ᠶ᠋ᠢ ᠣᠯᠵᠤ ᠰᠣᠨᠣᠰᠤᠭᠠᠳ ᠳᠡᠭᠦᠦ ᠨᠠᠷ ᠲᠤ ᠪᠠᠨ ᠬᠡᠯᠡᠯ᠎ᠡ᠃ ᠳᠠᠯᠠᠢ ᠪᠠᠯᠭᠤᠭᠴᠢ᠄《ᠭᠡᠮ ᠦᠭᠡᠢ ᠳᠡ᠂ ᠪᠢ ᠠᠷᠭᠠᠯᠠᠨ᠎ᠠ》 ᠬᠡᠮᠡᠭᠡᠳ ᠶᠠᠪᠤᠵᠤ ᠶᠡᠬᠡ ᠤᠰᠤ ᠪᠠᠯᠭᠤᠭᠠᠳ ᠢᠷᠡᠵᠡᠢ ᠭᠡᠨ᠎ᠡ᠃
ᠲᠦᠳᠡ ᠤᠳᠠᠯ ᠦᠭᠡᠢ ᠬᠠᠭᠠᠨ ᠤ᠋ ᠲᠦᠰᠢᠮᠡᠯ ᠢᠷᠡᠵᠦ᠄《ᠲᠠ ᠪᠦᠬᠦᠨ ᠢ᠋ ᠬᠠᠭᠠᠨᠲᠠᠨ ᠶᠡᠬᠡ ᠬᠤᠷᠢᠮ ᠨᠠᠢᠷ ᠲᠤ ᠤᠷᠢᠵᠤ ᠪᠠᠢᠨ᠎ᠠ》 ᠭᠡᠵᠦ ᠬᠡᠯᠡᠵᠡᠢ ᠭᠡᠨ᠎ᠡ᠃
ᠠᠬ᠎ᠠ ᠳᠡᠭᠦᠦ ᠳᠣᠯᠣᠭᠤᠯᠠ ᠪᠠᠨ ᠶᠠᠪᠤᠭᠠᠳ ᠣᠴᠢᠲᠠᠯ᠎ᠠ ᠠᠯᠲᠠᠨ ᠡᠭᠦᠳᠡ ᠲᠡᠢ ᠰᠢᠷᠡᠮᠦᠨ ᠭᠡᠷ ᠲᠦ᠍ ᠨᠠᠢᠷ ᠬᠤᠷᠢᠮ ᠬᠢᠬᠦ ᠪᠡᠷ ᠵᠡᠬᠡᠭᠰᠡᠨ ᠪᠠᠢᠨ᠎ᠠ ᠭᠡᠨ᠎ᠡ᠃
ᠲᠡᠭᠡᠭᠡᠳ ᠬᠡᠳᠦᠭᠦᠯᠡ ᠪᠡᠨ ᠰᠠᠭᠤᠵᠤ ᠪᠠᠢᠲᠠᠯ᠎ᠠ ᠭᠡᠷ ᠨᠢ ᠬᠠᠶᠠᠭ᠎ᠠ ᠬᠠᠨ᠎ᠠ ᠠ᠋ᠴᠠ ᠪᠠᠨ ᠬᠠᠯᠠᠵᠤ ᠲᠡᠰᠴᠦ ᠰᠠᠭᠤᠬᠤ ᠠᠷᠭ᠎ᠠ ᠦᠭᠡᠢ ᠪᠣᠯᠬᠤ ᠳ᠋ᠤ᠌ ᠪᠠᠯᠭᠤᠵᠤ ᠠᠪᠴᠢᠷᠠᠭᠰᠠᠨ ᠳᠠᠯᠠᠢ ᠪᠠᠨ ᠲᠠᠯᠪᠢᠬᠤ ᠳ᠋ᠤ᠌ ᠬᠠᠭᠠᠨ ᠤ᠋ ᠬᠢᠨ ᠴᠥᠮ ᠦᠭᠡᠢ ᠪᠣᠯᠵᠠᠢ ᠭᠡᠨ᠎ᠡ᠃
ᠳᠣᠯᠣᠭᠠᠨ ᠠᠬ᠎ᠠ ᠳᠡᠭᠦᠦᠰ᠄《ᠵᠠ᠂ ᠪᠢᠳᠡ ᠱᠠᠭᠠᠵᠠᠭᠠᠢ ᠬᠠᠭᠠᠨ ᠢ᠋ ᠳᠠᠷᠤᠵᠤ ᠦᠭᠡᠢ ᠬᠢᠯ᠎ᠡ᠂ ᠣᠳᠣ ᠨᠤᠲᠤᠭ ᠣᠷᠣᠨ ᠳ᠋ᠤ᠌ ᠪᠠᠨ ᠪᠤᠴᠠᠶ᠎ᠠ!》 ᠬᠡᠮᠡᠭᠡᠳ ᠭᠠᠳᠠᠭᠠᠳᠤ ᠳᠠᠯᠠᠢ ᠶ᠋ᠢᠨ ᠤᠷᠲᠤ ᠲᠢᠪ ᠲᠦ᠍ ᠢᠷᠡᠭᠡᠳ ᠬᠤᠷᠮᠤᠰᠲᠠ ᠲᠩᠷᠢ ᠳ᠋ᠦ᠍ ᠭᠠᠷᠴᠤ ᠳᠣᠯᠣᠭᠠᠨ ᠪᠤᠷᠬᠠᠨ ᠣᠳᠣ ᠪᠣᠯᠤᠨ ᠬᠤᠪᠢᠷᠠᠭᠠᠳ ᠠᠮᠤᠷ ᠰᠠᠢᠬᠠᠨ ᠵᠢᠷᠭᠠᠵᠠᠢ ᠭᠡᠨ᠎ᠡ ᠠ᠋᠃
※ᠪᠦᠪᠡᠢ ᠬᠥᠲᠥᠯᠪᠦᠷᠢ ᠶ᠋ᠢᠨ ᠰᠣᠨᠣᠰᠳᠠᠭ ᠦᠯᠢᠭᠡᠷ ᠦ᠋ᠨ ᠲᠡᠭᠦᠪᠦᠷᠢ᠃
ᠪᠢᠴᠢᠬᠠᠨ ᠦᠷᠡᠰ ᠦ᠋ᠨ ᠢ᠋ᠶ᠋ᠡᠨ ᠲᠥᠰᠦᠭᠡᠯᠡᠯ ᠦ᠋ᠨ ᠶᠢᠷᠲᠢᠨᠴᠦ ᠶ᠋ᠢ ᠬᠥᠭᠵᠢᠭᠦᠯᠵᠦ ᠂ ᠮᠣᠩᠭᠣᠯ ᠠᠬᠤᠢ ᠂ ᠰᠡᠳᠬᠢᠯᠭᠡᠨ ᠦ᠌ ᠰᠣᠶᠣᠯ ᠢ᠋ ᠲᠦᠭᠡᠭᠡᠬᠦ ᠵᠣᠷᠢᠯᠭ᠎ᠠ ᠲᠠᠢ ᠶᠦᠨᠢᠲ᠋ᠸᠯ ᠺᠯᠦ᠋ᠪ ᠦ᠋ᠨ ᠪᠦᠪᠡᠢ ᠬᠥᠲᠥᠯᠪᠦᠷᠢ ᠶ᠋ᠢᠨ ᠦᠯᠢᠭᠡᠷ ᠢ᠋ ᠰᠣᠨᠣᠰᠤᠭᠰᠠᠨ ᠳ᠋ᠤ᠌ ᠪᠠᠶᠠᠷᠯᠠᠯ᠎ᠠ!
ᠶᠦᠨᠢᠲ᠋ᠸᠯ ᠲᠦᠷᠦᠭᠦᠯᠡᠵᠦ ᠠᠯᠬᠤᠨ᠎ᠠ᠃
ᠮᠣᠩᠭᠣᠯ ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
ᠬᠢᠨᠠᠭᠴᠢ᠄ ᠭᠠᠷᠮ᠎ᠠ
