ᠡᠪᠦᠯ ᠦ᠋ᠨ ᠬᠦᠢᠲᠡᠨ᠂ ᠢᠨᠠᠭ ᠤ᠋ᠨ ᠬᠠᠯᠠᠭᠤᠨ- ᠳ· ᠨᠠᠴᠤᠭᠳᠣᠷᠵᠢӨвлийн хүйтэн, янагийн халуун-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠯ ᠦ᠋ᠨ ᠬᠦᠢᠲᠡᠨ᠂ ᠢᠨᠠᠭ ᠤ᠋ᠨ ᠬᠠᠯᠠᠭᠤᠨ- ᠳ· ᠨᠠᠴᠤᠭᠳᠣᠷᠵᠢӨвлийн хүйтэн, янагийн халуун-Д.Нацагдорж

ᠡᠪᠦᠯ ᠦ᠋ᠨ ᠬᠦᠢᠲᠡᠨ᠂ ᠢᠨᠠᠭ ᠤ᠋ᠨ ᠬᠠᠯᠠᠭᠤᠨ- ᠳ· ᠨᠠᠴᠤᠭᠳᠣᠷᠵᠢӨвлийн хүйтэн, янагийн халуун-Д.Нацагдорж

2024-06-14

397

        ᠳ· ᠨᠠᠴᠤᠭᠳᠣᠷᠵᠢ 
     ᠥᠨᠳᠥᠷ ᠠᠭᠤᠯᠠ ᠶ᠋ᠢ ᠴᠠᠭᠠᠨ ᠴᠠᠰᠤ ᠬᠤᠴᠢᠭᠠᠳ᠂ ᠰᠥᠨᠢ ᠶ᠋ᠢᠨ ᠬᠦᠢᠲᠡᠨ ᠳᠡᠰ ᠨᠢᠰ ᠭᠡᠵᠦ᠂ ᠣᠷᠣᠢ ᠳᠡᠭᠡᠷ᠎ᠡ ᠣᠳᠣᠳ ᠭᠢᠯᠠᠯᠵᠠᠨ᠎ᠠ᠃ ᠵᠢᠬᠡᠭᠦᠨ ᠰᠢᠮᠠᠷᠭ᠎ᠠ ᠨᠢᠭᠡ ᠦᠶ᠎ᠡ ᠬᠠᠶᠠᠯᠠᠵᠤ᠂ ᠨᠢᠭᠡ ᠦᠶ᠎ᠡ ᠲᠠᠲᠠᠷᠠᠨ᠎ᠠ᠃ ᠢᠳᠡᠷ᠂ ᠨᠢᠭᠡ ᠵᠡᠷᠭᠡ ᠡᠭᠦᠨ ᠢ᠋ ᠪᠣᠳᠣᠵᠤ᠂ ᠨᠢᠭᠡ ᠵᠡᠷᠭᠡ ᠲᠡᠭᠦᠨ ᠢ᠋ ᠰᠠᠨᠠᠵᠤ ᠬᠠᠷᠠᠩᠭᠤᠢ ᠭᠤᠳᠤᠮᠵᠢ ᠪᠠᠷ ᠴᠢᠪ ᠴᠢᠭ ᠠᠯᠬᠤᠯᠠᠨ᠎ᠠ᠃ ᠥᠨᠳᠥᠷ ᠭᠠᠵᠠᠷ ᠤ᠋ᠨ ᠬᠦᠢᠲᠡᠨ᠂ ᠰᠥᠨᠢ ᠶ᠋ᠢᠨ ᠵᠢᠪᠠᠷ ᠲᠠᠢ ᠨᠡᠢᠯᠡᠬᠦ ᠳ᠋ᠦ᠍ ᠲᠡᠷᠡ ᠵᠠᠯᠠᠭᠤ ᠵᠣᠷᠢᠮᠠᠭ ᠠᠯᠬᠤᠯᠠᠨ ᠰᠢᠭᠤᠳ ᠨᠢᠭᠡ ᠵᠦᠭ ᠲᠦ᠍ ᠶᠠᠪᠤᠬᠤ ᠨᠢ ᠶᠠᠭᠤᠨ ᠳ᠋ᠤ᠌ ᠶᠠᠭᠠᠷᠠᠨ᠎ᠠ ᠪᠣᠢ? ᠲᠡᠰᠬᠢᠮ᠎ᠡ ᠬᠦᠢᠲᠡᠨ ᠪᠦᠬᠦ ᠪᠡᠶ᠎ᠡ ᠶ᠋ᠢ ᠬᠠᠭᠠᠷᠢᠵᠤ᠂ ᠶᠠᠰᠬᠢᠮ᠎ᠡ ᠪᠠᠢᠳᠠᠯ ᠬᠠᠮᠤᠭ ᠰᠡᠳᠬᠢᠯ ᠢ᠋ ᠵᠢᠪᠡᠭᠦᠴᠡᠭᠦᠯᠦᠨ᠎ᠡ᠃
     ᠲᠡᠷᠲᠡᠭᠡ ᠬᠠᠰᠢᠶᠠᠨ ᠤ᠋ ᠵᠠᠪᠰᠠᠷ ᠢ᠋ᠶ᠋ᠠᠷ ᠪᠠᠢᠰᠢᠩ ᠤ᠋ᠨ ᠴᠣᠩᠬᠣᠨ ᠤ᠋ ᠪᠦᠳᠡᠭᠢ ᠭᠡᠷᠡᠯ ᠰᠦᠮᠡᠢᠨ ᠦᠵᠡᠭᠳᠡᠬᠦ ᠨᠢ ᠬᠡᠨ ᠬᠥᠮᠦᠨ ᠦ᠌ ᠰᠣᠨᠢᠷᠬᠠᠯ ᠳ᠋ᠤ᠌ ᠲᠡᠷᠡ ᠪᠦᠷᠢ ᠲᠤᠰᠬᠤ ᠦᠭᠡᠢ ᠪᠣᠯᠪᠠᠴᠤ ᠲᠡᠭᠦᠨ ᠦ᠌ ᠳᠣᠲᠣᠷ᠎ᠠ ᠳᠤᠯᠠᠭᠠᠨ ᠬᠥᠨᠵᠢᠯᠡ ᠳᠡᠯᠭᠡᠵᠦ ᠪᠠᠢᠭ᠎ᠠ ᠶ᠋ᠢ ᠬᠠᠷᠢᠨ ᠭᠠᠭᠴᠠᠬᠠᠨ ᠡᠨᠡ ᠵᠠᠯᠠᠭᠤ ᠯᠠ ᠮᠡᠳᠡᠨ᠎ᠡ᠃ ᠬᠦᠢᠲᠡᠨ ᠴᠦ ᠶ᠋ᠢ ᠬᠤᠷᠤᠭᠤᠨ ᠤ᠋ ᠦᠵᠦᠭᠦᠷ ᠢ᠋ᠶ᠋ᠡᠷ ᠲᠣᠭᠰᠢᠬᠤ ᠳ᠋ᠤ᠌᠂ ᠬᠡᠳᠦᠢ ᠪᠡᠷ ᠴᠢᠮ ᠴᠢᠮ ᠬᠠᠭᠠᠷᠢᠪᠠᠴᠤ᠂ ᠭᠡᠷ ᠦ᠋ᠨ ᠳᠣᠲᠣᠷ᠎ᠠ ᠣᠷᠣᠭᠰᠠᠨ ᠤ᠋ ᠬᠣᠢᠨ᠎ᠠ ᠬᠠᠯᠠᠭᠤᠨ ᠭᠠᠷ ᠢ᠋ ᠪᠠᠷᠢᠬᠤ ᠳ᠋ᠤ᠌ ᠰᠠᠶᠢ ᠪᠠᠬᠠᠲᠠᠢ᠃ ᠪᠠᠢᠰᠢᠩ ᠤ᠋ᠨ ᠳᠣᠲᠣᠷ᠎ᠠ ᠵᠤᠯᠠ ᠪᠠ ᠳ᠋ᠧᠩ ᠦᠭᠡᠢ ᠭᠠᠭᠴᠠ ᠬᠦ᠌ ᠵᠤᠤᠬᠠᠨ ᠤ᠋ ᠳᠣᠲᠣᠷᠠᠬᠢ ᠨᠣᠷᠮ᠎ᠠ ᠶ᠋ᠢᠨ ᠭᠡᠷᠡᠯ ᠰᠦᠮᠡᠯᠵᠡᠨ ᠲᠤᠶᠠᠭᠠᠷᠠᠵᠤ᠂ ᠦᠵᠡᠰᠬᠦᠯᠡᠩ ᠲᠡᠢ ᠥᠬᠢᠨ ᠦ᠌ ᠨᠢᠭᠤᠷ ᠳᠡᠭᠡᠷ᠎ᠡ ᠲᠤᠰᠬᠤ ᠪᠥᠭᠡᠳ ᠡᠨᠡ ᠦᠶ᠎ᠡ ᠭᠡᠷ ᠦ᠋ᠨ ᠳᠣᠲᠣᠷᠠᠬᠢ ᠲᠠᠭᠠᠯᠠᠮᠵᠢᠲᠠᠢ ᠪᠠᠢᠳᠠᠯ ᠤᠯᠠᠮ ᠴᠤ ᠴᠢᠮᠡᠭ ᠲᠡᠢ ᠪᠣᠯᠤᠨ᠎ᠠ᠃

           1931 ᠣᠨ

    ᠦᠰᠦᠭ ᠠᠮᠢᠯᠠᠭᠤᠯᠤᠭᠴᠢ᠄ ᠰᠤᠳᠤᠯᠲᠤ
    ᠬᠢᠨᠠᠭᠴᠢ᠄ ᠰᠡᠬᠡᠭᠡᠷᠡᠯ᠂ ᠣᠳᠬᠠᠨᠰᠣ᠎ᠠ