ᠦᠷ ᠦ᠋ᠨ ᠵᠢᠪᠠᠷ᠂ ᠤᠭᠤᠷ ᠤ᠋ᠨ ᠴᠢᠮᠡᠭᠡ- ᠳ· ᠨᠠᠴᠤᠭᠳᠣᠷᠵᠢӨрийн жавар, уурын чимээ-Д.Нацагдорж
ᠳ· ᠨᠠᠴᠤᠭᠳᠣᠷᠵᠢ
《ᠥᠳᠥᠯᠡᠭᠰᠡᠨ ᠡᠪᠦᠭᠡᠨ ᠲᠡᠩᠬᠡ ᠣᠷᠣᠪᠠ》
ᠬᠣᠢᠲᠤ ᠠᠭᠤᠯᠠ ᠶ᠋ᠢᠨ ᠣᠷᠣᠢ ᠪᠠᠷ ᠪᠠᠷᠠᠭᠠᠨ ᠮᠠᠨᠠᠨ ᠣᠷᠬᠢᠨ ᠪᠤᠴᠠᠯᠵᠤ᠂ ᠰᠢᠮᠠᠷᠭ᠎ᠠ ᠴᠠᠰᠤ ᠪᠥᠭᠡᠮ ᠪᠥᠭᠡᠮ ᠢ᠋ᠶ᠋ᠡᠷ ᠬᠠᠶᠠᠯᠠᠭᠠᠳ᠂ ᠡᠷᠭᠢᠨ ᠲᠣᠭᠣᠷᠢᠨ ᠢ᠋ ᠬᠠᠷᠠᠩᠭᠤᠢᠯᠠᠵᠤ ᠳᠥᠷᠪᠡᠨ ᠵᠦᠭ ᠢ᠋ ᠣᠯᠬᠤ ᠳ᠋ᠤ᠌ ᠪᠡᠷᠬᠡ᠂ ᠬᠥᠨᠳᠡᠢ ᠲᠠᠯ᠎ᠠ ᠶ᠋ᠢ ᠬᠣᠩᠭᠣᠷ ᠴᠠᠰᠤ ᠪᠦᠷᠬᠦᠭᠡᠳ ᠬᠢᠵᠠᠭᠠᠷ ᠦᠭᠡᠢ ᠮᠥᠰᠥᠲᠦ ᠳᠠᠯᠠᠢ ᠪᠣᠯᠵᠤ᠂ ᠲᠡᠭᠦᠨ ᠦ᠌ ᠳᠤᠮᠳᠠ ᠬᠥᠮᠦᠨ ᠮᠠᠯ ᠣᠷᠣᠰᠢᠬᠤ ᠪᠠᠢᠲᠤᠭᠠᠢ ᠵᠡᠷᠯᠢᠭ ᠠᠷᠢᠶᠠᠲᠠᠨ ᠵᠢᠭᠤᠲᠠᠨ ᠵᠠᠢᠯᠠᠮᠠᠷ ᠪᠠᠢᠪᠠ᠃
ᠲᠡᠭᠡᠵᠦ ᠪᠠᠢᠲᠠᠯ᠎ᠠ᠂ ᠲᠡᠷᠲᠡᠭᠡ ᠳᠠᠪᠠᠭᠠᠨ ᠤ᠋ ᠦᠵᠦᠭᠦᠷ ᠲᠦ᠍ ᠬᠣᠶᠠᠷ ᠬᠠᠷ᠎ᠠ ᠭᠡᠷ᠂ ᠣᠪᠣᠭᠠᠯᠠᠭᠰᠠᠨ ᠠᠷᠭᠠᠯ ᠮᠡᠲᠦ ᠪᠠᠷᠤᠭ ᠪᠦᠷᠦᠭ᠂ ᠦᠵᠡᠭᠳᠡᠬᠦ ᠪᠥᠭᠡᠳ ᠠᠷᠤ ᠲᠠᠯ᠎ᠠ ᠶ᠋ᠢᠨ ᠬᠢᠨᠢ ᠴᠠᠰᠤ ᠬᠡᠳᠦᠢᠨ ᠬᠥᠷᠵᠡᠩᠲᠦᠨ ᠬᠤᠴᠢᠵᠤ᠂ ᠡᠮᠦᠨ᠎ᠡ ᠡᠲᠡᠭᠡᠳ ᠡᠴᠡ ᠬᠠᠭᠠᠯᠭ᠎ᠠ ᠡᠭᠦᠳᠡ ᠨᠢ ᠬᠠᠷᠠᠩᠭᠤᠢ ᠪᠤᠳᠠᠩ ᠤ᠋ᠨ ᠳᠤᠮᠳᠠᠭᠤᠷ ᠨᠢᠭᠡ ᠨᠦᠬᠡ ᠠᠳᠠᠯᠢ ᠬᠠᠷᠠᠭᠳᠠᠨ᠎ᠠ᠃ ᠤᠯᠠᠮ ᠣᠢᠷᠠᠲᠤᠪᠠᠯ᠂ ᠬᠣᠲᠠ ᠶ᠋ᠢᠨ ᠳᠣᠲᠣᠷ᠎ᠠ ᠨᠢ ᠬᠣᠶᠠᠷ ᠭᠤᠷᠪᠠᠨ ᠲᠤᠷᠠᠩᠬᠠᠢ ᠦᠨᠢᠶ᠎ᠡ ᠬᠥᠨᠳᠡᠯᠡᠨ ᠭᠤᠯᠳᠤ ᠤᠨᠠᠵᠤ᠂ ᠬᠣᠰᠢᠭᠤ ᠪᠠᠨ ᠭᠠᠵᠠᠷ ᠰᠢᠭᠠᠨ ᠬᠡᠪᠲᠡᠭᠡᠳ᠂ ᠬᠠᠶᠠᠭᠠᠨ ᠳ᠋ᠤᠨᠢ ᠨᠢᠭᠡ ᠬᠠᠯᠲᠠᠷ ᠨᠣᠬᠠᠢ ᠵᠣᠭᠰᠣᠨ᠂ ᠪᠠᠷᠠᠭᠤᠨ ᠬᠣᠢᠲᠤ ᠵᠦᠭ ᠨᠢᠭᠡ ᠦᠶ᠎ᠡ ᠣᠯᠢᠵᠤ᠂ ᠨᠢᠭᠡ ᠦᠶ᠎ᠡ ᠬᠤᠴᠠᠨ᠎ᠠ᠃
ᠭᠡᠲᠡᠯ᠎ᠡ ᠵᠡᠭᠦᠨ ᠲᠠᠯ᠎ᠠ ᠶ᠋ᠢᠨ ᠭᠡᠷ ᠡᠴᠡ ᠤᠷᠠᠩᠬᠠᠢ ᠬᠥᠬᠡ ᠳᠠᠯᠢᠩᠪᠤ ᠵᠤᠪᠴᠠᠭ᠎ᠠ ᠨᠥᠮᠥᠷᠦᠭᠡᠳ ᠦᠰᠦ ᠪᠡᠨ ᠰᠡᠭᠰᠡᠢᠯᠭᠡᠭᠰᠡᠨ ᠬᠡᠦᠬᠡᠨ ᠠᠭᠤᠷ ᠰᠠᠪᠰᠠᠭᠤᠯᠤᠨ ᠭᠠᠷᠴᠤ ᠢᠷᠡᠭᠡᠳ᠂ ᠡᠷᠦᠬᠡ ᠶ᠋ᠢ ᠲᠠᠲᠠᠵᠤ᠂ ᠠᠷᠤᠭ ᠴᠠᠰᠤ ᠡᠭᠦᠷᠦᠨ ᠠᠷᠭᠠᠯ ᠬᠣᠷᠮᠣᠢᠯᠠᠭᠰᠠᠭᠠᠷ ᠣᠷᠣᠪᠠ᠃ ᠤᠳᠠᠯ ᠦᠭᠡᠢ ᠤᠭᠤᠷ ᠨᠦᠳᠦᠭᠦᠷ ᠦ᠋ᠨ ᠴᠢᠮᠡᠭᠡ ᠰᠣᠨᠣᠰᠳᠠᠨ᠂ ᠤᠲᠤᠭ᠎ᠠ ᠲᠣᠭᠣᠨᠣ ᠪᠠᠷ ᠣᠷᠭᠢᠯᠵᠤ ᠪᠠᠰᠠ ᠭᠡᠷ ᠦ᠋ᠨ ᠴᠣᠭᠣᠷᠬᠠᠢ ᠪᠠᠷ ᠬᠡᠰᠡᠭ ᠬᠡᠰᠡᠭ ᠫᠣᠷ ᠫᠣᠷ ᠬᠢᠨ᠎ᠡ᠃ ᠭᠡᠷ ᠦ᠋ᠨ ᠳᠣᠲᠣᠷ᠎ᠠ ᠪᠠᠷᠠᠭᠤᠨ ᠲᠠᠯ᠎ᠠ ᠳ᠋ᠤ᠌ ᠦᠬᠦᠭᠰᠡᠨ ᠮᠠᠯ ᠤ᠋ᠨ ᠠᠷᠠᠰᠤ ᠰᠢᠷᠢ ᠦᠷᠭᠦᠯᠵᠢᠯᠡᠨ ᠬᠤᠷᠢᠶᠠᠵᠤ᠂ ᠬᠥᠮᠦᠨ ᠰᠠᠭᠤᠬᠤ ᠵᠠᠢ ᠦᠭᠡᠢ᠃ ᠬᠣᠢᠲᠤ ᠡᠲᠡᠭᠡᠳ ᠲᠦ᠍ ᠨᠢᠭᠡ ᠱᠦᠭᠦᠷ ᠦ᠋ᠨ ᠳᠡᠭᠡᠷ᠎ᠡ ᠲᠣᠭᠣᠰᠣ ᠳᠠᠷᠤᠭᠰᠠᠨ ᠭᠦᠩᠭᠠᠷᠠᠪᠠ ᠲᠠᠢ ᠪᠤᠷᠬᠠᠨ ᠲᠠᠯᠪᠢᠭᠰᠠᠨ ᠤ᠋ ᠡᠮᠦᠨ᠎ᠡ ᠰᠢᠲᠠᠭᠰᠠᠨ ᠵᠤᠯᠠ ᠴᠥᠭᠥᠴᠡ ᠲᠡᠢ ᠪᠡᠨ ᠪᠠᠢᠨ᠎ᠠ᠃ ᠵᠡᠭᠦᠨ ᠡᠲᠡᠭᠡᠳ ᠲᠦ᠍ ᠨᠢᠭᠡ ᠪᠠᠩᠵᠠᠨ ᠳᠠᠪᠰᠢᠭᠤᠷᠭᠠ ᠶ᠋ᠢᠨ ᠳᠡᠭᠡᠷ᠎ᠡ ᠬᠤᠴᠢᠯᠭ᠎ᠠ ᠶ᠋ᠢᠨ ᠳᠣᠲᠣᠷ᠎ᠠ ᠠ᠋ᠴᠠ ᠦᠰᠦ ᠨᠢ ᠬᠣᠶᠠᠷ ᠬᠤᠷᠤᠭᠤ ᠤᠷᠭᠤᠭᠰᠠᠨ ᠪᠤᠭᠤᠷᠤᠯ ᠲᠣᠯᠣᠭᠠᠢ ᠶ᠋ᠢᠨ ᠣᠷᠣᠢ ᠴᠤᠬᠤᠢᠵᠤ ᠪᠠᠢᠬᠤ ᠪᠥᠭᠡᠳ ᠦᠬᠦᠰᠢᠷᠡᠲᠡᠯ᠎ᠡ ᠬᠠᠨᠢᠶᠠᠬᠤ ᠴᠢᠮᠡᠭᠡ ᠶ᠋ᠢ ᠰᠣᠨᠣᠰᠪᠠᠯ ᠴᠢᠪᠠᠭᠠᠨᠴᠠ ᠬᠥᠮᠦᠨ ᠪᠣᠯᠤᠯᠲᠠᠢ᠃
ᠬᠥᠯᠳᠡᠭᠦᠦ ᠭᠦᠢᠳᠡᠰᠦ ᠶ᠋ᠢ ᠬᠡᠦᠬᠡᠨ ᠬᠠᠨᠳᠠ ᠨᠣᠴᠣᠭᠠᠵᠤ ᠶᠠᠳᠠᠬᠤ ᠪᠥᠭᠡᠳ ᠲᠡᠭᠦᠨ ᠦ᠌ ᠤᠲᠤᠭ᠎ᠠ ᠭᠡᠷ ᠦ᠋ᠨ ᠳᠣᠲᠣᠷ᠎ᠠ ᠪᠥᠭᠰᠢᠨ᠂ ᠨᠢᠳᠦ ᠶ᠋ᠢ ᠬᠣᠷᠣᠰᠬᠠᠨ᠎ᠠ᠃ ᠲᠡᠷᠡ ᠬᠡᠦᠬᠡᠨ ᠨᠢᠳᠦ ᠪᠡᠨ ᠪᠦᠯᠲᠡᠢᠲᠡᠯᠡ ᠭᠠᠯ ᠢ᠋ᠶ᠋ᠠᠨ ᠦᠯᠢᠶᠡᠵᠦ᠂ ᠨᠥᠮᠥᠭᠡᠨ ᠳᠡᠪᠡᠯ ᠲᠡᠢ ᠴᠡᠴᠡᠷᠡᠨ ᠳᠠᠭᠵᠢᠨ ᠡᠰᠢ ᠳᠠᠰᠢ ᠰᠠᠮᠭᠠᠷᠳᠠᠨ ᠪᠠᠢᠲᠠᠯ᠎ᠠ᠂ ᠲᠡᠭᠦᠨ ᠦ᠌ ᠬᠡᠪᠲᠡᠰᠢ ᠶ᠋ᠢᠨ ᠰᠢᠷ᠎ᠠ ᠢᠰᠡᠭᠡᠢ
ᠳᠡᠪᠢᠰᠬᠡᠷ ᠦ᠋ᠨ ᠳᠡᠭᠡᠷᠡᠬᠢ ᠳᠠᠬᠤ ᠶ᠋ᠢᠨ ᠳᠣᠲᠣᠷ᠎ᠠ ᠠ᠋ᠴᠠ ᠳᠡᠰ ᠬᠢᠲᠡᠯ᠎ᠡ ᠠᠪᠢᠶ᠎ᠠ ᠭᠠᠷᠴᠤ᠂ ᠵᠢᠭᠠᠬᠠᠨ ᠬᠡᠦᠬᠡᠳ ᠴᠢᠯᠥᠭᠡ ᠵᠠᠪ ᠦᠭᠡᠢ ᠤᠬᠢᠯᠠᠨ ᠡᠬᠢᠯᠡᠪᠡ᠃ ᠬᠠᠨᠳᠠ ᠰᠠᠮᠭᠠᠷᠳᠠᠨ ᠨᠢᠭᠡ ᠭᠠᠷ ᠢ᠋ᠶ᠋ᠠᠷ ᠬᠡᠦᠬᠡᠳ ᠢ᠋ ᠬᠥᠳᠡᠯᠭᠡᠨ ᠨᠥᠭᠦᠭᠡ ᠭᠠᠷ ᠢ᠋ᠶ᠋ᠠᠷ ᠴᠠᠢ ᠶ᠋ᠢ ᠨᠦᠳᠦᠨ᠎ᠡ᠃ ᠬᠡᠳᠦᠢ ᠪᠡᠷ ᠥᠰᠬᠦ ᠨᠠᠰᠤᠨ ᠠ᠋ᠴᠠ ᠦᠭᠡᠢᠭᠦᠦ ᠶᠠᠳᠠᠭᠤ ᠠᠮᠢᠳᠤᠷᠠᠵᠤ
ᠬᠦᠢᠲᠡᠨ ᠬᠠᠯᠠᠭᠤᠨ ᠢ᠋ ᠥᠩᠭᠡᠷᠡᠭᠦᠯᠵᠦ᠂ ᠵᠣᠪᠠᠯᠠᠩ ᠵᠦᠳᠡᠭᠦᠷᠢ ᠶ᠋ᠢ ᠦᠵᠡᠭᠰᠡᠨ ᠪᠣᠯᠪᠠᠴᠤ ᠬᠥᠭᠡᠷᠦᠬᠦᠢ ᠵᠠᠢᠯᠠᠭᠤᠯ᠂ ᠴᠢᠷᠠᠢ ᠪᠠᠨ ᠪᠠᠷᠤᠢᠯᠭᠠᠨ ᠪᠤᠬᠢᠨᠢᠳᠤᠬᠤ ᠶ᠋ᠢ ᠥᠭᠦᠯᠡᠬᠦ ᠶᠠᠭᠤᠨ᠃
ᠠᠷᠠᠢ ᠭᠡᠵᠦ ᠴᠠᠢ ᠪᠤᠴᠠᠯᠪᠠ᠃ ᠬᠡᠦᠬᠡᠳ ᠪᠠᠭ᠎ᠠ ᠲᠠᠢᠳᠬᠤᠷᠠᠭᠰᠠᠨ ᠳ᠋ᠤ᠌ ᠬᠡᠦᠬᠡᠨ ᠪᠦᠰᠡ ᠪᠡᠨ ᠪᠦᠰᠡᠯᠡᠵᠦ᠂ ᠴᠠᠢ ᠪᠠᠨ ᠠᠭᠤᠳᠠᠯᠤᠭᠠᠳ ᠬᠥᠭᠰᠢᠨ ᠴᠢᠪᠠᠭᠠᠨᠴᠠ ᠶ᠋ᠢᠨ ᠣᠷᠣᠨ ᠤ᠋ ᠡᠮᠦᠨ᠎ᠡ ᠨᠢᠭᠡ ᠳᠣᠩᠪᠣ ᠶ᠋ᠢ ᠠᠪᠴᠤ ᠬᠠᠷ᠎ᠠ ᠠᠶᠠᠭᠠᠨ ᠤ᠋ ᠳᠣᠲᠣᠷ᠎ᠠ ᠥᠴᠥᠭᠡᠳᠦᠷ ᠦ᠋ᠨ ᠦᠯᠡᠳᠡᠭᠰᠡᠨ ᠵᠤᠲᠠᠩ ᠤ᠋ᠨ ᠳᠡᠭᠡᠷ᠎ᠡ ᠬᠢᠵᠦ ᠦᠭᠭᠦᠭᠡᠳ᠂ ᠬᠠᠷᠢᠨ ᠥᠪᠡᠷ ᠢ᠋ᠶ᠋ᠡᠨ ᠴᠠᠢ ᠣᠣᠭᠤᠯ ᠦᠭᠡᠢ ᠨᠢᠭᠡ ᠬᠣᠣ ᠲᠠᠢ ᠴᠠᠢ ᠪᠠᠷᠢᠵᠤ ᠭᠠᠷᠤᠨ ᠬᠥᠯᠳᠡᠭᠦᠦ ᠴᠠᠰᠤ ᠶ᠋ᠢ ᠭᠤᠲᠤᠯ ᠢ᠋ᠶ᠋ᠠᠷ ᠢ᠋ᠶ᠋ᠠᠨ ᠱᠠᠵᠢᠭᠢᠨᠠᠭᠤᠯᠤᠭᠰᠠᠭᠠᠷ ᠪᠠᠷᠠᠭᠤᠨ ᠭᠡᠷ ᠦ᠋ᠨ ᠡᠭᠦᠳᠡᠨ ᠳ᠋ᠦ᠍ ᠣᠴᠢᠵᠤ᠂ ᠡᠷᠦᠬᠡ ᠶ᠋ᠢ ᠲᠡᠳᠡᠨ᠂ ᠪᠠᠰᠠ ᠭᠠᠯ ᠲᠦᠯᠡᠵᠦ ᠲᠡᠨᠳᠡ ᠬᠡᠪᠲᠡᠭᠰᠡᠨ ᠡᠪᠦᠭᠡᠨ ᠡᠮᠡᠭᠡᠨ ᠬᠣᠶᠠᠷ ᠢ᠋ ᠳᠠᠭᠤᠳᠠᠨ ᠰᠡᠷᠢᠭᠡᠵᠦ ᠴᠠᠢ ᠥᠭᠭᠦᠨ᠎ᠡ᠃ ᠪᠠᠷᠠᠭᠤᠨ ᠭᠡᠷ ᠦ᠋ᠨ ᠬᠣᠶᠠᠷ ᠨᠠᠰᠤᠲᠠᠨ ᠰᠠᠶᠢ ᠪᠣᠰᠴᠤ᠂ ᠬᠠᠨᠳᠠ ᠶ᠋ᠢᠨ ᠠᠪᠴᠢᠷᠠᠵᠤ ᠦᠭᠭᠦᠭᠰᠡᠨ ᠴᠠᠢ ᠶ᠋ᠢ ᠤᠤᠭᠤᠬᠤ ᠶ᠋ᠢᠨ ᠬᠠᠮᠲᠤ ᠲᠡᠭᠦᠨ ᠳ᠋ᠦ᠍ ᠲᠠᠯᠠᠷᠬᠠᠨ ᠪᠠᠶᠠᠷᠯᠠᠵᠤ ᠨᠢᠳᠦᠨ ᠦ᠌ ᠨᠢᠯᠪᠤᠰᠤ ᠪᠠᠨ ᠭᠢᠯᠲᠦᠭᠡᠨᠡᠭᠦᠯᠦᠨ ᠥᠭᠡᠭ ᠳᠣᠲᠣᠷ᠎ᠠ ᠠ᠋ᠴᠠ ᠨᠢᠭᠡ ᠬᠡᠰᠡᠭ ᠴᠠᠭᠠᠨ ᠲᠣᠰᠣᠨ ᠤ᠋ ᠬᠣᠭ ᠭᠠᠷᠭᠠᠵᠤ᠂ ᠬᠠᠭᠠᠰ ᠢ᠋ ᠨᠢ ᠬᠠᠨᠳᠠ ᠳ᠋ᠤ᠌ ᠥᠭᠭᠦᠭᠡᠳ ᠬᠠᠭᠠᠰ ᠢ᠋ ᠨᠢ ᠥᠪᠡᠷᠰᠡᠳ ᠦ᠋ᠨ ᠠᠶᠠᠭᠠᠨ ᠳ᠋ᠤ᠌ ᠬᠢᠪᠡ᠃
ᠡᠨᠡ ᠬᠣᠶᠠᠷ ᠠᠢᠯ ᠶᠠᠮᠠᠷ ᠠᠢᠯ ᠪᠣᠢ ᠭᠡᠪᠡᠯ᠂ ᠵᠡᠭᠦᠨ ᠲᠠᠯ᠎ᠠ ᠶ᠋ᠢᠨ ᠭᠡᠷ ᠨᠢ ᠬᠠᠯᠲᠠᠷ ᠳᠠᠮᠳᠢᠨ ᠤ᠋ ᠬᠢ᠂ ᠮᠥᠨ ᠳᠠᠮᠳᠢᠨ ᠬᠡᠳᠦᠢᠨ ᠦᠬᠦᠵᠡᠢ᠃ ᠲᠡᠭᠦᠨ ᠦ᠌ ᠡᠬᠡᠨᠡᠷ ᠲᠣᠮᠬᠦᠦ ᠴᠢᠪᠠᠭᠠᠨᠴᠠ ᠪᠣᠯᠣᠳ ᠭᠠᠭᠴᠠ ᠬᠡᠦᠬᠡᠨ ᠬᠠᠨᠳᠠ ᠶ᠋ᠢᠨ ᠬᠠᠮᠲᠤ ᠰᠠᠭᠤᠨ᠎ᠠ᠃ ᠬᠦᠷᠭᠡᠨ ᠪᠠᠯᠳᠠᠨ᠂ ᠬᠠᠭᠤᠴᠢᠨ ᠰᠤᠮᠤ ᠶ᠋ᠢᠨ ᠵᠠᠩᠭᠢ ᠪᠠᠢᠭᠰᠠᠨ ᠨᠠᠮᠵᠢᠯ ᠤ᠋ᠨ ᠳ᠋ᠤ᠌ ᠵᠠᠷᠤᠭᠳᠠᠳᠠᠭ ᠲᠤᠯᠠ᠂ ᠲᠡᠳᠡᠨ ᠦ᠌ ᠡᠷᠦᠬᠡ ᠮᠠᠯ ᠤ᠋ᠨ ᠬᠠᠮᠲᠤ ᠬᠣᠯᠠ ᠶ᠋ᠢᠨ ᠬᠤᠰᠢᠭᠤᠨ ᠳ᠋ᠤ᠌ ᠣᠲᠣᠷᠯᠠᠨ ᠣᠳᠴᠠᠢ᠃ ᠪᠠᠷᠠᠭᠤᠨ ᠲᠠᠯ᠎ᠠ ᠶ᠋ᠢᠨ ᠭᠡᠷ ᠨᠢ ᠰᠣᠯᠣᠭᠠᠢ ᠲᠠᠷᠵᠠ ᠶ᠋ᠢᠨ ᠬᠢ᠂ ᠮᠥᠨ ᠨᠢᠭᠡ ᠬᠦᠦ ᠲᠡᠢ ᠪᠣᠯᠪᠠᠴᠤ᠂ ᠪᠠᠭ᠎ᠠ ᠨᠠᠰᠤᠨ ᠠ᠋ᠴᠠ ᠨᠢ ᠵᠢᠷᠤᠬᠠᠢᠴᠢ ᠯᠠᠮᠠ ᠶ᠋ᠢᠨ ᠳ᠋ᠦ᠍ ᠱᠠᠪᠢ ᠪᠣᠯᠭᠠᠨ ᠥᠭᠴᠦ᠂ ᠬᠡᠢᠳ ᠲᠦ᠍ ᠰᠠᠭᠤᠯᠭᠠᠭᠰᠠᠨ ᠲᠤᠯᠠ ᠣᠳᠣ ᠲᠡᠷᠡ ᠠᠷᠪᠠᠨ ᠳᠣᠯᠣᠭᠠᠨ ᠨᠠᠰᠤ ᠬᠦᠷᠲᠡᠯ᠎ᠡ ᠭᠡᠷ ᠲᠦ᠍ ᠣᠷᠣᠵᠤ ᠢᠷᠡᠭᠰᠡᠨ ᠨᠢ ᠴᠥᠭᠡᠨ᠂ ᠭᠠᠭᠴᠠ ᠬᠦ᠌ ᠡᠪᠦᠭᠡᠨ ᠡᠬᠡᠨᠡᠷ ᠦ᠋ᠨ ᠬᠠᠮᠲᠤ ᠵᠤᠨ ᠪᠣᠯ ᠲᠠᠷᠪᠠᠭᠠᠴᠢᠯᠠᠵᠤ᠂ ᠡᠪᠦᠯ ᠪᠣᠯ ᠰᠤᠷ ᠡᠯᠳᠡᠵᠦ ᠠᠮᠢᠳᠤᠷᠠᠳᠠᠭ ᠪᠠᠢᠵᠠᠢ᠃
ᠡᠨᠡ ᠵᠢᠯ ᠵᠤᠳ ᠲᠤᠷᠠᠬᠠ ᠲᠠᠢ ᠪᠣᠯᠤᠭᠠᠳ ᠣᠢᠷ᠎ᠠ ᠬᠠᠪᠢ ᠶ᠋ᠢᠨ ᠴᠢᠨᠡᠭᠡᠯᠢᠭ ᠠᠢᠯ ᠤ᠋ᠳ ᠠᠯᠢ ᠥᠩ ᠲᠡᠢ ᠭᠠᠵᠠᠷ ᠢ᠋ ᠡᠷᠢᠵᠦ ᠬᠠᠮᠢᠭᠠᠰᠢ ᠬᠠᠮᠢᠭᠠᠰᠢ ᠬᠡᠳᠦ ᠬᠡᠳᠦᠨ ᠥᠷᠲᠡᠭᠡ ᠭᠠᠵᠠᠷ ᠨᠡᠭᠦᠳᠡᠯᠯᠡᠨ ᠣᠳᠬᠤ ᠳ᠋ᠤ᠌ ᠡᠨᠡ ᠬᠣᠶᠠᠷ ᠠᠢᠯ ᠣᠨᠣᠯᠭ᠎ᠠ ᠠᠴᠢᠶ᠎ᠠ ᠪᠠ ᠪᠦᠯᠢ ᠦᠭᠡᠢ ᠲᠤᠯᠠ ᠠᠷᠭ᠎ᠠ ᠦᠭᠡᠢ ᠡᠨᠳᠡ ᠬᠣᠴᠣᠷᠴᠠᠢ᠃ ᠵᠥᠪᠬᠡᠨ ᠠᠮᠢᠳᠤᠷᠠᠵᠤ ᠪᠠᠢᠭᠰᠠᠨ ᠬᠡᠳᠦᠨ ᠮᠠᠯ ᠢ᠋ᠶ᠋ᠠᠨ ᠵᠤᠳ ᠳᠤ ᠦᠬᠦᠭᠦᠯᠦᠭᠡᠳ᠂ ᠣᠳᠣ ᠬᠡᠭᠡᠷ᠎ᠡ ᠲᠠᠯ᠎ᠠ ᠳ᠋ᠤ᠌ ᠥᠪᠡᠷᠰᠡᠳ ᠢ᠋ᠶ᠋ᠡᠨ ᠴᠢᠨᠣ᠎ᠠ ᠨᠣᠬᠠᠢ ᠶ᠋ᠢᠨ ᠵᠠᠭᠤᠰᠢ ᠪᠣᠯᠬᠤ ᠳ᠋ᠤ᠌ ᠬᠦᠷᠦᠭᠡᠳ ᠭᠠᠩᠰᠠᠷᠠᠨ ᠰᠠᠭᠤᠨ᠎ᠠ᠃
ᠲᠡᠨᠳᠡ ᠡᠴᠡ ᠨᠢᠭᠡ ᠥᠷᠲᠡᠭᠡ ᠬᠢᠷᠢ ᠲᠡᠢ ᠬᠦᠨᠳᠦᠭ ᠭᠡᠳᠡᠭ ᠲᠠᠷᠢᠶᠠᠨ ᠤ᠋ ᠭᠠᠵᠠᠷ ᠬᠡᠳᠦᠨ ᠡᠷᠦᠬᠡ ᠠᠢᠯ ᠪᠠᠢᠳᠠᠭ ᠪᠣᠯᠪᠠᠴᠤ ᠬᠦᠷᠦᠯᠴᠡᠵᠦ ᠴᠢᠳᠠᠬᠤ ᠦᠭᠡᠢ ᠲᠤᠯᠠ ᠡᠨᠡ ᠵᠢᠯ ᠰᠠᠭᠤᠷᠢᠨ ᠪᠠᠢᠭ᠎ᠠ ᠦᠭᠡᠢ ᠶ᠋ᠢ ᠦᠯᠦ ᠮᠡᠳᠡᠨ᠎ᠡ᠃
ᠡᠪᠦᠯ ᠦ᠋ᠨ ᠰᠢᠭᠤᠷᠭ᠎ᠠ ᠰᠦᠷᠡᠬᠡᠢ ᠪᠣᠯᠪᠠᠴᠤ ᠡᠳᠦᠷ ᠪᠦᠷᠢ ᠨᠠᠷᠠ ᠣᠢᠷᠠᠲᠤᠭᠰᠠᠭᠠᠷ ᠲᠤᠯᠠ ᠬᠠᠭᠤᠴᠢᠨ ᠮᠣᠩᠭᠣᠯ ᠤ᠋ᠨ ᠴᠠᠭᠠᠨ ᠰᠠᠷ᠎ᠠ ᠶ᠋ᠢᠨ ᠠᠷᠪᠠᠳ ᠢ᠋ᠶ᠋ᠠᠷ᠂ ᠨᠢᠭᠡ ᠰᠠᠢᠬᠠᠨ ᠴᠡᠯᠮᠡᠭ ᠡᠳᠦᠷ ᠬᠡᠳᠦᠨ ᠬᠥᠭᠰᠢᠨ ᠬᠣᠲᠠ ᠳᠣᠲᠣᠷ᠎ᠠ ᠪᠠᠨ ᠦᠳᠡ ᠶ᠋ᠢᠨ ᠨᠠᠷᠠᠨ ᠳ᠋ᠤ᠌ ᠨᠢᠷᠤᠭᠤ ᠪᠠᠨ ᠡᠭᠡᠭᠡᠨ ᠪᠥᠭᠡᠮᠨᠡᠷᠡᠨ ᠰᠠᠭᠤᠵᠤ᠂ ᠬᠠᠨᠳᠠ ᠶ᠋ᠢᠨ ᠴᠠᠢ ᠬᠠᠯᠠᠭᠠᠵᠤ ᠵᠤᠲᠠᠩ ᠬᠢᠬᠦ ᠶ᠋ᠢ ᠬᠦᠯᠢᠶᠡᠨ᠂ ᠭᠠᠢᠬᠠᠭᠰᠠᠨ ᠦᠭᠡᠰ ᠢ᠋ᠶ᠋ᠡᠨ ᠳᠤᠲᠠᠭᠤ ᠰᠣᠯᠢᠭ ᠶᠠᠷᠢᠯᠳᠤᠨ᠂ ᠲᠠᠷᠵᠠ ᠦᠯᠡᠳᠡᠭᠰᠡᠨ ᠭᠠᠭᠴᠠ ᠢᠮᠠᠭᠠᠨ ᠤ᠋ ᠵᠣᠪᠠᠯᠭ᠎ᠠ ᠥᠪᠴᠢᠵᠦ ᠪᠠᠢᠨ᠎ᠠ᠃
ᠦᠷᠭᠦᠯᠵᠢᠯᠡᠭᠰᠡᠨ ᠴᠠᠭᠠᠨ ᠴᠠᠰᠤ ᠡᠮᠦᠨᠡᠲᠦ ᠳᠠᠪᠠᠭᠠᠨ ᠤ᠋ ᠬᠢᠷ᠎ᠠ ᠶ᠋ᠢ ᠲᠤᠯᠲᠠᠯ᠎ᠠ ᠦᠳᠡ ᠶ᠋ᠢᠨ ᠨᠠᠷᠠᠨ ᠤ᠋ ᠭᠡᠷᠡᠯ ᠳ᠋ᠦ᠍ ᠭᠢᠯᠲᠦᠭᠡᠨᠡᠨ ᠭᠢᠯᠪᠠᠯᠵᠠᠨ᠎ᠠ᠃ ᠡᠪᠦᠭᠡᠨ ᠪᠣᠯᠤᠭᠰᠠᠨ ᠬᠥᠮᠦᠰ ᠦ᠋ᠨ ᠨᠢᠳᠦ ᠭᠢᠯᠪᠠᠨ ᠶᠠᠭᠤ ᠴᠤ᠌ ᠦᠯᠦ ᠦᠵᠡᠨ᠎ᠡ᠃ ᠭᠡᠲᠡᠯ᠎ᠡ ᠲᠡᠷᠲᠡᠭᠡ ᠳᠠᠪᠠᠭᠠᠨ ᠤ᠋ ᠨᠢᠷᠤᠭᠤᠨ ᠳᠡᠭᠡᠭᠦᠷ ᠨᠢᠭᠡ ᠬᠣᠶᠠᠷ ᠶᠠᠭᠤᠮ᠎ᠠ ᠰᠦᠮᠡᠢᠨ ᠦᠵᠡᠭᠳᠡᠬᠦ ᠶ᠋ᠢ ᠬᠠᠨᠳᠠ ᠬᠠᠷᠠᠵᠤ ᠲᠡᠷᠡ ᠶᠠᠭᠤ ᠪᠣᠢ ᠭᠡᠪᠡᠯ ᠲᠡᠳᠡᠭᠡᠷ ᠬᠥᠭᠰᠢᠳ ᠳᠡᠮᠡᠢ ᠯᠡ ᠬᠠᠷᠠᠵᠤ ᠶᠠᠳᠠᠨ ᠪᠠᠢᠨ᠎ᠠ᠃ ᠨᠢᠭᠡᠳᠦᠭᠡᠷ ᠲᠦ᠍᠂ ᠬᠥᠮᠦᠨ ᠠᠮᠢᠲᠠᠨ ᠤ᠋ ᠪᠠᠷ᠎ᠠ ᠬᠠᠷᠠᠯ ᠦᠭᠡᠢ ᠬᠠᠭᠠᠰ ᠵᠢᠯ ᠪᠣᠯᠤᠭᠰᠠᠨ ᠪᠠ ᠬᠣᠶᠠᠳᠤᠭᠠᠷ ᠲᠤ᠌ ᠭᠠᠮᠢᠩ ᠪᠠᠷᠤᠨ ᠤ᠋ ᠬᠡᠯᠡᠮᠡᠭᠳᠡᠯ ᠢ᠋ ᠤᠷᠢᠳᠤ ᠪᠠᠰᠠ ᠦᠵᠡᠭᠰᠡᠨ ᠲᠤᠯᠠ ᠶᠠᠭᠤ ᠢᠷᠡᠪᠡ ᠭᠡᠵᠦ ᠬᠠᠷᠢᠯᠴᠠᠨ ᠶᠠᠷᠢᠯᠴᠠᠵᠤ ᠵᠢᠷᠦᠬᠡ ᠲᠦᠭᠰᠢᠯᠴᠡᠨ ᠪᠠᠢᠪᠠ᠃
ᠬᠣᠯᠠ ᠶ᠋ᠢᠨ ᠪᠠᠷ᠎ᠠ ᠣᠢᠷᠠᠲᠤᠨ ᠢᠷᠡᠬᠦ ᠳ᠋ᠦ᠍ ᠬᠣᠲᠠ ᠶ᠋ᠢᠨ ᠨᠣᠬᠠᠢ ᠤᠭᠲᠤᠨ ᠭᠦᠶᠦᠵᠦ ᠬᠤᠴᠠᠨ᠎ᠠ᠃ ᠬᠣᠶᠠᠷ ᠭᠤᠷᠪᠠᠨ ᠬᠥᠭᠰᠢᠨ ᠭᠡᠷ ᠦ᠋ᠨ ᠬᠠᠶᠠᠭᠠᠨ ᠳ᠋ᠤ᠌ ᠵᠣᠭᠰᠣᠵᠤ᠂ ᠬᠡᠨ ᠪᠣᠯᠬᠤ ᠶ᠋ᠢ ᠰᠢᠷᠲᠡᠨ ᠭᠥᠯᠢᠷᠡᠨ᠎ᠡ᠃ ᠦᠵᠡᠪᠡᠯ ᠬᠣᠶᠠᠷ ᠮᠣᠷᠢ ᠲᠠᠢ ᠬᠥᠮᠦᠨ᠂ ᠨᠢᠭᠡ ᠨᠢ ᠬᠣᠢᠨ᠎ᠠ ᠪᠠᠨ ᠳᠠᠬᠤ ᠭᠠᠨᠵᠤᠭᠠᠯᠠᠵᠤ᠂ ᠨᠥᠭᠦᠭᠡ ᠨᠢ ᠠᠴᠢᠮᠠᠭ ᠲᠠᠯᠪᠢᠵᠠᠢ᠃ ᠤᠨᠤᠭᠰᠠᠨ ᠮᠣᠷᠢᠨ ᠤ᠋ ᠬᠥᠯᠥᠰᠥᠨ ᠡᠴᠡ ᠨᠢ ᠠᠭᠤᠷ ᠰᠠᠪᠰᠠᠵᠤ ᠣᠯᠠᠨ ᠠᠭᠤᠯᠠ ᠳᠠᠪᠠᠭᠠᠨ ᠤ᠋ ᠲᠡᠷᠲᠡᠭᠡ ᠡᠴᠡ ᠬᠦᠷᠴᠦ ᠢᠷᠡᠭᠰᠡᠨ ᠳ᠋ᠡᠭᠡᠨ ᠬᠥᠯ ᠨᠢ ᠬᠥᠩᠭᠡᠷᠡᠨ ᠭᠡᠷ ᠦ᠋ᠨ ᠵᠦᠭ ᠲᠡᠮᠡᠦᠯᠦᠨ᠎ᠡ᠃
ᠬᠠᠶᠠᠭᠠᠨ ᠤ᠋ ᠭᠠᠳᠠᠨ᠎ᠠ ᠢᠷᠡᠭᠡᠳ ᠪᠠᠭᠤᠬᠤ ᠶ᠋ᠢ ᠬᠠᠷᠠᠪᠠᠯ᠂ ᠢᠰᠡᠭᠡᠢ ᠭᠤᠲᠤᠯ ᠡᠮᠦᠰᠦᠭᠰᠡᠨ ᠢᠵᠢᠯ ᠬᠥᠬᠡ ᠳᠠᠯᠢᠩᠪᠤᠨ ᠳᠡᠪᠡᠯ ᠲᠡᠢ᠂ ᠨᠢᠭᠤᠷ ᠲᠠᠭᠠᠨ ᠴᠣᠭ ᠲᠠᠢ ᠨᠢᠳᠦᠨ ᠳ᠋ᠡᠭᠡᠨ ᠭᠠᠯ ᠲᠠᠢ ᠬᠣᠶᠠᠷ ᠵᠠᠯᠠᠭᠤ ᠬᠠᠷ᠎ᠠ ᠬᠥᠮᠦᠨ ᠮᠣᠷᠢ ᠪᠠᠨ ᠲᠤᠱᠠᠭᠠᠳ᠂ ᠬᠥᠳᠡᠭᠡᠨ ᠦ᠌ ᠵᠠᠩᠰᠢᠯ ᠢ᠋ᠶ᠋ᠠᠷ ᠬᠥᠭᠰᠢᠳ ᠲᠡᠢ ᠮᠡᠨᠳᠦᠯᠡᠭᠡᠳ ᠭᠡᠷ ᠲᠦ᠍ ᠣᠷᠣᠵᠠᠭᠠᠪᠠ᠃ ᠬᠡᠦᠬᠡᠨ ᠬᠠᠨᠳᠠ ᠬᠣᠢᠨ᠎ᠠ ᠠ᠋ᠴᠠ ᠨᠢ ᠳᠠᠭᠠᠵᠤ ᠣᠷᠣᠨ ᠭᠠᠯ ᠲᠦᠯᠡᠪᠡ᠃ ᠰᠣᠯᠣᠭᠠᠢ ᠲᠠᠷᠵᠠ᠂ ᠲᠡᠳᠡᠨ ᠦ᠌ ᠵᠠᠩ ᠠᠭᠠᠯᠢ ᠨᠣᠮᠣᠬᠠᠨ ᠪᠠᠢᠳᠠᠯ ᠢ᠋ ᠦᠵᠡᠭᠡᠳ ᠠᠶᠤᠬᠤ ᠲᠦᠭᠰᠢᠬᠦ ᠰᠡᠳᠬᠢᠯ ᠦᠭᠡᠢ ᠪᠣᠯᠵᠤ᠂ ᠠᠪᠳᠠᠷ᠎ᠠ ᠶ᠋ᠢᠨ ᠳᠣᠲᠣᠷ᠎ᠠ ᠠ᠋ᠴᠠ ᠰᠢᠯ ᠬᠦᠬᠦᠷ ᠢ᠋ᠶ᠋ᠡᠨ ᠭᠠᠷᠭᠠᠭᠤᠯᠵᠤ ᠪᠠᠷᠢᠭᠰᠠᠭᠠᠷ᠂ ᠵᠣᠴᠢᠨ ᠪᠠᠭᠤᠭᠰᠠᠨ ᠭᠡᠷ ᠲᠦ᠍ ᠣᠷᠣᠵᠤ ᠮᠡᠨᠳᠦᠯᠡᠨ ᠲᠠᠮᠠᠬᠢᠯᠠᠭᠠᠳ ᠨᠡᠷ᠎ᠡ ᠠᠯᠳᠠᠷ ᠢ᠋ ᠨᠢ ᠠᠰᠠᠭᠤᠨ ᠠᠯᠢ ᠵᠦᠭ ᠬᠠᠮᠢᠭ᠎ᠠ ᠵᠣᠷᠢᠵᠤ ᠶᠠᠪᠤᠭ᠎ᠠ ᠶ᠋ᠢ ᠰᠤᠷᠠᠪᠠ᠃
ᠬᠣᠶᠠᠷ ᠵᠠᠯᠠᠭᠤ ᠬᠥᠮᠦᠨ᠂ ᠭᠦᠨᠳᠦᠭ ᠦ᠋ᠨ ᠰᠠᠭᠤᠷᠢᠨ ᠤ᠋ ᠲᠡᠨᠳᠡ ᠡᠴᠡ ᠭᠠᠷᠤᠭᠰᠠᠨ ᠭᠡᠬᠦ ᠪᠥᠭᠡᠳ ᠡᠪᠦᠷ ᠡᠴᠡ ᠪᠡᠨ ᠴᠠᠭᠠᠨ ᠲᠠᠮᠠᠬᠢ ᠭᠠᠷᠭᠠᠵᠤ ᠡᠪᠦᠭᠡᠨ ᠢ᠋ ᠬᠦᠨᠳᠦᠯᠡᠨ᠂ ᠥᠪᠡᠷᠰᠡᠳ ᠢ᠋ᠶ᠋ᠡᠨ ᠬᠠᠨᠳᠠ ᠶ᠋ᠢᠨ ᠪᠤᠴᠠᠯᠭᠠᠭᠰᠠᠨ ᠬᠠᠯᠠᠭᠤᠨ ᠴᠠᠢ ᠶ᠋ᠢ ᠲᠠᠪᠠ ᠲᠠᠢ ᠤᠤᠭᠤᠵᠤ ᠲᠤᠯᠤᠮ ᠠ᠋ᠴᠠ ᠮᠢᠬ᠎ᠠ ᠲᠠᠯᠬ᠎ᠠ ᠭᠠᠷᠭᠠᠨ ᠲᠡᠳᠡᠨ ᠦ᠌ ᠬᠠᠮᠲᠤ ᠬᠤᠪᠢᠶᠠᠨ ᠢᠳᠡᠬᠦ ᠦᠶ᠎ᠡ ᠳ᠋ᠦ᠍ ᠬᠡᠷᠡᠭ ᠵᠣᠷᠢᠭ ᠢ᠋ᠶ᠋ᠠᠨ ᠲᠣᠭᠠᠴᠢᠨ ᠬᠡᠯᠡᠭᠰᠡᠨ ᠨᠢ᠄
— ᠪᠢᠳᠡ ᠬᠣᠶᠠᠷ ᠪᠣᠯ ᠤᠯᠠᠭᠠᠨᠪᠠᠭᠠᠲᠤᠷ ᠬᠣᠲᠠ ᠠ᠋ᠴᠠ ᠭᠠᠷᠤᠭᠰᠠᠨ ᠬᠤᠪᠢᠰᠬᠠᠯᠲᠤ ᠵᠠᠯᠠᠭᠤᠴᠤᠳ ᠤ᠋ᠨ ᠡᠪᠯᠡᠯ ᠦ᠋ᠨ ᠭᠡᠰᠢᠭᠦᠨ᠂ ᠲᠠᠨ ᠤ᠋ ᠡᠨᠡ ᠠᠢᠮᠠᠭ ᠢ᠋ᠶ᠋ᠠᠷ ᠰᠢᠨ᠎ᠡ ᠡᠷᠭᠢᠯᠲᠡ ᠶ᠋ᠢᠨ ᠠᠵᠢᠯ ᠢ᠋ᠶ᠋ᠠᠷ ᠲᠣᠮᠢᠯᠠᠭᠳᠠᠨ ᠭᠠᠷᠤᠭᠰᠠᠨ᠂ ᠡᠭᠦᠪᠡᠷ ᠰᠦᠯᠵᠢᠨ ᠶᠠᠪᠤᠭᠰᠠᠭᠠᠷ ᠡᠳᠦᠷ ᠬᠣᠨᠣᠭ ᠨᠡᠯᠢᠶᠡᠳ ᠤᠳᠠᠪᠠ᠃ ᠰᠠᠶᠢ ᠭᠦᠨᠳᠦᠭ ᠦ᠋ᠨ ᠰᠠᠭᠤᠷᠢᠨ ᠤ᠋ ᠣᠷᠴᠢᠮ ᠢ᠋ᠶ᠋ᠠᠷ ᠬᠣᠷᠢ ᠭᠠᠷᠤᠢ ᠡᠷᠦᠬᠡ ᠨᠦ᠍ᠭᠦᠳ ᠢ᠋ᠶ᠋ᠡᠷ ᠶᠠᠪᠤᠵᠤ᠂ ᠬᠠᠷᠢᠨ ᠲᠠᠨ ᠤ᠋ ᠬᠡᠳᠦᠨ ᠶᠠᠳᠠᠭᠤ ᠠᠢᠯ ᠡᠨᠳᠡ ᠦᠯᠡᠳᠡᠭᠰᠡᠨ ᠮᠡᠳᠡᠭᠡ ᠰᠣᠨᠣᠰᠤᠭᠠᠳ ᠢᠷᠡᠭᠰᠡᠨ ᠪᠢᠯᠡ᠃ ᠦᠭᠡᠢᠭᠦᠦ ᠶᠠᠳᠠᠭᠤ ᠳ᠋ᠤ᠌ ᠪᠣᠭᠣᠭᠳᠠᠵᠤ ᠵᠤᠳ ᠲᠤᠷᠠᠬᠠᠨ ᠳ᠋ᠤ᠌ ᠭᠠᠴᠢᠭᠳᠠᠨ ᠡᠢᠨᠬᠦ ᠰᠠᠭᠤᠭ᠎ᠠ ᠡᠨᠡᠬᠦ ᠵᠣᠪᠠᠯᠠᠩᠲᠤ ᠪᠠᠢᠳᠠᠯ ᠶᠠᠭᠤᠨ ᠠ᠋ᠴᠠ ᠪᠣᠯᠤᠭᠰᠠᠨ ᠪᠠ ᠡᠭᠦᠨ ᠢ᠋ ᠭᠡᠲᠦᠯᠵᠦ ᠪᠣᠯᠬᠤ ᠵᠡᠷᠭᠡ ᠤᠴᠢᠷ ᠢ᠋ ᠬᠥᠳᠡᠭᠡᠨ ᠦ᠌ ᠬᠥᠮᠦᠨ ᠦ᠌ ᠤᠬᠠᠵᠤ ᠮᠡᠳᠡᠬᠦ ᠶ᠋ᠢ ᠳᠠᠭᠠᠭᠤᠯᠤᠨ᠂ ᠬᠥᠭᠰᠢᠨ ᠬᠥᠮᠦᠨ ᠦ᠌ ᠡᠩ ᠥᠩ ᠭᠡᠬᠦ ᠶ᠋ᠢ ᠳᠠᠬᠢᠨ ᠳᠠᠬᠢᠨ ᠬᠦᠯᠢᠶᠡᠨ᠂ ᠦᠳᠡᠰᠢ ᠪᠣᠯᠲᠠᠯ᠎ᠠ ᠶᠠᠷᠢᠵᠤ ᠡᠯᠳᠡᠪ ᠤᠴᠢᠷ ᠢ᠋ ᠰᠠᠶᠢ ᠠᠷᠠᠢᠬᠠᠨ ᠲᠠᠨᠢᠭᠤᠯᠪᠠ᠃
ᠲᠡᠭᠦᠨ ᠡᠴᠡ ᠤᠳᠠᠯ ᠦᠭᠡᠢ ᠤᠷᠳᠤᠬᠢ ᠠᠢᠯ ᠤ᠋ᠳ ᠠ᠋ᠴᠠ ᠠᠴᠢᠯᠭ᠎ᠠ ᠬᠥᠰᠬᠡ ᠠᠪᠴᠢᠷᠠᠭᠤᠯᠵᠤ᠂ ᠬᠡᠭᠡᠷ᠎ᠡ ᠲᠠᠯ᠎ᠠ ᠳ᠋ᠤ᠌ ᠬᠥᠰᠡᠷᠳᠡᠭᠰᠡᠨ ᠡᠮᠡᠭᠡᠳ ᠡᠪᠦᠭᠡᠳ ᠢ᠋ ᠨᠡᠭᠦᠯᠭᠡᠨ᠂ ᠬᠥᠮᠦᠨ ᠠᠮᠢᠲᠠᠨ ᠲᠠᠢ ᠭᠠᠵᠠᠷ ᠬᠠᠯᠠᠭᠤᠨ ᠬᠣᠭᠣᠯᠠ᠂ ᠳᠤᠯᠠᠭᠠᠨ ᠬᠤᠪᠴᠠᠰᠤ ᠲᠠᠢ ᠤᠴᠠᠷᠠᠭᠤᠯᠪᠠ᠃ ᠳᠣᠮᠬᠦᠦ ᠴᠢᠪᠠᠭᠠᠨᠴᠠ ᠶ᠋ᠢᠨ ᠬᠦᠷᠭᠡᠨ ᠡᠷᠭᠢᠵᠦ ᠢᠷᠡᠭᠡᠳ ᠭᠡᠳᠡᠷᠭᠦ ᠪᠤᠴᠠᠵᠤ ᠨᠠᠮᠵᠢᠯ ᠵᠠᠩᠭᠢ ᠶ᠋ᠢᠨ ᠳ᠋ᠦ᠍ ᠳᠠᠬᠢᠨ ᠵᠠᠷᠤᠴᠠ ᠪᠣᠯᠤᠯ ᠦᠭᠡᠢ ᠬᠣᠶᠠᠷ ᠮᠣᠷᠢᠨ ᠲᠡᠷᠭᠡ ᠲᠥᠬᠥᠭᠡᠷᠦᠨ ᠠᠵᠢᠯ ᠬᠢᠪᠠ᠃ ᠰᠣᠯᠣᠭᠠᠢ ᠲᠠᠷᠵᠠ ᠡᠭᠦᠨ ᠡᠴᠡ ᠳᠠᠷᠤᠢ ᠤᠬᠠᠭᠠᠨ ᠣᠷᠣᠵᠤ᠂ ᠬᠥᠯᠥᠰᠥᠨ ᠦ᠌ ᠮᠣᠷᠢᠨ ᠲᠡᠷᠭᠡ ᠶ᠋ᠢ ᠭᠤᠶᠤᠵᠤ ᠰᠠᠭᠤᠭᠠᠳ ᠥᠲᠡᠯᠦᠭᠰᠡᠨ ᠡᠪᠦᠭᠡᠨ ᠲᠡᠩᠬᠡ ᠲᠡᠢ ᠪᠣᠯᠵᠤ᠂ ᠡᠳᠦᠷ ᠦ᠋ᠨ ᠥᠷᠲᠡᠭᠡ ᠢᠯᠡᠭᠦᠦ ᠭᠠᠵᠠᠷ ᠬᠠᠲᠠᠷᠢᠭᠤᠯᠤᠭᠰᠠᠭᠠᠷ᠂ ᠬᠣᠶᠠᠷ ᠬᠣᠨᠣᠭᠠᠳ ᠬᠡᠢᠳ ᠦ᠋ᠨ ᠭᠠᠵᠠᠷ ᠬᠦᠷᠴᠦ ᠵᠢᠷᠤᠬᠠᠢᠴᠢ ᠯᠠᠮᠠ ᠶ᠋ᠢᠨ ᠳ᠋ᠦ᠍ ᠣᠴᠢᠵᠤ᠂ ᠬᠡᠪ ᠦ᠋ᠨ ᠦᠭᠡ ᠪᠡᠷ ᠬᠡᠴᠢᠨᠡᠨ ᠶᠠᠷᠢᠪᠠᠴᠤ ᠬᠡᠷᠡᠭᠰᠡᠬᠦ ᠦᠭᠡᠢ ᠪᠣᠯᠬᠤ ᠳ᠋ᠤᠨᠢ ᠬᠡᠳᠡᠷ ᠦᠭᠡ ᠪᠡᠷ ᠬᠡᠳᠦᠨᠲᠡ ᠵᠠᠩᠨᠠᠨ ᠪᠠᠢᠵᠤ ᠠᠷᠠᠢᠬᠠᠨ ᠠᠷᠪᠠᠨ ᠳᠣᠯᠣᠭᠠᠨ ᠨᠠᠰᠤ ᠲᠠᠢ ᠬᠦᠦ ᠪᠡᠨ ᠰᠠᠯᠭᠠᠨ ᠠᠪᠴᠤ ᠳᠠᠭᠠᠭᠤᠯᠤᠨ ᠢᠷᠡᠭᠡᠳ ᠥᠨᠥᠬᠢ ᠬᠣᠶᠠᠷ ᠵᠠᠯᠠᠭᠤ ᠬᠥᠮᠦᠨ ᠲᠡᠢ ᠲᠠᠨᠢᠯᠴᠠᠭᠤᠯᠤᠨ ᠤᠬᠠᠭᠤᠯᠤᠭᠠᠳ ᠤᠯᠠᠮ ᠢ᠋ᠶ᠋ᠠᠷ ᠵᠠᠯᠠᠭᠤᠴᠤᠳ ᠤ᠋ᠨ ᠭᠡᠰᠢᠭᠦᠨ ᠳ᠋ᠦ᠍ ᠣᠷᠣᠭᠤᠯᠵᠠᠢ᠃
1931 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠰᠡᠬᠡᠭᠡᠷᠡᠯ᠂ ᠭᠠᠷᠮ᠎ᠠ ᠤᠳᠬᠠᠨᠰᠣ᠎ᠠ
