ᠰᠢᠪᠠᠭᠤᠨ ᠲᠠᠪᠠᠭШувуун таваг

ᠰᠢᠪᠠᠭᠤᠨ ᠲᠠᠪᠠᠭ
ᠦᠶᠡᠲᠦ ᠤᠷᠭᠤᠮᠠᠯ ᠤ᠋ᠨ ᠢᠵᠠᠭᠤᠷ
ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ 40—100cm ᠥᠨᠳᠥᠷ᠂ ᠦᠰᠦ ᠦᠭᠡᠢ᠂ ᠣᠵᠣᠭᠣᠷ ᠠ᠋ᠴᠠ ᠪᠠᠨ ᠲᠠᠰᠢᠭᠤ ᠤᠷᠭᠤᠵᠤ ᠬᠥᠷᠥᠰᠥᠨ ᠳ᠋ᠦ᠍ ᠬᠦᠷᠦᠯᠴᠡᠭᠰᠡᠨ ᠦᠶ᠎ᠡ ᠡᠴᠡ ᠨᠢ ᠬᠢᠯᠪᠠᠷᠬᠠᠨ ᠦᠨᠳᠦᠰᠦ ᠬᠠᠳᠬᠤᠬᠤ ᠪᠥᠭᠡᠳ ᠰᠠᠯᠠᠭ᠎ᠠ ᠭᠠᠷᠤᠨ᠎ᠠ᠃ ᠨᠠᠪᠴᠢᠨ ᠤ᠋ ᠲᠣᠭᠳᠣᠢ ᠨᠢ ᠡᠰᠢ ᠪᠡᠨ ᠰᠤᠯᠠᠬᠠᠨ ᠪᠠᠭᠯᠠᠵᠤ ᠪᠣᠢ᠂ ᠶᠡᠷᠦ ᠳ᠋ᠡᠭᠡᠨ ᠦᠶ᠎ᠡ ᠶ᠋ᠢᠨ ᠬᠣᠭᠣᠷᠣᠨᠳᠣ ᠵᠠᠢ ᠠ᠋ᠴᠠ ᠣᠬᠣᠷ᠂ ᠲᠠᠷᠠᠮᠠᠭ ᠵᠥᠭᠡᠯᠡᠨ ᠦᠰᠦ ᠲᠡᠢ᠂ ᠬᠠᠶᠠ ᠦᠰᠦ ᠦᠭᠡᠢ; ᠨᠠᠪᠴᠢᠨ ᠤ᠋ ᠬᠡᠯᠡ ᠨᠢ ᠲᠣᠷᠭᠠᠨ ᠬᠠᠯᠢᠰᠤᠯᠢᠭ᠂ ᠰᠢᠷᠠᠪᠲᠤᠷ ᠤᠯᠠᠪᠤᠷ᠂ 1—3mm ᠤᠷᠲᠤ; ᠨᠠᠪᠴᠢ ᠨᠢ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ 3—17cm ᠤᠷᠲᠤ᠂ 3—10mm ᠥᠷᠭᠡᠨ᠂ ᠬᠣᠶᠠᠷ ᠲᠠᠯ᠎ᠠ ᠳ᠋ᠤᠨᠢ ᠲᠠᠷᠠᠮᠠᠭ ᠦᠰᠦ ᠲᠡᠢ ᠪᠤᠶᠤ ᠦᠰᠦ ᠦᠭᠡᠢ᠂ ᠰᠢᠷᠦᠭᠦᠨ ᠬᠥᠪᠡᠭᠡ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ 3—10᠃ ᠡᠰᠢᠨ ᠦ᠌ ᠣᠷᠣᠢ ᠶ᠋ᠢᠨ ᠳᠡᠭᠡᠳᠦ ᠬᠡᠰᠡᠭ ᠲᠦ᠍ ᠴᠤᠪᠤᠷᠠᠨ ᠤᠷᠭᠤᠬᠤ ᠪᠤᠶᠤ ᠬᠤᠷᠤᠭᠤ ᠮᠡᠲᠦ ᠪᠠᠢᠷᠢᠯᠠᠨ᠎ᠠ ᠳᠣᠣᠷᠠᠲᠤ ᠬᠡᠰᠡᠭ ᠦ᠋ᠨ ᠬᠢᠨᠢ ᠪᠠᠷᠤᠭ ᠳᠤᠭᠤᠢᠷᠠ ᠤᠷᠭᠤᠳᠠᠭ᠃ 5—18cm ᠤᠷᠲᠤ᠃ ᠲᠦᠷᠦᠭᠦᠦ ᠶ᠋ᠢᠨ ᠲᠡᠩᠭᠡᠯᠢᠭ ᠨᠢ 1mm ᠣᠷᠴᠢᠮ ᠥᠷᠭᠡᠨ᠂ ᠭᠣᠣᠯ ᠰᠤᠳᠠᠯ ᠨᠢ ᠴᠠᠭᠠᠨ ᠪᠥᠭᠡᠳ ᠲᠡᠩᠭᠡᠯᠢᠭ ᠦ᠋ᠨ ᠢ᠋ᠶ᠋ᠡᠨ ᠭᠤᠷᠪᠠᠨ ᠤ᠋ ᠨᠢᠭᠡ ᠶ᠋ᠢᠨ ᠴᠢᠨᠡᠭᠡ ᠥᠷᠭᠡᠨ᠂ ᠰᠢᠷᠦᠭᠦᠨ ᠮᠥᠷᠲᠡᠭᠡᠨ ᠨᠠᠷᠢᠨ ᠬᠡᠷᠴᠢᠶᠡᠰᠦᠲᠦ ᠬᠥᠪᠡᠭᠡ ᠲᠡᠢ; ᠵᠢᠵᠢᠭ ᠲᠦᠷᠦᠭᠦᠦ ᠨᠢ 3 —3.5mm ᠤᠷᠲᠤ᠂ ᠶᠡᠷᠦ ᠳ᠋ᠡᠭᠡᠨ ᠬᠣᠣᠰ ᠬᠣᠣᠰ ᠢ᠋ᠶ᠋ᠠᠷ ᠤᠷᠭᠤᠬᠤ ᠪᠣᠯᠪᠠᠴᠤ ᠨᠢᠭᠡ ᠨᠢ ᠤᠷᠲᠤ ᠪᠠᠷᠢᠭᠤᠯ ᠲᠠᠢ᠂ ᠨᠥᠭᠦᠭᠡ ᠨᠢ ᠲᠤᠩ ᠣᠬᠣᠷ ᠪᠠᠷᠢᠭᠤᠯ ᠲᠠᠢ ᠪᠤᠶᠤ ᠪᠠᠷᠤᠭ ᠪᠠᠷᠢᠭᠤᠯ ᠦᠭᠡᠢ; ᠨᠢᠭᠡᠳᠦᠭᠡᠷ ᠬᠠᠯᠢᠰᠤ ᠨᠢ ᠮᠠᠰᠢ ᠵᠢᠵᠢᠭ᠂ ᠨᠢᠮᠭᠡᠨ ᠲᠣᠷᠭᠠᠨ ᠬᠠᠯᠢᠰᠤᠯᠢᠭ; ᠬᠣᠶᠠᠳᠤᠭᠠᠷ ᠬᠠᠯᠢᠰᠤ ᠨᠢ ᠵᠢᠵᠢᠭ ᠲᠦᠷᠦᠭᠦᠦ ᠶ᠋ᠢᠨ ᠬᠠᠭᠠᠰ ᠠ᠋ᠴᠠ ᠤᠷᠲᠤ; ᠨᠢᠭᠡᠳᠦᠭᠡᠷ ᠭᠠᠳᠠᠷ ᠬᠡᠪᠡᠭ ᠨᠢ ᠵᠢᠵᠢᠭ ᠲᠦᠷᠦᠭᠦᠦ ᠲᠡᠢ ᠪᠡᠨ ᠪᠠᠷᠤᠭ ᠢᠵᠢᠯ ᠤᠷᠲᠤ᠂ 5 —7 ᠰᠤᠳᠠᠯ ᠲᠠᠢ᠂ ᠬᠣᠶᠠᠷ ᠬᠠᠵᠠᠭᠤ ᠳ᠋ᠤᠨᠢ ᠶᠡᠷᠦ ᠳ᠋ᠡᠭᠡᠨ ᠦᠰᠦ ᠦᠭᠡᠢ ᠪᠤᠶᠤ ᠨᠠᠭᠠᠯᠳᠤᠨ ᠤᠷᠭᠤᠭᠰᠠᠨ ᠦᠰᠦ ᠲᠡᠢ᠃ ᠠᠮᠤ ᠵᠢᠮᠢᠰ ᠨᠢ ᠴᠠᠭᠠᠪᠲᠤᠷ᠃
ᠬᠡᠭᠡᠷ᠎ᠡ ᠲᠠᠯ᠎ᠠ᠂ ᠠᠲᠠᠷ ᠭᠠᠵᠠᠷ ᠵᠠᠮ ᠤ᠋ᠨ ᠬᠠᠵᠠᠭᠤ ᠪᠠᠷ ᠤᠷᠭᠤᠨ᠎ᠠ᠃
ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠨᠠᠮᠤᠷ ᠤ᠋ᠨ ᠰᠠᠢᠨ ᠪᠣᠷᠳᠣᠭ᠎ᠠ ᠡᠪᠡᠰᠦ᠃ ᠠᠮᠤ ᠵᠢᠮᠢᠰ ᠨᠢ ᠴᠠᠷᠳᠠᠭᠤᠯ ᠲᠠᠢ᠂ ᠴᠠᠢᠯᠭᠠᠪᠠᠯ ᠴᠠᠪ ᠴᠠᠭᠠᠨ᠂ ᠢᠳᠡᠵᠦ ᠪᠣᠯᠤᠨ᠎ᠠ᠃
ᠬᠢᠲᠠᠳ ᠨᠡᠷ᠎ᠡ᠄马唐
ᠠᠩᠭ᠌ᠯᠢ ᠨᠡᠷ᠎ᠡ᠄Digitaria sanguinalis (L .) Scop.
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠫᠤ· ᠴᠠᠭᠠᠨ ᠲᠤᠶᠠᠭ᠎ᠠ
