ᠨᠡᠭᠦᠳᠡᠯᠴᠢᠨ ᠠᠳᠤᠭᠤᠴᠢᠨ ᠤ ᠰᠣᠳᠣᠨ ᠶᠢᠷᠲᠢᠨᠴᠦ – ᠶᠣᠨᠳᠣᠨ ᠤ ᠪᠢᠯᠢᠭ᠌ - ᠪᠠᠭᠠᠲᠤᠷ Нүүдэлчин адуучны содон ертөнц –Ёндоны Билиг - Баатар
ᠨᠡᠭᠦᠳᠡᠯᠴᠢᠨ ᠠᠳᠤᠭᠤᠴᠢᠨ ᠤ ᠰᠣᠳᠣᠨ ᠶᠢᠷᠲᠢᠨᠴᠦ
– ᠮᠣᠩᠭᠣᠯ ᠦᠨᠳᠦᠰᠦᠲᠡᠨ ᠦ᠌
ᠴᠤᠤᠲᠤ ᠰᠤᠷᠭᠠᠨ ᠬᠥᠮᠦᠬᠦᠴᠢ
ᠮᠤᠨᠳᠠᠭ ᠠᠵᠤ ᠦᠢᠯᠡᠰᠴᠢ
ᠴᠢᠮᠡᠳ ᠦ᠋ᠨ ᠭᠡᠷᠡᠯᠲᠦ ᠳ᠋ᠦ᠍
ᠣᠷᠴᠢᠯᠠᠩ ᠣᠭᠲᠠᠷᠭᠤᠢ ᠰᠠᠨᠰᠠᠷ ᠲᠤ᠌ ᠯᠠ
ᠣᠳᠣᠨ ᠮᠡᠴᠢᠳ ᠮᠥᠩᠬᠡ ᠨᠡᠭᠦᠳᠡᠭ ᠠ᠋
ᠨᠣᠪ ᠨᠣᠭᠣᠭᠠᠨ ᠪᠥᠮᠪᠥᠷᠴᠡᠭ ᠳᠡᠯᠡᠬᠡᠢ ᠳ᠋ᠦ᠍
ᠨᠣᠮᠣᠬᠠᠷᠠᠰᠢ ᠦᠭᠡᠢ ᠮᠣᠩᠭᠣᠯᠴᠤᠳ ᠨᠡᠭᠦᠳᠡᠭ
ᠭᠡᠷᠡᠯ ᠲᠤᠶᠠᠭᠠᠨ ᠤ᠋ ᠠᠭᠠᠷ ᠳᠤᠮᠳᠠᠭᠤᠷ ᠯᠠ
ᠭᠡᠢᠴᠢᠨ ᠵᠣᠴᠢᠳ ᠭᠡᠨᠡᠲᠡᠢ ᠠᠷᠪᠢᠨ ᠨᠡᠭᠦᠨ
ᠬᠡᠦᠬᠡᠳ ᠪᠤᠷᠬᠠᠳ ᠤ᠋ᠨ ᠮᠡᠯᠮᠡᠢ ᠪᠠᠶᠠᠰᠬᠤᠨ
ᠬᠡᠮᠵᠢᠶᠡᠯᠡᠰᠢ ᠦᠭᠡᠢ ᠬᠠᠢᠷ᠎ᠠ ᠨᠡᠭᠦᠳᠡᠭ ᠳᠧ
ᠢᠰᠡᠭᠡᠢ ᠲᠤᠭᠤᠷᠭᠠᠲᠠᠳ ᠤ᠋ᠨ ᠰᠣᠶᠣᠯ ᠲᠡᠭᠦᠵᠦ
ᠡᠨᠡᠬᠡᠨ ᠭᠠᠩᠭᠠᠩ ᠬᠣᠷᠸ᠎ᠠ ᠮᠦᠰᠢᠶᠡᠵᠦ ᠨᠡᠭᠦ᠃
ᠶᠡᠬᠡ ᠣᠮᠣᠭᠯᠠᠩ ᠡᠷ᠎ᠡ ᠲᠤᠭ ᠯᠠ ᠪᠠᠢᠯ᠎ᠠ
ᠢᠷᠡᠭᠡᠳᠦᠢ ᠳᠡᠷᠭᠡᠳᠡ ᠨᠢ ᠮᠥᠯᠬᠥᠵᠦ ᠪᠠᠢᠯ᠎ᠠ
ᠬᠣᠯᠠ ᠶᠠᠪᠤᠭᠰᠠᠨ᠂ ᠠᠯᠤᠰ ᠶᠠᠪᠤᠬᠤ ᠬᠥᠮᠦᠰ
ᠬᠣᠩᠬᠣᠨ ᠳᠠᠭᠤᠨ ᠳ᠋ᠤ᠌ ᠡᠷᠲᠡ ᠪᠣᠰᠳᠠᠭ ᠁
2024᠂ 4᠂ 11᠃ ᠦᠳᠡ ᠳ᠋ᠦ᠍᠃
ᠬᠥᠬᠡᠬᠣᠲᠠ ᠶ᠋ᠢᠨ ᠨᠡᠭᠦᠳᠡᠯᠴᠢᠨ ᠬᠡᠮᠡᠬᠦ
ᠬᠠᠯᠠᠭᠤᠨ ᠲᠣᠭᠣᠭᠠᠨ ᠤ᠋ ᠥᠷᠥᠭᠡ ᠳ᠋ᠦ᠍
ᠭᠡᠨᠡᠳᠲᠡᠬᠡᠨ ᠪᠦᠲᠦᠭᠡᠪᠡᠢ᠃
