《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠭᠤᠷᠪᠠᠳᠤᠭᠠᠷ ᠪᠦᠯᠦᠭ> "Хөх судар" он нөхвөр дэвтэр - Инжинаш <Тавин гуравдугаар бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠭᠤᠷᠪᠠᠳᠤᠭᠠᠷ ᠪᠦᠯᠦᠭ> "Хөх судар" он нөхвөр дэвтэр - Инжинаш <Тавин гуравдугаар бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠭᠤᠷᠪᠠᠳᠤᠭᠠᠷ ᠪᠦᠯᠦᠭ> "Хөх судар" он нөхвөр дэвтэр - Инжинаш <Тавин гуравдугаар бүлэг>

ᠠᠩᠭᠢᠯᠠᠯ:ᠲᠡᠦᠬᠡ ᠰᠣᠶᠣᠯ
2024-06-13

238

《ᠬᠥᠬᠡ ᠰᠤᠳᠤᠷ》 ᠤᠨ ᠨᠥᠬᠥᠪᠦᠷᠢ ᠲᠡᠪᠲᠡᠷ - ᠲᠠᠪᠢᠨ ᠭᠤᠷᠪᠠᠳᠤᠭᠠᠷ ᠪᠦᠯᠦᠭ


       ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ᠂ ᠤᠯᠠᠭᠠᠨ ᠪᠠᠷᠰ ᠵᠢᠯ᠂ ᠳᠤᠮᠳᠠᠳᠤ ᠠᠯᠲᠠᠨ ᠤᠯᠤᠰ ᠤ᠋ᠨ ᠵᠠᠡᠭᠽᠦ᠋ᠡᠭ ᠬᠠᠭᠠᠨ ᠤ᠋ ᠳᠠᠢ ᠾᠧ ᠬᠡᠮᠡᠬᠦ ᠶ᠋ᠢᠨ ᠵᠢᠷᠭᠤᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠡᠭᠽᠦ᠋ᠡᠭ ᠬᠠᠭᠠᠨ ᠤ᠋ ᠺᠠᠢ ᠰᠢ ᠬᠡᠮᠡᠬᠦ ᠶ᠋ᠢᠨ ᠬᠣᠶᠠᠳᠤᠭᠠᠷ ᠣᠨ ᠪᠠᠢᠭᠰᠠᠭᠠᠷ᠃ 

                ᠲᠠᠪᠢᠨ ᠭᠤᠷᠪᠠᠳᠤᠭᠠᠷ ᠪᠦᠯᠦᠭ   

         ᠬᠢᠳᠠᠨ ᠤ᠋ ᠠ ᠯᠦᠨ ᠴᠢᠩᠭᠢᠰ ᠢ᠋ ᠬᠠᠷᠢᠶᠠᠮᠠᠭᠴᠠ ᠴᠢᠬᠡ ᠬᠣᠭᠣᠯᠠᠢ ᠳ᠋ᠤᠷ ᠵᠡᠪᠡ ᠬᠠᠳᠬᠤᠪᠠ  
         ᠨᠠᠢ᠍ᠮᠠᠨ ᠤ᠋ ᠪᠤᠯᠤ ᠸᠠᠩ ᠴᠢᠬᠤᠯᠳᠠᠨ ᠴᠠᠯᠴᠢᠭᠰᠠᠭᠠᠷ ᠴᠢᠩ ᠦᠨᠡᠨ ᠢ᠋ᠶ᠋ᠡᠨ ᠴᠥᠮ ᠲᠣᠭᠠᠴᠢᠪᠠ᠃ 
             ᠤᠭᠤᠯᠠᠢ ᠰᠢᠪᠠᠭᠤ ᠲᠣᠳᠣ ᠳ᠋ᠤᠷ ᠲᠤᠰᠠᠯᠠᠵᠤ ᠳᠤᠲᠠᠭᠠᠬᠤ ᠳᠣᠬᠢᠶ᠎ᠠ ᠦᠭᠭᠦᠭᠰᠡᠨ᠎ᠡ  
             ᠣᠯᠢᠭ ᠭᠤᠤᠯᠢᠭ ᠲᠤᠷ ᠦᠢᠯᠡ ᠲᠤᠰᠠᠯᠠᠭᠠᠳ ᠤᠷᠪᠠᠵᠤ ᠪᠡᠶ᠎ᠡ ᠬᠥᠨᠥᠭᠡᠭᠳᠡᠪᠡᠢ᠃ 
             ᠤᠴᠢᠷ ᠦᠭᠡᠢ ᠠ ᠯᠦᠨ ᠤᠴᠢᠷ ᠦᠭᠡᠢ ᠬᠠᠷᠢᠶᠠᠯ ᠳ᠋ᠠᠭᠠᠨ ᠠᠯᠠᠭᠳᠠᠭᠠᠳ 
             ᠤᠯᠤᠰ ᠤ᠋ᠨ ᠨᠠᠭᠠᠴᠤ ᠠᠵᠢᠨᠠᠢ ᠬᠦᠩ ᠤᠯᠤᠰ ᠤ᠋ᠨ ᠨᠠᠭᠠᠴᠤ ᠶ᠋ᠢᠨ ᠬᠠᠢᠷ᠎ᠠ ᠥᠷᠥᠰᠢᠶᠡᠯ ᠢᠯᠡᠷᠡᠪᠡᠢ᠃  

       ᠲᠡᠨᠳᠡᠴᠡ ᠬᠢᠳᠠᠨ ᠤᠯᠤᠰ ᠤ᠋ᠨ ᠴᠢ ᠸᠠᠩ — ᠠ ᠯᠦᠨ ᠮᠣᠩᠭᠣᠯ ᠤ᠋ᠨ ᠬᠠᠭᠠᠨ ᠲᠦᠰᠢᠮᠡᠳ ᠢ᠋ ᠠᠯᠢᠯᠠᠨ ᠮᠠᠭᠤ ᠦᠭᠡᠰ ᠢ᠋ᠶ᠋ᠡᠷ ᠠᠮᠠ ᠳᠦᠭᠦᠷᠡᠩ ᠬᠠᠷᠢᠶᠠᠨ ᠳᠣᠪᠲᠣᠯᠤᠭᠰᠠᠭᠠᠷ ᠭᠦᠨ ᠭᠣᠣ ᠶ᠋ᠢᠨ ᠠᠮᠠᠰᠠᠷ ᠢ᠋ ᠣᠷᠣᠮᠠᠭᠴᠠ᠂ ᠣᠮᠣᠭ ᠴᠢᠮᠡᠭ ᠨᠡᠩ ᠨᠡᠮᠡᠭᠳᠡᠵᠦ᠂ ᠰᠢᠭᠤᠳ ᠶᠡᠬᠡ ᠳᠠᠭᠤᠨ ᠢ᠋ᠶ᠋ᠠᠷ ᠬᠠᠰᠬᠢᠷᠤᠨ ᠶᠠᠪᠤᠬᠤᠶ᠎ᠠ᠂ ᠭᠡᠨᠡᠳᠲᠡ ᠮᠣᠩᠭᠣᠯ ᠤᠯᠤᠰ ᠤ᠋ᠨ ᠪᠦᠭᠭᠦᠭᠰᠡᠨ ᠴᠡᠷᠢᠭ ᠦ᠋ᠳ ᠳᠣᠬᠢᠶ᠎ᠠ ᠲᠡᠮᠳᠡᠭ ᠢ᠋ᠶ᠋ᠡᠨ ᠣᠯᠤᠯᠴᠠᠵᠤ᠂ ᠴᠤᠭᠭᠠᠷ ᠪᠣᠰᠴᠤ᠂ ᠮᠣᠳᠣᠨ ᠲᠣᠭᠰᠢᠭᠤᠷ ᠲᠠᠴᠢᠭᠢᠨᠠᠭᠤᠯᠤᠨ ᠵᠡᠪᠡ ᠴᠢᠯᠠᠭᠤᠨ ᠢ ᠨᠢᠳᠦ ᠨᠡᠭᠡᠭᠡᠯᠭᠡᠬᠦ ᠦᠭᠡᠢ ᠪᠡᠷ ᠢᠷᠡᠭᠦᠯᠦᠭᠰᠡᠨ᠎ᠡ᠂ ᠠ ᠯᠦᠨ ᠸᠠᠩ 《ᠠᠶ᠎ᠠ ᠬᠠᠷᠭᠢᠰ ᠠᠯᠠᠯᠭ᠎ᠠ ᠲᠠᠢ ᠮᠣᠩᠭᠣᠯ ᠤ᠋ᠨ ᠠᠷᠭ᠎ᠠ ᠳ᠋ᠤᠷ ᠪᠠᠰᠠ ᠤᠨᠠᠪᠠ ! 》ᠭᠡᠮᠡᠨ ᠮᠣᠷᠢ ᠪᠠᠨ ᠲᠠᠰᠤ ᠭᠤᠶᠠᠳᠠᠵᠤ ᠡᠭᠡᠭᠦᠯᠦᠨ ᠦᠵᠡᠬᠦᠯ᠎ᠡ᠂ ᠬᠣᠢᠲᠤ ᠠᠮᠠᠰᠠᠷ ᠤ᠋ᠨ ᠴᠡᠷᠢᠭ ᠦ᠋ᠳ ᠠᠭᠤᠯᠠ ᠮᠡᠲᠦ ᠣᠪᠣᠭᠠᠯᠠᠯᠳᠤᠨ ᠥᠩᠭᠡᠢᠯᠴᠡᠵᠦ ᠬᠠᠳᠠᠭᠠᠨᠠᠨ ᠢᠨᠢᠶᠡᠯᠴᠡᠬᠦ ᠳᠠᠭᠤᠨ ᠳ᠋ᠤᠷ ᠭᠣᠣ ᠵᠡᠪᠡ ᠠᠨᠢᠷᠯᠠᠮᠤᠢ᠃ ᠠ ᠯᠦᠨ ᠸᠠᠩ 《ᠠᠶ᠎ᠠ ! 》ᠭᠡᠮᠡᠨ ᠠᠷᠤ ᠪᠠᠷ ᠡᠷᠭᠢᠨ ᠳᠣᠪᠲᠣᠯᠵᠤ ᠬᠠᠭᠠᠰ ᠭᠠᠵᠠᠷ ᠭᠠᠷᠲᠠᠯ᠎ᠠ ᠳᠠᠭᠠᠭᠴᠢ ᠰᠢᠳᠠᠷ ᠨᠣᠶᠠᠳ ᠤ᠋ᠨ ᠬᠡᠳᠦ ᠬᠡᠳᠦᠨ ᠬᠥᠮᠦᠨ ᠵᠡᠪᠡ ᠳ᠋ᠦ᠍ᠷ ᠭᠠᠳᠠᠭᠳᠠᠵᠤ ᠤᠨᠠᠯᠳᠠᠮᠤᠢ᠃ ᠠ ᠯᠦᠨ ᠸᠠᠩ ᠭᠣᠣ ᠠ᠋ᠴᠠ ᠵᠠᠮ ᠡᠷᠢᠨ ᠭᠠᠷᠰᠤᠭᠠᠢ ᠭᠡᠮᠡᠨ ᠨᠢᠭᠡᠨ ᠵᠢᠰᠢᠭᠦᠦ ᠰᠤᠵᠠᠭ ᠤᠷᠤᠭᠤ ᠣᠷᠣᠵᠤ ᠳᠣᠪᠲᠣᠯᠲᠠᠯ᠎ᠠ ᠪᠡᠶ᠎ᠡ ᠳ᠋ᠦ᠍ᠷ ᠬᠡᠳᠦ ᠬᠡᠳᠦᠨ ᠵᠡᠪᠡ ᠲᠣᠰᠴᠤ᠂ ᠳᠠᠭᠤᠨ ᠠᠯᠲᠠᠨ ᠶᠣᠣᠯᠠᠵᠤ ᠪᠠᠷᠬᠢᠷᠠᠨ᠂ ᠪᠠᠰᠠ ᠬᠠᠷᠢᠶᠠᠯ ᠲᠠᠯᠪᠢᠨ 《ᠮᠤᠬᠤᠷ ᠣᠯᠣᠭᠠᠢ ᠶ᠋ᠢᠨ ᠮᠣᠩᠭᠣᠯ᠂ ᠮᠤᠷᠢᠨ᠎ᠠ ᠭᠢᠰᠬᠢᠭᠳᠡᠭᠴᠢ ᠮᠤᠬᠤᠯᠢ᠂ ᠪᠤᠷᠲᠠᠭ ᠪᠣᠭᠣᠯ ᠪᠣᠷᠵᠢᠭᠢᠳ᠂ ᠲᠡᠭᠷᠢ ᠠᠯᠠᠭᠴᠢ ᠲᠡᠮᠦᠵᠢᠨ !》ᠭᠡᠮᠡᠨ ᠠᠮᠠ ᠪᠠᠨ ᠠᠩᠭᠠᠢᠲᠠᠯ᠎ᠠ᠂ ᠴᠢᠪᠬᠢᠲᠡᠯ᠎ᠡ ᠬᠤᠳᠠᠷᠭ᠎ᠠ ᠪᠠᠭᠠᠲᠤᠷ ᠬᠠᠯᠵᠠ ᠤᠴᠠᠷᠠᠭᠠᠳ ᠣᠨᠢᠯᠠᠨ ᠬᠠᠷᠪᠤᠭᠰᠠᠨ ᠵᠡᠪᠡ ᠢᠨᠤ ᠠᠮᠠ ᠪᠠᠷ ᠠᠨᠤ ᠣᠷᠣᠵᠤ ᠰᠢᠯᠢ ᠶ᠋ᠢᠨ ᠬᠦᠵᠦᠭᠦᠦ ᠪᠡᠷ ᠨᠡᠪᠲᠡ ᠬᠠᠲᠠᠵᠤ ᠬᠥᠨᠳᠡᠯᠢᠰᠦᠨ᠂ ᠬᠠᠷᠢᠶᠠᠯ ᠤ᠋ᠨ ᠦᠭᠡᠰ ᠬᠠᠭᠠᠰ ᠵᠠᠭᠤᠷᠮ᠎ᠠ ᠪᠠᠷ ᠲᠠᠰᠤᠷᠠᠨ ᠵᠣᠭᠰᠣᠭᠠᠳ᠂ ᠠᠷᠤ ᠪᠠᠷ ᠭᠤᠯᠠᠰᠤᠨ ᠤᠨᠠᠲᠠᠯ᠎ᠠ᠂ ᠰᠠᠮᠠᠭᠤᠨ ᠵᠡᠪᠡ ᠪᠡᠶ᠎ᠡ ᠳᠦᠭᠦᠷᠡᠩ ᠵᠠᠷᠠᠭ᠎ᠠ ᠶ᠋ᠢᠨ ᠦᠰᠦ ᠮᠡᠲᠦ ᠬᠠᠲᠠᠵᠤ᠂ ᠰᠤᠪᠠᠭ ᠤᠷᠤᠭᠤ ᠦᠮᠭᠦᠷᠢᠨ ᠡᠴᠢᠲᠡᠯ᠎ᠡ᠂ ᠬᠣᠶᠠᠷ ᠢᠷᠮᠡᠭ ᠦ᠋ᠨ ᠵᠠᠩᠵᠤᠨ ᠴᠡᠷᠢᠭ ᠦ᠋ᠳ ᠬᠦᠩᠭᠢᠨᠡᠲᠡᠯ᠎ᠡ ᠢᠨᠢᠶᠡᠯᠴᠡᠨ᠂《ᠶᠡᠬᠡᠰ ᠬᠠᠳ ᠢ᠋ ᠳᠠᠯᠳᠠ ᠭᠡᠮᠡᠨ ᠶᠠᠭᠠᠬᠢᠨ ᠬᠠᠷᠢᠶᠠᠵᠤ ᠪᠣᠯᠤᠮᠤᠢ !》ᠭᠡᠮᠡᠨ ᠲᠣᠭᠰᠢᠭᠤᠷ ᠮᠣᠳᠣ ᠪᠤᠷᠴᠠᠭ ᠬᠠᠭᠤᠷᠬᠤ ᠮᠡᠲᠦ ᠫᠢᠴᠢᠭᠢᠨᠠᠨ ᠳᠠᠭᠤᠷᠢᠰᠴᠤ᠂ ᠰᠠᠮᠠᠭᠤᠨ ᠵᠡᠪᠡ ᠶ᠋ᠢᠨ ᠬᠠᠷᠪᠤᠬᠤ ᠠᠨᠤ ᠤᠯᠠᠮ ᠬᠦᠴᠦᠨ ᠨᠡᠮᠡᠵᠦ ᠬᠠᠷᠪᠣᠯᠭᠢᠯᠠᠬᠤᠢ ᠳ᠋ᠤᠷ ᠬᠥᠭᠡᠷᠦᠬᠦᠢ ᠠ ᠯᠦᠨ ᠸᠠᠩ ᠢ᠋ ᠳᠠᠭᠠᠵᠤ ᠣᠷᠣᠭᠰᠠᠨ ᠠᠷᠪᠠᠨ ᠨᠢᠭᠡᠨ ᠵᠠᠩᠵᠤᠨ ᠴᠡᠷᠢᠭ ᠨᠢᠭᠡᠨ ᠬᠥᠮᠦᠨ ᠴᠦ᠍ ᠦᠯᠡᠭᠰᠡᠨ ᠦᠭᠡᠢ᠂ ᠨᠡᠢᠲᠡ ᠪᠦᠭᠦᠳᠡᠭᠡᠷ ᠵᠡᠪᠡ ᠴᠢᠯᠠᠭᠤᠨ᠎ᠠ ᠦᠬᠦᠵᠦ ᠳᠠᠭᠤᠰᠪᠠ᠃ ᠨᠠᠭᠠᠴᠤ ᠨᠣᠶᠠᠨ ᠬᠦᠩ ᠠᠵᠢᠨᠠᠢ ᠮᠡᠷᠭᠡᠨ ᠢᠷᠡᠵᠦ ᠦᠵᠡᠭᠡᠳ᠂ ᠠᠷᠭᠠᠳᠠᠯ ᠥᠭᠡᠶ᠎ᠡ ᠬᠥᠮᠥᠰᠬᠡ ᠠᠲᠤᠷᠢᠨ ᠤᠷᠲᠤ ᠰᠡᠭᠦᠷᠡᠰᠦᠨ ᠠᠯᠳᠠᠵᠤ 《ᠲᠡᠭᠷᠢ ᠶ᠋ᠢᠨ ᠴᠠᠭ᠂ ᠲᠡᠭᠷᠢᠯᠢᠭ ᠦ᠋ᠨ ᠵᠠᠷᠯᠢᠭ᠂ ᠲᠡᠢᠨ ᠦ᠌ ᠶᠣᠰᠣ᠂ ᠴᠡᠷᠢᠭ ᠦ᠋ᠨ ᠴᠠᠭᠠᠵᠠ᠂ ᠬᠦᠩ ᠮᠢᠨᠦ ᠵᠣᠷᠢᠭ ᠪᠤᠰᠤ !》ᠭᠡᠮᠡᠨ ᠰᠠᠴᠤᠯ ᠰᠠᠴᠤᠨ ᠰᠦᠨᠡᠰᠦᠨ ᠢ᠋ ᠲᠣᠬᠣᠷᠤᠭᠤᠯᠤᠭᠠᠳ᠂ ᠶᠡᠬᠡ ᠵᠢᠨᠦᠩ ᠦ᠋ᠨ ᠨᠠᠷᠢᠨ ᠴᠢᠬᠤᠯᠠ ᠵᠠᠬᠢᠶ᠎ᠠ ᠰᠤᠷᠭᠠᠯ ᠪᠣᠢ ᠶ᠋ᠢᠨ ᠲᠤᠯᠠ ᠠᠶᠤᠮᠰᠢᠭ ᠦᠭᠡᠢ ᠦᠰᠦᠨ ᠦ᠌ ᠲᠡᠳᠦᠢ ᠴᠦ᠍ ᠦᠯᠦ ᠵᠥᠷᠢᠴᠡᠨ᠂ ᠡᠨᠡ ᠳᠠᠢᠰᠤᠨ ᠤ᠋ ᠡᠵᠡᠨ ᠰᠠᠢᠳ ᠨᠡᠢᠲᠡ ᠠᠷᠪᠠᠨ ᠬᠣᠶᠠᠷ ᠬᠥᠮᠦᠨ ᠴᠥᠮ ᠴᠢᠬᠤᠯᠠ ᠬᠥᠮᠦᠨ ᠲᠤᠯᠠ᠂ ᠮᠣᠷᠢ ᠮᠣᠷᠢᠨ ᠳ᠋ᠤᠷ ᠠᠨᠤ ᠡᠯᠲᠦᠯᠡᠨ ᠠᠴᠢᠭᠤᠯᠵᠤ ᠶᠡᠬᠡ ᠫᠤᠤ ᠭᠤᠷᠪᠠᠨᠲᠠ ᠳᠠᠭᠤᠷᠢᠰᠴᠤ᠂ ᠴᠠᠭ ᠮᠥᠴᠡ ᠰᠠᠭᠠᠲᠠᠯ ᠦᠭᠡᠢ ᠴᠡᠷᠢᠭ ᠬᠥᠳᠡᠯᠦᠨ ᠡᠭᠡᠵᠦ ᠮᠣᠷᠳᠠᠬᠤᠶ᠎ᠠ᠂ ᠵᠠᠮ ᠳ᠋ᠤᠷ ᠪᠠᠰᠠ ᠲᠣᠳᠣ ᠳ᠋ᠤᠷ ᠠᠯᠠᠭᠳᠠᠭᠰᠠᠨ ᠬᠢᠳᠠᠨ ᠤ᠋ ᠦᠢᠯᠡ ᠶ᠋ᠢᠨ ᠦᠬᠦᠳᠡᠯ ᠢ᠋ ᠣᠯᠵᠤ ᠠᠪᠤᠭᠠᠳ ᠨᠡᠷ᠎ᠡ ᠶ᠋ᠢᠨ ᠰᠢᠪᠠᠭ᠎ᠠ ᠪᠠ ᠦᠰᠦ ᠶ᠋ᠢ ᠣᠭᠲᠣᠯᠤᠨ ᠠᠪᠤᠭᠤᠯᠵᠤ᠂ ᠬᠡᠭᠦᠷ ᠢ᠋ ᠢᠨᠦ ᠭᠦᠨ ᠪᠤᠯᠠᠭᠤᠯᠵᠤ ᠬᠡᠩᠭᠡᠷᠭᠡ ᠪᠢᠰᠬᠢᠭᠦᠷ ᠢ ᠶᠡᠬᠡᠯ᠎ᠡ ᠡᠭᠦᠰᠬᠡᠯᠭᠡᠨ᠂ ᠳᠡᠢᠯᠦᠭᠰᠡᠨ ᠴᠡᠷᠢᠭ ᠦ᠋ᠨ ᠶᠣᠰᠣᠭᠠᠷ ᠶᠡᠬᠡ ᠴᠡᠷᠢᠭ ᠪᠠᠶᠠᠷ ᠪᠠᠶᠠᠰᠬᠤᠯᠠᠩ ᠲᠠᠢ ᠪᠠᠷ ᠡᠭᠡᠵᠦ ᠳᠣᠪᠲᠣᠯᠤᠨ ᠤᠯᠤᠰ ᠲᠤᠷ ᠡᠭᠡᠬᠦ ᠳ᠋ᠡᠭᠡᠨ ᠬᠢᠳᠠᠨ ᠤ᠋ ᠡᠵᠡᠨ ᠲᠦᠰᠢᠮᠡᠯ ᠠᠷᠪᠠᠨ ᠬᠣᠶᠠᠷ ᠴᠢᠬᠤᠯᠠ ᠬᠥᠮᠦᠨ ᠦ᠌ ᠬᠡᠭᠦᠷ ᠢ᠋ ᠰᠡᠭᠦᠳᠡᠷ ᠭᠠᠵᠠᠷ ᠬᠦᠢᠲᠡᠨ ᠡᠯᠡᠰᠦᠨ᠎ᠡ ᠪᠤᠯᠠᠵᠤ ᠬᠤᠴᠢᠭᠤᠯᠤᠭᠠᠳ᠂ ᠬᠠᠭᠠᠨ ᠤ᠋ ᠬᠣᠢᠨ᠎ᠠ ᠠ᠋ᠴᠠ ᠳᠣᠪᠲᠣᠯᠤᠨ ᠪᠠᠶᠠᠷ ᠮᠡᠳᠡᠭᠦᠯᠦᠷ᠎ᠡ ᠮᠣᠷᠳᠠᠯᠴᠠᠪᠠ᠃ ᠡᠨᠡ ᠨᠢᠭᠡᠨ ᠴᠢᠭ ᠢ᠋ ᠲᠦᠷ ᠬᠡᠯᠡᠬᠦ ᠦᠭᠡᠢ᠃ 
       ᠵᠢᠴᠢ ᠥᠭᠦᠯᠡᠬᠦ ᠢᠨᠤ᠂ ᠵᠣᠴᠢ ᠲᠠᠢᠽᠢ ᠴᠢᠯᠠᠭᠤᠨ ᠲᠠᠢᠪᠤᠤ ᠲᠠᠨ ᠤ᠋ ᠴᠡᠷᠢᠭ ᠮᠥᠨ ᠡᠳᠦᠷ ᠦ᠋ᠨ ᠳᠠᠷᠤᠭᠰᠠᠨ ᠠ᠋ᠴᠠ ᠡᠬᠢᠯᠡᠨ ᠠ ᠯᠦᠨ ᠢ᠋ ᠭᠤᠷᠪᠠᠨ ᠡᠳᠦᠷ ᠳᠥᠷᠪᠡᠨ ᠵᠦᠭ ᠮᠥᠰᠬᠢᠨ ᠡᠷᠢᠵᠦ᠂ ᠭᠠᠭᠴᠠ ᠠᠵᠢᠨᠠᠢ ᠮᠡᠷᠭᠡᠨ ᠦ᠌ ᠪᠤᠯᠠᠭᠤᠯᠤᠭᠰᠠᠨ ᠦᠢᠯᠡ ᠶ᠋ᠢᠨ ᠬᠡᠭᠦᠷ ᠢ᠋ ᠣᠯᠵᠤ ᠠᠪᠠᠴᠢᠭᠠᠳ᠂ ᠨᠡᠷ᠎ᠡ ᠶ᠋ᠢᠨ ᠰᠢᠪᠠᠭ᠎ᠠ ᠪᠠ ᠦᠰᠦ ᠴᠥᠮ ᠦᠭᠡᠢ ᠳ᠋ᠦ᠍ᠷ ᠲᠠᠨᠢᠬᠤ ᠴᠡᠷᠢᠭ ᠦ᠋ᠨ ᠳᠠᠷᠤᠭ᠎ᠠ ᠨᠠᠷ ᠢ᠋ᠶ᠋ᠠᠷ ᠲᠠᠨᠢᠭᠤᠯᠤᠨ᠂ ᠨᠡᠷ᠎ᠡ ᠶ᠋ᠢᠨ ᠤᠭ ᠳᠠᠩᠰᠠ ᠪᠠᠷ ᠪᠠᠢᠴᠠᠭᠠᠨ᠂ ᠦᠬᠦᠭᠰᠡᠨ ᠪᠠ ᠰᠢᠷᠬᠠᠳᠤᠭᠰᠠᠨ᠂ ᠠᠮᠢᠳᠤ ᠳᠠᠭᠠᠭᠰᠠᠨ ᠲᠠᠢ ᠪᠠᠨ ᠤᠭ ᠲᠣᠭ᠎ᠠ ᠪᠣᠯᠪᠠᠰᠤ ᠠ ᠯᠦᠨ ᠸᠠᠩ ᠲᠡᠷᠢᠭᠦᠯᠡᠨ ᠨᠡᠢᠲᠡ ᠪᠦᠭᠦᠳᠡᠭᠡᠷ ᠵᠠᠩᠵᠤᠨ ᠴᠡᠷᠢᠭ᠂ ᠬᠥᠲᠥᠴᠢ ᠪᠥᠯᠴᠢᠨ ᠲᠡᠢ ᠵᠢᠷᠭᠤᠭᠠᠨ ᠮᠢᠩᠭ᠎ᠠ ᠳᠥᠷᠪᠡᠨ ᠵᠠᠭᠤᠨ ᠭᠤᠴᠢᠨ ᠨᠢᠭᠡᠨ ᠨᠡᠷ᠎ᠡ ᠡᠴᠡ ᠴᠢᠪ ᠴᠢᠬᠡ ᠸᠠᠩ ᠲᠡᠷᠢᠭᠦᠯᠡᠨ ᠠᠷᠪᠠᠨ ᠬᠣᠶᠠᠷ ᠨᠡᠷ᠎ᠡ ᠳᠤᠲᠠᠵᠤ ᠡᠷᠢᠬᠦ ᠭᠠᠵᠠᠷ ᠦᠭᠡᠢ ᠪᠣᠯᠪᠠ᠃ ᠲᠠᠢᠽᠢ ᠵᠣᠴᠢ ᠴᠢᠨ ᠸᠠᠩ᠂ ᠬᠢᠳᠠᠨ ᠤ᠋ ᠦᠬᠦᠭᠰᠡᠳ ᠢ᠋ ᠭᠤᠷᠪᠠᠨ ᠡᠳᠦᠷ  ᠪᠤᠯᠠᠭᠤᠯᠤᠨ᠂ ᠠᠮᠢᠳᠤ ᠶ᠋ᠢ ᠡᠮᠨᠡᠭᠦᠯᠦᠨ᠂ ᠨᠠᠷᠢᠪᠴᠢᠯᠠᠨ ᠪᠠᠢᠴᠠᠭᠠᠵᠤ᠂ ᠠᠯᠤᠬ᠎ᠠ᠂ ᠰᠦᠬᠡ ᠠᠬ᠎ᠠ ᠳᠡᠭᠦᠦ ᠬᠣᠶᠠᠷ ᠵᠠᠩᠵᠤᠨ ᠤ᠋ ᠲᠡᠷᠢᠭᠦᠯᠡᠨ ᠲᠠᠩᠭᠠᠷᠢᠭᠯᠠᠵᠤ ᠬᠢᠳᠠᠨ ᠤ᠋ ᠬᠦᠷᠢᠶ᠎ᠡ ᠶ᠋ᠢ ᠳᠠᠷᠤᠭᠠᠳ᠂ ᠮᠣᠷᠢᠨ ᠠ᠋ᠴᠠ ᠪᠠᠭᠤᠯ ᠦᠭᠡᠢ᠂ ᠴᠠᠭᠠᠵᠠ ᠶ᠋ᠢ ᠬᠢᠴᠢᠶᠡᠨ ᠰᠠᠬᠢᠭᠰᠠᠨ ᠤ᠋ ᠭᠠᠪᠢᠶ᠎ᠠ ᠳ᠋ᠤᠷ ᠶᠡᠷᠦ ᠶ᠋ᠢᠨ ᠴᠡᠷᠢᠭ ᠡᠴᠡ ᠬᠣᠶᠠᠷ ᠵᠡᠷᠭᠡ ᠨᠡᠮᠡᠵᠦ ᠱᠠᠩᠨᠠᠨ ᠭᠤᠷᠪᠠᠨ ᠬᠤᠪᠢ ᠪᠠᠷ ᠢᠯᠭᠠᠨ ᠬᠥᠭᠡᠭᠡᠵᠦ᠂ ᠥᠪᠡᠷ ᠪᠠ ᠪᠤᠰᠤᠳ ᠢ᠋ ᠴᠥᠮ ᠢᠯᠭᠠᠨ ᠰᠠᠯᠭᠠᠨ ᠲᠣᠭᠲᠠᠭᠠᠨ ᠴᠢᠳᠠᠭᠰᠠᠨ ᠪᠣᠯᠪᠠᠴᠤ ᠪᠠᠷ ᠭᠠᠭᠴᠠ ᠬᠦ᠌ ᠡᠨᠡ ᠴᠢᠬᠤᠯᠠ ᠴᠡᠷᠢᠭ ᠦ᠋ᠨ ᠡᠵᠡᠨ ᠬᠢᠭᠡᠳ ᠵᠢᠷᠭᠤᠭᠠᠨ ᠲᠡᠷᠢᠭᠦᠯᠡᠭᠴᠢ ᠵᠠᠩᠵᠤᠨ ᠠ᠋ᠴᠠ ᠠᠮᠢᠳᠤ ᠬᠣᠶᠠᠷ᠂ ᠦᠬᠦᠭᠰᠡᠨ ᠨᠢᠭᠡ ᠭᠤᠷᠪᠠᠨ ᠤ᠋ ᠣᠷᠣ ᠪᠣᠢ᠂ ᠸᠠᠩ ᠠ ᠯᠦᠨ ᠬᠢᠭᠡᠳ ᠪᠠᠰᠠ ᠭᠤᠷᠪᠠᠨ ᠲᠡᠷᠢᠭᠦᠯᠡᠭᠴᠢ ᠵᠠᠩᠵᠤᠨ ᠲᠠᠢ᠂ ᠳᠥᠷᠪᠡᠨ ᠴᠢᠬᠤᠯᠠ ᠨᠡᠷ᠎ᠡ᠂ ᠳᠡᠳ᠋ ᠵᠡᠷᠭᠡᠲᠡᠨ ᠲᠡᠢ ᠨᠠᠢ᠍ᠮᠠᠨ ᠨᠡᠷ᠎ᠡ — ᠨᠡᠢᠲᠡ ᠠᠷᠪᠠᠨ ᠬᠣᠶᠠᠷ ᠴᠢᠬᠤᠯᠠ ᠨᠡᠷ᠎ᠡ ᠶ᠋ᠢ ᠠᠯᠳᠠᠭᠠᠳ᠂ ᠵᠢᠨᠦᠩ ᠯᠤᠭ᠎ᠠ ᠴᠡᠷᠢᠭ ᠦ᠋ᠨ ᠴᠠᠭᠠᠵᠠᠨ ᠤ᠋ ᠮᠡᠯᠵᠢᠶ᠎ᠡ ᠪᠢᠴᠢᠭ ᠪᠠᠢᠭᠤᠯᠤᠭᠰᠠᠨ ᠳ᠋ᠤᠷ ᠢ᠋ᠶ᠋ᠠᠨ ᠵᠣᠪᠠᠭᠣᠷᠢᠰᠢᠶᠠᠨ ᠴᠡᠷᠢᠭ ᠡᠭᠡᠬᠦ ᠵᠠᠬᠢᠶ᠎ᠠ ᠪᠠᠭᠤᠯᠭᠠᠬᠤ ᠦᠭᠡᠢ ᠳ᠋ᠦ᠍ᠷ ᠲᠠᠢᠪᠤᠤ ᠬᠦᠯᠦᠭ ᠨᠣᠶᠠᠨ ᠴᠢᠯᠠᠭᠤᠨ ᠳᠣᠣᠷᠠᠬᠠᠨ ᠮᠡᠳᠡᠭᠦᠯᠦᠷᠦᠨ :
      《ᠴᠡᠷᠢᠭ ᠦ᠋ᠨ ᠵᠢᠨᠦᠩ ᠦ᠋ᠨ ᠵᠠᠷᠯᠠᠬᠤ ᠴᠡᠷᠢᠭ ᠦ᠋ᠨ ᠴᠠᠭᠠᠵᠠ ᠬᠡᠮᠡᠭᠴᠢ ᠪᠠᠭ᠎ᠠ ᠡᠵᠡᠨ ᠲᠠᠢᠽᠢ ᠴᠢᠨᠦ ᠥᠪᠡᠷᠦᠨ ᠴᠠᠭᠠᠵᠠ ᠵᠠᠰᠠᠭ ᠪᠤᠶᠤ᠂ ᠮᠡᠯᠵᠢᠶᠡᠨ ᠦ᠌ ᠴᠠᠭᠠᠵᠠ ᠶᠠᠯ᠎ᠠ ᠨᠢᠭᠡᠬᠡᠨ ᠵᠦᠢᠯ ᠪᠥᠭᠡᠲᠡᠯ᠎ᠡ᠂ ᠴᠡᠷᠢᠭ ᠢ᠋ ᠴᠢᠷᠦᠭᠳᠡᠭᠦᠯᠪᠡᠰᠦ ᠬᠣᠶᠠᠷ ᠳᠠᠪᠬᠤᠷ ᠪᠣᠯᠬᠤ ᠦᠭᠡᠢ ᠤᠤ ? ᠲᠠᠢᠽᠢ ᠶ᠋ᠢᠨ ᠪᠡᠶ᠎ᠡ ᠨᠢᠭᠡᠨ ᠬᠤᠪᠢ ᠲᠣᠷᠭᠠᠭᠳᠠᠪᠠᠰᠤ ᠤᠯᠤᠰ ᠤ᠋ᠨ ᠴᠠᠭᠠᠵᠠ ᠠᠷᠪᠠᠨ ᠬᠤᠪᠢ ᠬᠦᠴᠦᠨ ᠨᠡᠮᠡᠬᠦ ᠶᠡᠬᠡ ᠪᠠᠶᠠᠷ ᠲᠠᠢ ᠬᠡᠷᠡᠭ ᠪᠣᠯᠠᠢ ᠃ ᠲᠠᠢᠽᠢ ᠰᠡᠵᠢᠭ ᠢ᠋ ᠲᠠᠰᠤᠯᠤᠨ ᠴᠡᠷᠢᠭ ᠡᠭᠡᠬᠦ ᠢᠨᠦ ᠴᠢᠬᠤᠯᠠ ᠶᠡᠬᠡ ᠦᠢᠯᠡ ᠪᠤᠶᠤ 》ᠬᠡᠮᠡᠭᠰᠡᠨ ᠳ᠋ᠦ᠍ᠷ ᠲᠠᠢᠽᠢ ᠵᠣᠴᠢ ᠰᠠᠨᠠᠭᠠᠨ ᠢ᠋ ᠲᠠᠰᠤᠯᠤᠨ ᠳᠠᠷᠤᠢ ᠳᠡᠢᠯᠦᠭᠰᠡᠨ ᠶᠣᠰᠣᠭᠠᠷ ᠲᠤᠭ ᠳᠠᠬᠢᠵᠤ ᠬᠤᠷᠢᠮ ᠬᠤᠷᠢᠮᠯᠠᠨ ᠬᠥᠭᠵᠢᠮ ᠡᠭᠦᠰᠬᠡᠯᠭᠡᠨ᠂ ᠪᠦᠬᠦᠯᠢ ᠶᠡᠬᠡ ᠲᠡᠢᠨ ᠦ᠌ ᠣᠯᠵᠠ ᠶ᠋ᠢ ᠲᠡᠷᠭᠡ ᠲᠡᠮᠡᠭᠡ ᠪᠡᠷ ᠲᠡᠭᠡᠭᠡᠵᠦ ᠠᠴᠢᠭᠰᠠᠭᠠᠷ ᠤᠯᠤᠰ ᠲᠤᠷ ᠢ᠋ᠶ᠋ᠠᠨ ᠡᠭᠡᠵᠦ᠂ ᠡᠯ᠎ᠡ ᠵᠦᠢᠯ ᠦ᠋ᠨ ᠠᠭᠤᠯᠠ ᠣᠪᠣᠭ᠎ᠠ ᠶ᠋ᠢᠨ ᠲᠡᠳᠦᠢ ᠶᠡᠬᠡ ᠦᠢᠯᠡ ᠶ᠋ᠢ ᠲᠥᠷᠥ ᠶ᠋ᠢᠨ ᠡᠵᠡᠨ ᠸᠠᠩ ᠰᠠᠢᠳ ᠲᠤᠷ ᠲᠣᠳᠣᠷᠬᠠᠢᠯᠠᠨ ᠲᠤᠰᠢᠶᠠᠭᠠᠳ᠂ ᠮᠡᠯᠵᠢᠶᠡᠨ ᠦ᠌ ᠴᠠᠭᠠᠵᠠᠨ ᠤ᠋ ᠶᠠᠯ᠎ᠠ ᠪᠠᠨ ᠲᠣᠳᠣᠷᠬᠠᠢᠯᠠᠨ ᠬᠦᠯᠢᠶᠡᠬᠦ ᠪᠣᠳᠣᠷᠣᠣᠯ ᠪᠢᠴᠢᠭ ᠠᠢᠯᠠᠳᠬᠠᠨ ᠡᠷᠭᠦᠭᠰᠡᠨ ᠪᠢᠴᠢᠭ ᠢ᠋ ᠲᠥᠷᠥ ᠶ᠋ᠢᠨ ᠣᠯᠠᠨ ᠨᠣᠶᠠᠳ ᠲᠦᠰᠢᠮᠡᠳ ᠬᠦᠯᠦᠭ ᠲᠠᠢᠪᠤᠤ ᠴᠢᠯᠠᠭᠤᠨ ᠳ᠋ᠤᠷ ᠪᠠᠷᠢᠭᠤᠯᠤᠨ ᠠᠢᠯᠠᠳᠬᠠᠷ᠎ᠠ ᠶᠠᠪᠤᠭᠤᠯᠵᠤ᠂ ᠲᠠᠢᠽᠢ ᠵᠣᠴᠢ ᠶ᠋ᠢ ᠴᠡᠷᠢᠭ ᠦ᠋ᠨ ᠬᠦᠷᠢᠶ᠎ᠡ ᠳ᠋ᠦ᠍ᠷ ᠵᠠᠷᠯᠢᠭ ᠪᠠᠭᠤᠬᠤ ᠶ᠋ᠢ ᠬᠦᠯᠢᠶᠡᠯᠭᠡᠪᠡ᠃ ᠡᠭᠦᠨ ᠢ᠋ ᠮᠥᠨ ᠲᠦᠷ ᠥᠭᠦᠯᠡᠬᠦ ᠦᠭᠡᠢ᠃  
       ᠣᠳᠣ ᠥᠭᠦᠯᠡᠬᠦ ᠢᠨᠦ᠂ ᠭᠠᠭᠴᠠ ᠪᠡᠶ᠎ᠡ ᠳ᠋ᠦ᠍ᠷ ᠰᠠᠮᠠᠭᠤᠨ ᠵᠡᠪᠡ ᠶ᠋ᠢᠨ ᠰᠢᠷᠬ᠎ᠠ ᠣᠯᠵᠤ᠂ ᠤᠮᠠᠷᠠᠰᠢ ᠪᠤᠷᠤᠭᠤᠯᠠᠭᠰᠠᠨ ᠳᠤᠲᠠᠭᠠᠬᠤ ᠠᠷᠭ᠎ᠠ ᠲᠣᠭᠠᠯᠠᠰᠢ ᠦᠭᠡᠢ ᠣᠯᠠᠨ ᠲᠣᠳᠣ ᠶᠤᠸᠠᠨᠱᠤᠸᠠᠢ᠂ ᠲᠤᠩ ᠰᠠᠢᠨ ᠬᠤᠷᠳᠤᠨ ᠭᠦᠶᠦᠳᠡᠯᠲᠦ ᠵᠡᠭᠡᠷᠳᠡ ᠬᠦᠯᠦᠭ ᠣᠯᠵᠤ ᠳᠣᠪᠲᠣᠯᠤᠭᠰᠠᠭᠠᠷ ᠨᠢᠭᠡᠨ ᠬᠥᠮᠦᠨ ᠳ᠋ᠦ᠍ᠷ ᠴᠦ᠍ ᠬᠠᠷᠭᠤᠭᠰᠠᠨ ᠦᠭᠡᠢ ᠭᠦᠨ ᠵᠤᠵᠠᠭᠠᠨ ᠡᠪᠡᠰᠦ ᠪᠡᠷ ᠳᠣᠪᠲᠣᠯᠤᠭᠰᠠᠭᠠᠷ ᠵᠢᠴᠢ ᠥᠷᠯᠥᠭᠡ ᠨᠠᠷᠠᠨ ᠮᠠᠨᠳᠤᠵᠤ᠂ ᠬᠥᠮᠦᠨ ᠮᠣᠷᠢᠨ ᠤ᠋ ᠬᠦᠴᠦᠨ ᠲᠡᠩᠬᠡᠭᠡ ᠬᠠᠮᠲᠤᠪᠠᠷ ᠴᠥᠬᠥᠷᠡᠭᠡᠳ ᠮᠣᠷᠢ ᠶᠡᠬᠡᠯ᠎ᠡ ᠤᠮᠳᠠᠭᠠᠰᠴᠤ ᠤᠰᠤᠨ ᠤ᠋ ᠦᠨᠦᠷ ᠢ᠋ ᠡᠷᠢᠨ᠂ ᠴᠢᠪ ᠴᠢᠬᠡ ᠵᠢᠭᠢᠷ ᠭᠣᠣᠯ ᠤ᠋ᠨ ᠤᠷᠤᠰᠬᠠᠯ ᠵᠦᠭ ᠢᠷᠡᠬᠦᠶ᠎ᠡ᠂ ᠨᠡᠯᠢᠶᠡᠳ ᠬᠣᠯᠠ ᠪᠠᠰᠠ ᠮᠣᠷᠢ ᠢᠨᠴᠠᠭᠠᠬᠤ ᠳᠠᠭᠤᠨ ᠰᠣᠨᠣᠰᠳᠠᠲᠠᠯ᠎ᠠ᠂ ᠡᠨᠡ ᠮᠣᠷᠢᠨ ᠤ᠋ ᠶᠠᠪᠤᠬᠤ ᠴᠤ᠌ ᠨᠡᠩ ᠲᠦᠷᠭᠡᠨ ᠪᠣᠯᠵᠤ ᠂ ᠮᠥᠨ ᠬᠠᠷᠢᠭᠤ ᠢᠨᠴᠠᠭᠠᠨ ᠡᠷᠢᠭᠰᠡᠭᠡᠷ ᠵᠢᠭᠢᠷ ᠭᠣᠣᠯ ᠳ᠋ᠤᠷ ᠬᠦᠷᠴᠦ᠂ ᠡᠪᠡᠰᠦᠨ᠎ᠡ ᠬᠡᠪᠲᠡᠭᠰᠡᠨ ᠴᠢᠦᠢ ᠴᠦ ᠯᠢᠦᠢ ᠶ᠋ᠢ ᠣᠯᠵᠤ ᠦᠵᠡᠭᠰᠡᠨ ᠠᠵᠤᠭᠤ᠃ ᠤᠯᠠᠭᠠᠨ ᠵᠡᠭᠡᠷᠳᠡ ᠡᠷᠳᠡᠨᠢ ᠬᠦᠯᠦᠭ ᠢ᠋ᠶ᠋ᠡᠷ ᠲᠣᠳᠤᠷᠬᠠᠶ᠎ᠠ ᠲᠠᠨᠢᠭᠠᠳ᠂ ᠮᠣᠷᠢᠨ ᠠ᠋ᠴᠠ ᠪᠠᠭᠤᠵᠤ ᠦᠵᠡᠪᠡᠰᠦ ᠴᠢᠦᠢ ᠴᠦ ᠯᠢᠦᠢ ᠬᠡᠳᠦ ᠬᠡᠳᠦᠨ ᠬᠦᠨᠳᠦ ᠰᠢᠷᠬ᠎ᠠ ᠣᠯᠵᠤ ᠤᠷᠤᠭᠤᠯ ᠬᠠᠷᠠᠯᠠᠨ ᠬᠢᠮᠤᠰᠤ ᠬᠥᠬᠡᠷᠡᠨ ᠮᠡᠳᠡᠭᠡ ᠰᠡᠭᠡᠭᠡ ᠦᠭᠡᠢ ᠪᠠᠢᠬᠤᠢ ᠳ᠋ᠤᠷ ᠯᠠᠪ ᠬᠣᠣᠷᠠᠲᠤ ᠵᠡᠪᠡ ᠳ᠋ᠦ᠍ᠷ ᠣᠨᠣᠭᠳᠠᠭᠰᠠᠨ ᠢ᠋ ᠮᠡᠳᠡᠵᠦ᠂ ᠬᠠᠷᠠᠬᠠᠨ ᠠᠷᠭ᠎ᠠ ᠵᠠᠪᠬᠠᠷᠠᠨ ᠯᠠᠪ ᠪᠠᠰᠠ ᠮᠤᠬᠤᠯᠢ ᠶ᠋ᠢᠨ ᠮᠤᠰᠬᠢᠭᠤ ᠠᠷᠭ᠎ᠠ ᠳ᠋ᠤᠷ ᠤᠨᠠᠪᠠ ᠭᠡᠮᠡᠨ ᠰᠢᠷᠬ᠎ᠠ ᠶ᠋ᠢ ᠦᠵᠡᠪᠡᠰᠦ᠂ ᠲᠠᠯᠤᠨ ᠳᠡᠭᠡᠷ᠎ᠡ ᠬᠣᠣᠷᠠᠲᠤ ᠵᠡᠪᠡ ᠶ᠋ᠢᠨ ᠰᠢᠷᠬ᠎ᠠ ᠲᠠᠢ ᠲᠤᠯᠠ ᠠᠷᠭ᠎ᠠ ᠦᠭᠡᠢ ᠪᠥᠬᠥᠶ᠎ᠡ ᠥᠨᠥ ᠤᠯᠠᠭᠠᠨ ᠵᠡᠭᠡᠷᠳᠡ ᠬᠦᠯᠦᠭ ᠢᠨᠤ ᠵᠣᠭᠰᠣᠭᠰᠠᠨ ᠭᠠᠵᠠᠷ ᠲᠠᠭᠠᠨ ᠡᠷᠭᠢᠴᠡᠨ ᠲᠤᠭᠤᠷᠠᠢ ᠪᠠᠷ ᠡᠪᠡᠰᠦᠨ ᠢ᠋ ᠴᠠᠪᠴᠢᠯᠠᠮᠤᠢ᠃ ᠲᠣᠳᠣ ᠶᠠᠭᠠᠷᠠᠨ ᠡᠴᠢᠵᠦ ᠦᠵᠡᠪᠡᠰᠦ ᠡᠨᠡ ᠭᠠᠵᠠᠷ ᠳᠣᠯᠣᠭᠠᠨ ᠢᠮᠠᠬᠤ ᠤᠷᠲᠤ ᠬᠣᠣᠷᠠᠲᠤ ᠮᠣᠭᠠᠢ ᠣᠯᠠᠨ ᠲᠤᠯᠠ ᠮᠣᠭᠠᠢ ᠡᠪᠡᠰᠦᠨ᠎ᠡ ᠬᠡᠪᠲᠡᠬᠦ ᠬᠥᠮᠦᠨ ᠤ ᠦᠨᠦᠷ ᠢ᠋ᠶ᠋ᠡᠷ ᠡᠷᠢᠨ ᠢᠷᠡᠭᠰᠡᠨ ᠳ᠋ᠦ᠍ᠷ ᠡᠷᠳᠡᠨᠢ ᠶ᠋ᠢᠨ ᠬᠦᠯᠦᠭ ᠡᠵᠡᠨ ᠢ᠋ᠶ᠋ᠡᠨ ᠬᠠᠮᠠᠭᠠᠯᠠᠨ ᠰᠠᠬᠢᠵᠤ᠂ ᠮᠣᠭᠠᠢ ᠶ᠋ᠢ ᠲᠤᠭᠤᠷᠠᠢ ᠪᠠᠷ ᠴᠡᠪᠴᠢᠯᠬᠢᠯᠡᠨ ᠵᠠᠢᠯᠠᠭᠤᠯᠵᠤ ᠡᠵᠡᠨ ᠦ᠌ ᠪᠡᠨ ᠣᠢᠷ᠎ᠠ ᠬᠦᠷᠭᠡᠬᠦ ᠦᠭᠡᠢ ᠪᠠᠢᠬᠤ ᠠᠵᠤᠭᠤ᠃ ᠲᠣᠭᠠᠯᠠᠰᠢ ᠦᠭᠡᠢ ᠣᠯᠠᠨ ᠠᠷᠭᠠᠲᠤ ᠲᠣᠳᠣ ᠶ᠋ᠢᠨ ᠰᠠᠨᠠᠭᠠᠨ ᠳ᠋ᠤᠷ ᠲᠣᠪᠬᠢᠲᠠᠯ᠎ᠠ ᠣᠷᠣᠵᠤ᠂ 《ᠬᠣᠣᠷ᠎ᠠ ᠶ᠋ᠢ ᠬᠣᠣᠷ᠎ᠠ ᠪᠠᠷ᠂ ᠬᠣᠵᠤᠤᠯ᠎ᠠ ᠶ᠋ᠢ ᠰᠦᠬᠡ ᠪᠡᠷ 》ᠭᠡᠳᠡᠭ ᠠᠷᠭ᠎ᠠ ᠶ᠋ᠢ ᠰᠠᠨᠠᠭᠠᠯᠵᠠᠨ᠂ ᠲᠡᠷᠡ ᠮᠣᠭᠠᠢ ᠶ᠋ᠢ ᠢᠯᠳᠦ ᠪᠡᠷ ᠴᠠᠪᠴᠢᠨ ᠲᠠᠰᠤᠯᠵᠤ᠂ ᠮᠢᠬᠠᠨ ᠵᠢᠶᠠᠩ ᠪᠣᠯᠲᠠᠯ᠎ᠠ ᠨᠢᠴᠠᠯᠤᠭᠠᠳ ᠦᠬᠦᠳᠬᠢᠭᠰᠡᠨ ᠴᠢᠦᠢ ᠴᠦ ᠯᠢᠦᠢ ᠶ᠋ᠢᠨ ᠬᠤᠪᠴᠠᠳ ᠢ ᠲᠠᠢᠯᠤᠨ ᠬᠥᠷᠪᠡᠭᠦᠯᠦᠨ ᠬᠡᠪᠲᠡᠭᠦᠯᠵᠦ᠂ ᠮᠣᠭᠠᠢ ᠶ᠋ᠢᠨ ᠵᠢᠶᠠᠩ ᠢ᠋ ᠵᠡᠪᠡ ᠶ᠋ᠢᠨ ᠰᠢᠷᠬ᠎ᠠ ᠳᠡᠭᠡᠷ᠎ᠡ ᠰᠢᠪᠠᠭᠠᠳ ᠨᠢᠭᠡᠨ ᠴᠠᠭ ᠴᠤ᠌ ᠪᠣᠯᠤᠭᠰᠠᠨ ᠦᠭᠡᠢ᠂ ᠴᠢᠦᠢ ᠴᠦ ᠯᠢᠦᠢ ᠮᠡᠳᠡᠷᠡᠯ ᠣᠷᠣᠵᠤ᠂ ᠶᠣᠣᠯᠠᠬᠤ ᠳᠠᠭᠤᠨ ᠭᠠᠷᠤᠭᠰᠠᠨ ᠳ᠋ᠤᠷ ᠲᠣᠳᠣ ᠡᠨᠡ ᠵᠠᠰᠠᠯ ᠲᠤᠰᠠ ᠪᠣᠯᠤᠭᠰᠠᠨ ᠢ᠋ ᠮᠡᠳᠡᠵᠦ᠂ ᠮᠥᠨ ᠡᠨᠡ ᠮᠣᠷᠢ ᠶ᠋ᠢ ᠬᠥᠲᠥᠯᠵᠦ᠂ ᠪᠤᠯᠠᠭ ᠤᠷᠤᠭᠤ ᠣᠴᠢᠨ᠂ ᠲᠡᠢᠮᠦ ᠮᠣᠭᠠᠢ ᠶ᠋ᠢ ᠡᠷᠢᠪᠡᠰᠦ᠂ ᠥᠨᠥ ᠬᠥᠮᠦᠨ ᠦ᠌ ᠮᠡᠳᠡᠷᠡᠯᠲᠦ᠂ ᠤᠯᠠᠭᠠᠨ ᠵᠡᠭᠡᠷᠳᠡ ᠬᠡᠳᠦᠬᠡᠨ ᠡᠷᠭᠢᠴᠡᠮᠡᠭᠴᠡ ᠪᠠᠰᠠ ᠨᠢᠭᠡᠨ ᠮᠣᠭᠠᠢ ᠶ᠋ᠢ ᠢᠯᠡᠷᠡᠭᠦᠯᠦᠭᠡᠳ ᠲᠣᠳᠣ ᠢᠯᠳᠦ ᠪᠡᠷ ᠲᠠᠰᠤᠯᠵᠤ ᠤᠷᠢᠳᠠ ᠶ᠋ᠢᠨ ᠶᠣᠰᠣᠭᠠᠷ ᠨᠢᠴᠤᠯᠠᠭᠠᠳ᠂ ᠬᠠᠭᠤᠴᠢᠨ ᠢ ᠬᠠᠯᠠᠵᠤ ᠰᠢᠨ᠎ᠡ ᠶ᠋ᠢ ᠰᠢᠪᠡᠵᠦ᠂ ᠬᠠᠭᠠᠰ ᠴᠠᠭ ᠴᠤ᠌ ᠪᠣᠯᠤᠭᠰᠠᠨ ᠦᠭᠡᠢ᠂ ᠴᠢᠦᠢ ᠴᠦ ᠯᠢᠦᠢ ᠲᠡᠩᠬᠡᠷᠡᠵᠦ ᠪᠣᠰᠴᠤ ᠰᠠᠭᠤᠭᠠᠳ ᠲᠣᠳᠣ ᠶ᠋ᠢᠨ ᠬᠣᠶᠠᠷ ᠴᠢᠬᠢ ᠦᠭᠡᠢ ᠪᠣᠯᠤᠭᠰᠠᠨ ᠢ ᠦᠵᠡᠵᠦ ᠬᠥᠯ ᠳᠡᠪᠰᠡᠨ ᠳᠠᠭᠤ ᠲᠠᠯᠪᠢᠨ ᠤᠬᠢᠯᠠᠵᠤ᠂ ᠰᠠᠶᠢ ᠤᠷᠢᠳ ᠬᠣᠵᠢᠳ ᠤ᠋ᠨ ᠬᠡᠷᠡᠭ ᠢ᠋ᠶ᠋ᠡᠨ ᠪᠦᠳᠦᠭᠦᠪᠴᠢᠯᠡᠨ ᠬᠡᠯᠡᠯᠴᠡᠵᠦ ᠪᠤᠯᠠᠭ ᠤ᠋ᠨ ᠤᠰᠤ ᠶ᠋ᠢ ᠤᠤᠭᠤᠵᠤ᠂ ᠦᠬᠡᠷ ᠦ᠋ᠨ ᠮᠢᠬᠠᠨ ᠲᠠᠯᠬ᠎ᠠ ᠪᠠᠨ ᠪᠠᠬᠠᠨ ᠵᠠᠵᠢᠯᠤᠮᠠᠭᠴᠠ ᠲᠡᠩᠬᠡ ᠣᠷᠣᠵᠤ ᠨᠢᠭᠡᠨ ᠰᠥᠨᠢ ᠠᠯᠭᠤᠷ ᠶᠠᠪᠤᠵᠤ ᠮᠣᠩᠭᠣᠯ ᠤ᠋ᠨ ᠴᠡᠷᠢᠭ ᠦ᠋ᠨ ᠵᠠᠮ ᠠ᠋ᠴᠠ ᠬᠣᠯᠠᠬᠠᠨ ᠪᠣᠯᠵᠤ ᠰᠠᠶᠢ ᠪᠠᠭᠤᠳᠠᠯ ᠨᠡᠭᠦᠳᠡᠯ ᠢ᠋ ᠡᠷᠢᠨ ᠬᠣᠭᠣᠯᠠ ᠬᠦᠨᠡᠰᠦ ᠭᠤᠶᠤᠨ ᠢᠳᠡᠭᠰᠡᠭᠡᠷ ᠨᠠᠢ᠍ᠮᠠᠨ ᠤ᠋ ᠵᠠᠬ᠎ᠠ ᠳ᠋ᠤᠷ ᠬᠦᠷᠴᠦ᠂ ᠬᠠᠭᠠᠨ ᠡᠵᠡᠨ ᠲᠡᠷᠢᠭᠦᠯᠡᠨ᠂ ᠬᠠᠮᠤᠭ ᠤᠯᠤᠰ ᠠᠷᠠᠳ ᠠᠯᠪᠠᠲᠤ᠂ ᠬᠣᠲᠠ ᠬᠣᠷᠣᠭ᠎ᠠ ᠨᠡᠢᠲᠡ ᠪᠡᠷ ᠴᠥᠮ ᠮᠣᠩᠭᠣᠯ ᠳ᠋ᠤᠷ ᠠᠪᠲᠠᠵᠤ᠂ ᠨᠢᠭᠡᠮᠦᠰᠦᠨ ᠬᠤᠷᠤᠭᠤ ᠴᠢᠬᠢᠬᠦ ᠭᠠᠵᠠᠷ ᠦᠭᠡᠢ ᠪᠣᠯᠤᠭᠰᠠᠨ ᠢ᠋ ᠮᠡᠳᠡᠭᠡᠳ ᠠᠷᠤ ᠪᠠᠷ ᠬᠠᠨᠳᠠᠷᠤᠨ ᠤᠨᠠᠵᠤ᠂ ᠠᠮᠢ ᠲᠡᠮᠡᠴᠡᠨ ᠬᠠᠭᠠᠰ ᠡᠳᠦᠷ ᠳᠠᠭᠤ ᠲᠠᠯᠪᠢᠨ ᠤᠬᠢᠯᠠᠪᠠ᠃ ᠲᠣᠳᠣ ᠪᠠᠢᠨ ᠪᠠᠢᠨ ᠲᠣᠬᠣᠷᠤᠭᠤᠯᠤᠨ ᠠᠷᠠᠢ ᠵᠣᠭᠰᠣᠭᠠᠨ ᠵᠥᠪᠯᠡᠵᠦ᠂ ᠲᠣᠳᠣ ᠶ᠋ᠢᠨ ᠤᠷᠤᠭ ᠰᠠᠳᠤᠨ ᠢᠯᠳᠠᠰᠢ ᠭᠣᠣᠯ ᠤ᠋ᠨ ᠬᠣᠢᠲᠤ ᠢᠯᠢ ᠬᠡᠮᠡᠬᠦ ᠭᠠᠵᠠᠷ ᠬᠠᠭᠤᠴᠢᠨ ᠲᠠᠭᠳᠠᠷᠰᠢᠭᠤᠯᠤᠭᠰᠠᠨ ᠬᠣᠲᠠ ᠬᠣᠷᠣᠭ᠎ᠠ ᠳ᠋ᠤᠷ ᠪᠣᠢ ᠲᠤᠯᠠ᠂ ᠳᠠᠷᠤᠢ ᠲᠡᠨᠳᠡ ᠲᠦᠷ ᠠᠮᠢ ᠰᠢᠷᠭᠤᠷ᠎ᠠ ᠲᠣᠳᠣ ᠯᠤᠭ᠎ᠠ ᠢᠯᠢ ᠳ᠋ᠦ᠍ᠷ ᠤᠷᠭᠤᠨ ᠡᠴᠢᠪᠡ᠃ ᠡᠨᠡ ᠦᠨᠡᠬᠡᠷ 《ᠲᠡᠷᠰᠯᠡᠭᠦᠦ ᠬᠡᠲᠦᠷᠡᠪᠡᠰᠦ ᠲᠡᠮᠡᠭᠡᠨ ᠳᠡᠭᠡᠷ᠎ᠡ ᠡᠴᠡ ᠨᠣᠬᠠᠢ ᠳ᠋ᠤᠷ ᠬᠠᠵᠠᠭᠳᠠᠭᠠᠳ᠂ ᠬᠠᠷᠭᠢᠰ ᠬᠡᠲᠦᠷᠡᠪᠡᠰᠦ ᠬᠠᠭᠠᠨ ᠰᠠᠭᠤᠪᠠᠴᠤ ᠬᠠᠰᠠᠭ ᠲᠡᠷᠭᠡᠨ ᠳ᠋ᠦ᠍ᠷ ᠲᠡᠭᠡᠭᠡᠭᠳᠡᠮᠦᠢ 》ᠬᠡᠮᠡᠭᠰᠡᠨᠴᠢᠯᠡᠨ ᠤᠷᠢᠳᠤ ᠡᠳᠦᠷ ᠦ᠋ᠨ ᠲᠠᠢᠶᠠᠩ ᠬᠠᠭᠠᠨ ᠢ ᠠᠯᠠᠭᠠᠳ᠂ ᠠᠯᠲᠠᠨᠱᠠᠭ᠎ᠠ ᠶ᠋ᠢ ᠬᠠᠷᠠᠳᠠᠭᠰᠠᠨ ᠪᠣᠯᠪᠠᠰᠤᠷᠠᠯ  ᠡᠨᠡ ᠡᠳᠦᠷ ᠪᠦᠬᠦᠯᠢ ᠪᠡᠷ ᠪᠡᠶ᠎ᠡ ᠳ᠋ᠦ᠍ᠷ ᠲᠣᠰᠴᠤ ᠢᠷᠡᠪᠡᠢ᠃ 
       ᠣᠳᠣ ᠴᠢᠦᠢ ᠴᠦ ᠯᠢᠦᠢ ᠶ᠋ᠢᠨ ᠴᠢᠳᠬᠥᠷ ᠠᠯᠪᠢᠨ ᠤ᠋ ᠠᠷᠭ᠎ᠠ ᠮᠡᠬᠡ ᠪᠡᠷ ᠤᠯᠠᠪᠤᠷᠲᠤ ᠵᠡᠪᠡ ᠳ᠋ᠦ᠍ᠷ ᠬᠠᠭᠠᠭᠳᠠᠭᠰᠠᠨ ᠠ᠋ᠴᠠ ᠴᠡᠷᠢᠭ ᠦ᠋ᠨ ᠡᠵᠡᠨ ᠠᠯᠲᠠᠨᠱᠠᠭ᠎ᠠ᠂ ᠰᠣᠯᠣᠩᠭᠤᠸ᠎ᠠ ᠲᠠᠨ ᠤ᠋ ᠨᠢᠭᠡᠨ ᠠᠩᠭᠢ ᠴᠡᠷᠢᠭ ᠡᠴᠡ ᠡᠬᠢᠯᠡᠨ ᠲᠣᠭᠠᠴᠢᠬᠤ ᠠᠨᠤ : 
       ᠲᠡᠨᠳᠡᠴᠡ ᠠᠯᠲᠠᠨᠱᠠᠭ᠎ᠠ ᠶ᠋ᠢᠨ ᠲᠡᠷᠢᠭᠦᠨ ᠪᠠᠭ ᠤ᠋ᠨ ᠴᠡᠷᠢᠭ ᠤᠯᠠᠪᠤᠷᠲᠤ ᠵᠡᠪᠡ ᠶ᠋ᠢ ᠨᠢᠭᠡᠨ ᠰᠥᠨᠢ ᠬᠠᠭᠠᠵᠤ᠂ ᠬᠥᠯ ᠰᠢᠯᠵᠢᠯ ᠦᠭᠡᠢ ᠵᠣᠭᠰᠣᠭᠠᠪᠠᠷ ᠬᠣᠨᠣᠵᠤ᠂ ᠤᠯᠠᠪᠤᠷᠲᠤ ᠵᠡᠪᠡ ᠶ᠋ᠢᠨ ᠢᠮᠠᠬᠤ ᠶ᠋ᠢᠨ ᠲᠡᠳᠦᠢ ᠡᠪᠡᠰᠦᠨ ᠢ᠋ ᠴᠦ᠍ ᠦᠯᠡᠳᠡᠭᠡᠯ ᠦᠭᠡᠢ ᠲᠦᠢᠮᠡᠷᠳᠡᠨ ᠬᠤᠢᠬᠠᠯᠠᠭᠠᠳ᠂ ᠨᠠᠷᠠᠨ ᠮᠠᠨᠳᠤᠭᠰᠠᠨ ᠬᠣᠢᠨ᠎ᠠ ᠰᠠᠶᠢ ᠴᠢᠦᠢ ᠴᠦ ᠯᠢᠦᠢ ᠶ᠋ᠢᠨ ᠨᠢᠭᠡᠬᠡᠨ ᠳᠤᠭᠤᠯᠠᠭ᠎ᠠ ᠶ᠋ᠢ ᠣᠯᠵᠤ᠂ ᠪᠤᠰᠤ ᠵᠦᠢᠯ ᠢ ᠦᠰᠦᠨ ᠦ᠌ ᠲᠡᠳᠦᠢ ᠶ᠋ᠢ ᠴᠦ᠍ ᠣᠯᠤᠭᠰᠠᠨ ᠦᠭᠡᠢ ᠳ᠋ᠦ᠍ᠷ ᠠᠯᠲᠠᠨᠱᠠᠭ᠎ᠠ ᠠᠷᠤ ᠪᠠᠷ ᠰᠠᠪᠠᠵᠤ ᠤᠨᠠᠨ ᠪᠡᠶ᠎ᠡ ᠪᠡᠷ ᠬᠦᠰᠡᠷ᠎ᠡ ᠶ᠋ᠢ ᠳᠡᠯᠡᠳᠦᠨ ᠤᠬᠢᠯᠠᠵᠤ ᠵᠣᠭᠰᠣᠬᠤ ᠦᠭᠡᠢ᠃ 《 ᠡᠴᠢᠭᠡ ᠶ᠋ᠢ ᠢᠨᠤ ᠠᠯᠠᠭᠰᠠᠨ ᠥᠰᠢᠶᠡᠲᠡᠨ ᠢ ᠨᠢᠳᠦᠨ ᠡᠮᠦᠨ᠎ᠡ ᠠᠯᠳᠠᠵᠤ ᠭᠠᠷᠭᠠᠭᠠᠳ ᠪᠠᠰᠠ ᠶᠠᠮᠪᠠᠷ ᠨᠢᠭᠤᠷ ᠢ᠋ᠶ᠋ᠠᠷ ᠬᠥᠮᠦᠨ ᠭᠡᠮᠡᠨ ᠶᠢᠷᠲᠢᠨᠴᠦ ᠳ᠋ᠦ᠍ᠷ ᠠᠮᠢᠳᠤᠷᠠᠮᠤᠢ ?》ᠭᠡᠮᠡᠨ ᠡᠷᠳᠡᠨᠢ ᠶ᠋ᠢᠨ ᠰᠡᠯᠡᠮ᠎ᠡ ᠪᠡᠨ ᠰᠤᠭᠤ ᠲᠡᠳᠡᠨ ᠬᠦᠵᠦᠭᠦᠦ ᠪᠡᠨ ᠣᠭᠲᠣᠯᠤᠨ ᠦᠬᠦᠰᠦᠭᠡᠢ ᠬᠡᠮᠡᠲᠡᠯ᠎ᠡ᠂ ᠰᠣᠯᠣᠩᠭᠤᠸ᠎ᠠ ᠰᠠᠢᠬᠠᠨ ᠭᠦᠦᠷ ᠨᠠᠷ ᠵᠠᠪᠳᠤᠨ ᠲᠣᠰᠴᠤ᠂ ᠰᠡᠯᠡᠮ᠎ᠡ ᠶ᠋ᠢ ᠪᠤᠯᠢᠶᠠᠨ᠂ ᠬᠠᠷᠠᠬᠠᠨ ᠵᠠᠭᠤᠷᠠᠯᠳᠤᠬᠤᠢ ᠳ᠋ᠤᠷ ᠬᠣᠢᠲᠤ ᠠᠩᠭᠢ ᠶ᠋ᠢᠨ ᠪᠡᠯᠭᠦᠳᠡᠢ ᠴᠢᠨ ᠸᠠᠩ ᠲᠠᠨ ᠤ᠋ ᠶᠡᠬᠡ ᠬᠦᠷᠢᠶᠡᠨ ᠦ᠌ ᠴᠡᠷᠢᠭ ᠦ᠋ᠳ ᠭᠦᠢᠴᠡᠨ ᠬᠦᠷᠴᠦ ᠢᠷᠡᠭᠡᠳ᠂ ᠸᠠᠩ ᠪᠡᠶ᠎ᠡ ᠪᠡᠷ ᠢᠷᠡᠵᠦ᠂ ᠳᠠᠬᠢᠨ ᠳᠠᠬᠢᠨ ᠲᠣᠬᠣᠷᠤᠭᠤᠯᠵᠤ᠂ ᠥᠪᠡᠷᠦᠨ ᠪᠠᠭᠤᠳᠠᠯ ᠳ᠋ᠤᠷ ᠠᠪᠠᠴᠢᠵᠤ ᠠᠯᠭᠤᠷ ᠬᠣᠷᠢᠭᠯᠠᠨ ᠂ ᠠᠯᠲᠠᠨᠱᠠᠭ᠎ᠠ ᠶ᠋ᠢᠨ ᠣᠯᠠᠨ ᠵᠠᠩᠵᠤᠨ ᠴᠡᠷᠢᠭ ᠦ᠋ᠳ ᠰᠠᠶᠢ ᠪᠠᠭᠤᠳᠠᠯ ᠪᠠᠭᠤᠵᠤ ᠪᠤᠳᠠᠭ᠎ᠠ ᠢᠳᠡᠪᠡ᠃ 
       ᠲᠡᠳᠦᠢ ᠲᠠᠩᠭᠤᠳ ᠤᠯᠤᠰ ᠤ᠋ᠨ ᠳᠥᠷᠪᠡᠨ ᠬᠦᠷᠢᠶ᠎ᠡ ᠴᠡᠷᠢᠭ ᠦᠵᠡᠭᠳᠡᠬᠦ ᠦᠭᠡᠢ ᠳ᠋ᠦ᠍ᠷ ᠤᠴᠢᠷ ᠢ᠋ ᠠᠰᠠᠭᠤᠪᠠᠰᠤ᠂ ᠪᠡᠯᠭᠦᠳᠡᠢ ᠴᠢᠨ ᠸᠠᠩ ᠥᠴᠢᠷᠦᠨ᠄
      《ᠬᠤᠯᠵᠢᠨᠴᠤᠳ ᠤ᠋ᠨ ᠴᠡᠷᠢᠭ ᠢ᠋ ᠬᠣᠯᠠᠬᠠᠨ ᠡᠰᠡ ᠪᠠᠢᠯᠭᠠᠪᠠᠰᠤ ᠦᠯᠦ ᠪᠣᠯᠤᠮᠤᠢ᠂ ᠬᠣᠯᠪᠣᠨ ᠨᠡᠢᠯᠡᠵᠦ ᠬᠠᠮᠲᠤ ᠶᠠᠪᠤᠪᠠᠰᠤ ᠬᠣᠢᠴᠢ ᠶ᠋ᠢᠨ ᠦᠶ᠎ᠡ ᠳ᠋ᠦ᠍ᠷ ᠰᠠᠢᠨ ᠦᠭᠡᠢ ᠪᠥᠭᠡᠳ ᠡᠳᠦᠭᠡ ᠳᠠᠭᠠᠭᠤᠯᠵᠤ ᠨᠠᠢ᠍ᠮᠠᠨ ᠳ᠋ᠤᠷ ᠡᠴᠢᠪᠡᠰᠦ᠂ ᠡᠭᠡᠨᠡᠭᠲᠡ ᠨᠠᠢ᠍ᠮᠠᠨ ᠤ᠋ ᠴᠢᠦᠢ ᠴᠦ ᠯᠢᠦᠢ ᠭᠤᠶᠤᠵᠤ ᠠᠴᠢᠷᠠᠭᠰᠠᠨ ᠴᠡᠷᠢᠭ ᠲᠤᠯᠠ᠂ ᠲᠡᠭᠦᠨᠦ ᠨᠤᠲᠤᠭ ᠣᠰᠤᠨ᠎ᠠ ᠬᠦᠷᠪᠡᠰᠦ ᠪᠤᠰᠤ ᠬᠤᠪᠢᠰᠤᠯ ᠳᠡᠭᠳᠡᠬᠦ ᠮᠠᠭᠠᠳ ᠦᠭᠡᠢ᠃ ᠪᠢ ᠲᠡᠳᠡᠨ ᠦ᠌ ᠮᠡᠬᠡᠯᠡᠭᠳᠡᠭᠰᠡᠨ ᠤᠴᠢᠷ ᠲᠠᠢ ᠪᠢᠴᠢᠭ ᠬᠢᠵᠦ᠂ ᠲᠠᠩᠭᠤᠳ ᠤᠯᠤᠰ ᠤ᠋ᠨ ᠶᠦᠸᠠᠢ ᠸᠠᠩ — ᠯᠢ ᠠᠨ ᠴᠢᠦᠸᠠᠨ ᠯᠤᠭ᠎ᠠ ᠵᠥᠪᠯᠡᠵᠦ ᠴᠡᠷᠢᠭ ᠢ᠋ ᠵᠠᠮ ᠰᠠᠯᠭᠠᠨ ᠶᠠᠪᠤᠭᠤᠯᠪᠠ᠃ ᠪᠣᠭᠳᠠ ᠡᠵᠡᠨ ᠦ᠌ ᠠᠮᠤᠭᠤᠯᠠᠩ ᠠᠢᠯᠠᠳᠬᠠᠭᠰᠠᠨ ᠲᠦᠰᠢᠮᠡᠯ ᠥᠨᠥᠬᠡᠨ ᠰᠠᠶᠢ ᠬᠦᠷᠴᠦ ᠢᠷᠡᠨ ᠪᠣᠭᠳᠠ ᠡᠵᠡᠨ ᠦ᠌ ᠵᠠᠷᠯᠢᠭ ᠢ᠋ ᠨᠡᠪᠲᠡᠷᠡᠭᠦᠯᠦᠭᠰᠡᠨ ᠢᠨᠦ᠄  
       < ᠪᠤᠭᠤᠷᠵᠢ᠂ ᠪᠤᠭᠤᠷᠤᠯ ᠬᠣᠶᠠᠷ ᠲᠠᠢᠪᠤᠤ ᠦᠷᠢᠯᠲᠦ ᠠᠭᠤᠯᠠᠨ ᠤ᠋ ᠶᠡᠬᠡ ᠴᠡᠷᠢᠭ ᠦ᠋ᠨ ᠬᠦᠷᠢᠶ᠎ᠡ ᠶ᠋ᠢ ᠭᠠᠯ ᠢ᠋ᠶ᠋ᠠᠷ ᠪᠠᠢᠯᠳᠤᠨ ᠡᠪᠳᠡᠵᠦ᠂ ᠪᠤᠯᠤ ᠸᠠᠩ ᠢ᠋ ᠠᠮᠢᠳᠤ ᠪᠠᠷᠢᠭᠠᠳ᠂ ᠦᠷᠦᠮᠴᠢ ᠶ᠋ᠢᠨ ᠪᠠᠭᠤᠳᠠᠯ ᠳ᠋ᠤᠷ ᠬᠦᠷᠭᠡᠲᠡᠯ᠎ᠡ᠂ ᠦᠷᠦᠮᠴᠢ ᠶ᠋ᠢᠨ ᠤᠨᠢᠭᠤᠯ ᠬᠣᠲᠠ ᠶ᠋ᠢ ᠰᠠᠬᠢᠭᠰᠠᠨ᠂ ᠡᠷᠢᠶᠡᠨ ᠰᠢᠯᠪᠢᠲᠦ ᠤᠯᠤᠰ ᠤ᠋ᠨ ᠡᠵᠡᠨ᠂ ᠵᠢᠨᠦᠩ ᠦ᠋ᠨ ᠴᠡᠷᠢᠭ ᠬᠦᠷᠦᠮᠡᠭᠴᠡ ᠤᠭᠲᠤᠨ ᠭᠠᠷᠴᠤ ᠮᠥᠷᠭᠥᠵᠦ ᠳᠠᠭᠠᠪᠠ ᠬᠡᠮᠡᠮᠦᠢ᠃ ᠵᠦᠭ ᠵᠦᠭ ᠡᠴᠡ ᠪᠣᠭᠳᠠ ᠡᠵᠡᠨ ᠦ᠌ ᠪᠠᠶᠠᠷ ᠲᠤᠷ ᠮᠥᠷᠭᠥᠷ᠎ᠡ ᠢᠷᠡᠯᠴᠡᠮᠦᠢ ᠬᠡᠮᠡᠮᠦ᠃ ᠣᠳᠣ ᠭᠠᠭᠴᠠ ᠮᠠᠨ ᠤ᠋ ᠭᠤᠷᠪᠠᠨ ᠬᠦᠷᠢᠶ᠎ᠡ ᠴᠡᠷᠢᠭ ᠬᠡᠳᠦᠢᠪᠡᠷ ᠴᠢᠦᠢ ᠴᠦ ᠯᠢᠦᠢ ᠶ᠋ᠢᠨ ᠬᠠᠷᠢᠶᠠᠲᠤ ᠬᠡᠳᠦᠨ ᠵᠠᠭᠤᠨ ᠴᠡᠷᠢᠭ ᠢ ᠪᠠᠷᠢᠵᠤ᠂ ᠬᠣᠳᠣᠩᠭᠤᠳ ᠤ᠋ᠨ ᠳᠥᠷᠪᠡᠨ ᠲᠦᠮᠡᠨ ᠴᠡᠷᠢᠭ ᠢ᠋ ᠲᠤᠯᠤᠨ ᠡᠭᠡᠭᠦᠯᠦᠭᠰᠡᠨ ᠴᠦ᠍᠂ ᠲᠡᠷᠢᠭᠦᠨ ᠳ᠋ᠦ᠍ᠷ ᠴᠢᠦᠢ ᠴᠦ ᠯᠢᠦᠢ ᠶ᠋ᠢ ᠣᠯᠵᠤ ᠡᠰᠡ ᠪᠠᠷᠢᠪᠠ᠃ ᠬᠣᠶᠠᠷ ᠲᠤᠷ ᠬᠣᠲᠣᠩᠭᠤᠳ ᠤ᠋ᠨ ᠶᠡᠬᠡ ᠬᠦᠷᠢᠶ᠎ᠡ ᠶ᠋ᠢ ᠬᠤᠷᠢᠶᠠᠮᠵᠢᠯᠠᠭᠰᠠᠨ ᠦᠭᠡᠢ᠂ ᠡᠨᠡ ᠬᠣᠶᠠᠷ ᠳᠠᠪᠬᠤᠷ ᠶᠠᠯ᠎ᠠ ᠪᠠᠨ ᠡᠷᠲᠡᠰᠡ ᠲᠣᠭᠠᠴᠢᠨ ᠬᠦᠯᠢᠶᠡᠵᠦ᠂ ᠡᠯᠴᠢ ᠠᠮᠠᠯᠠᠨ ᠵᠢᠨᠦᠩ ᠳ᠋ᠦ᠍ᠷ ᠳᠣᠪᠲᠣᠯᠭᠠᠨ ᠮᠡᠳᠡᠭᠦᠯᠵᠦ᠂ ᠵᠠᠬᠢᠶ᠎ᠠ ᠡᠷᠢᠪᠡᠰᠦ ᠵᠣᠬᠢᠮᠤᠢ ᠭᠡᠮᠡᠨ ᠵᠥᠪᠳᠡᠨ ᠲᠣᠭᠲᠠᠵᠤ᠂ ᠪᠡᠯᠭᠦᠳᠡᠢ ᠴᠢᠨ ᠸᠠᠩ ᠤ᠋ᠨ ᠡᠮᠦᠨ᠎ᠡ ᠡᠴᠡ ᠤᠭᠰᠠᠭ᠎ᠠ ᠶ᠋ᠢᠨ ᠪᠠᠭ᠎ᠠ ᠵᠠᠩᠵᠤᠨ ᠰᠢᠯᠢᠶᠡᠮᠪᠦ᠂ ᠬᠦᠩ ᠠᠯᠳᠠᠱᠠᠭ᠎ᠠ ᠶ᠋ᠢᠨ ᠡᠮᠦᠨ᠎ᠡ ᠡᠴᠡ ᠴᠢᠦᠢ ᠱᠢ ᠯᠢ᠂ ᠳᠡᠳ᠋ ᠵᠠᠩᠵᠤᠨ ᠲᠡᠮᠦᠷ ᠦ᠋ᠨ ᠡᠮᠦᠨ᠎ᠡ ᠡᠴᠡ ᠳᠡᠭᠦᠨᠦ ᠶᠡᠬᠡ ᠬᠥᠪᠡᠭᠦᠨ ᠠᠨᠠᠨᠲᠠ ᠭᠤᠷᠪᠠᠭᠤᠯᠠ ᠶ᠋ᠢ ᠭᠤᠴᠢᠨ ᠮᠣᠷᠢᠲᠠᠨ ᠢ᠋ ᠠᠪᠴᠤ᠂ ᠵᠢᠨᠦᠩ ᠳ᠋ᠦ᠍ ᠠᠮᠤᠭᠤᠯᠠᠩ ᠠᠢᠯᠠᠳᠬᠠᠨ᠂ ᠶᠠᠯ᠎ᠠ ᠬᠦᠯᠢᠶᠡᠷ᠎ᠡ ᠮᠣᠷᠳᠠᠭᠤᠯᠤᠭᠠᠳ᠂ ᠲᠡᠮᠦᠷ ᠦ᠋ᠨ ᠴᠡᠷᠢᠭ ᠢ ᠡᠮᠦᠨ᠎ᠡ ᠪᠣᠯᠭᠠᠨ ᠥᠪᠡᠷᠦᠨ ᠴᠡᠷᠢᠭ ᠢ ᠳᠤᠮᠳᠠ᠂ ᠠᠯᠲᠠᠱᠠᠭ᠎ᠠ ᠶ᠋ᠢᠨ ᠴᠡᠷᠢᠭ ᠢ ᠰᠡᠭᠦᠯ ᠳ᠋ᠦ᠍ᠷ ᠶᠠᠪᠤᠭᠤᠯᠤᠨ᠂ ᠬᠠᠭᠤᠴᠢᠨ ᠨᠠᠢ᠍ᠮᠠᠨ ᠤ᠋ ᠦᠷᠦᠮᠴᠢ ᠶ᠋ᠢᠨ ᠨᠤᠲᠤᠭ ᠤ᠋ᠨ ᠵᠦᠭ ᠰᠠᠭᠠᠷᠲᠠᠨ ᠣᠷᠣᠵᠤ ᠣᠢᠷᠠᠯᠴᠠᠭ᠎ᠠ ᠬᠦᠷᠲᠡᠯ᠎ᠡ᠂ ᠶᠡᠬᠡ ᠵᠢᠨᠦᠩ ᠦ᠋ᠨ ᠡᠮᠦᠨ᠎ᠡ ᠡᠴᠡ ᠬᠦᠯᠦᠭ ᠪᠤᠭᠤᠷᠵᠢ ᠶ᠋ᠢᠨ ᠭᠤᠷᠪᠠᠳᠤᠭᠠᠷ ᠳᠥᠷᠪᠡᠳᠦᠭᠡᠷ ᠬᠥᠪᠡᠭᠦᠨ ᠫᠤᠯᠤᠨᠳᠠᠢ ᠫᠠᠯᠠᠨᠳᠠᠢ ᠬᠣᠶᠠᠷ ᠢ᠋ᠶ᠋ᠠᠷ ᠣᠭᠲᠣᠭᠤᠯᠤᠨ᠂ ᠠᠷᠢᠬᠢ ᠪᠠᠷᠢᠭᠤᠯᠵᠤ ᠴᠢᠦᠢ ᠴᠦ ᠯᠢᠦᠢ ᠶ᠋ᠢ ᠣᠯᠵᠤ ᠡᠰᠡ ᠪᠠᠷᠢᠭᠰᠠᠨ ᠪᠣᠯᠪᠠᠴᠤ᠂ ᠳᠥᠷᠪᠡᠨ ᠲᠦᠮᠡᠨ ᠦ᠌ ᠪᠠᠷᠠᠭᠤᠨ ᠳᠣᠭᠰᠢᠨ ᠬᠣᠲᠣᠩᠭᠤᠳ ᠤ᠋ᠨ ᠴᠡᠷᠢᠭ ᠢ ᠳᠣᠷᠣᠢᠲᠠᠭᠤᠯᠤᠨ ᠲᠤᠢᠯ ᠳ᠋ᠤᠷ ᠠᠨᠤ ᠣᠷᠣᠭᠤᠯᠵᠤ ᠴᠢᠳᠠᠭᠠᠳ᠂ ᠥᠪᠡᠷᠦᠨ ᠭᠤᠷᠪᠠᠨ ᠬᠦᠷᠢᠶ᠎ᠡ ᠴᠡᠷᠢᠭ ᠦ᠋ᠨ ᠨᠢᠭᠡᠨ ᠵᠡᠪᠡ ᠶ᠋ᠢ ᠴᠦ᠍ ᠡᠰᠡ ᠬᠣᠷᠣᠭᠳᠠᠭᠤᠯᠤᠭᠰᠠᠨ ᠤ᠋ ᠳᠡᠭᠡᠷ᠎ᠡ᠂ ᠴᠢᠦᠢ ᠴᠦ ᠯᠢᠦᠢ ᠶ᠋ᠢᠨ ᠲᠤᠬᠠᠢ ᠠᠩᠭᠢ ᠶ᠋ᠢ ᠪᠦᠷᠢᠨ᠎ᠡ ᠬᠤᠷᠢᠶᠠᠮᠵᠢᠯᠠᠭᠰᠠᠨ ᠭᠠᠪᠢᠶ᠎ᠠ ᠠᠨᠤ᠂ ᠶᠠᠯ᠎ᠠ ᠠ᠋ᠴᠠ ᠳᠠᠪᠠᠵᠤᠬᠤᠢ᠂ ᠰᠢᠭᠤᠳ ᠣᠷᠣᠵᠤ ᠵᠢᠨᠦᠩ ᠳ᠋ᠦ᠍ᠷ ᠵᠣᠯᠭᠠᠮᠤ > ᠬᠡᠮᠡᠪᠡ  》ᠬᠡᠮᠡᠵᠦᠬᠦᠢ᠃ ᠭᠤᠷᠪᠠᠨ ᠬᠦᠷᠢᠶ᠎ᠡ ᠴᠡᠷᠢᠭ ᠦ᠋ᠨ ᠡᠵᠡᠳ ᠵᠢᠨᠦᠩ ᠦ᠋ᠨ ᠬᠡᠰᠢᠭ ᠲᠣᠷ ᠮᠥᠷᠭᠥᠨ᠂ ᠤᠭᠲᠤᠭᠤᠯ ᠤ᠋ᠨ ᠬᠤᠷᠢᠮ ᠳ᠋ᠤᠷ ᠬᠦᠷᠲᠡᠯᠴᠡᠨ ᠪᠠᠶᠠᠷ ᠪᠠᠶᠠᠰᠬᠤᠯᠠᠩᠲᠠᠢ ᠪᠠᠷ ᠦᠷᠦᠮᠴᠢ ᠶ᠋ᠢᠨ ᠬᠣᠲᠠ ᠬᠣᠷᠣᠭ᠎ᠠ ᠳ᠋ᠤᠷ ᠬᠦᠷᠴᠦ᠂ ᠴᠡᠷᠢᠭ ᠢ᠋ ᠭᠠᠳᠠᠨ᠎ᠠ ᠪᠠᠭᠤᠳᠠᠯᠯᠠᠭᠤᠯᠤᠭᠠᠳ᠂ ᠸᠠᠩ ᠰᠠᠢᠳ ᠤ᠋ᠳ ᠬᠤᠲᠠᠨ᠎ᠠ ᠣᠷᠣᠵᠤ᠂ ᠵᠢᠨᠦᠩ ᠳ᠋ᠦ᠍ᠷ ᠵᠣᠯᠭᠠᠭᠰᠠᠨ᠎ᠠ᠂ ᠶᠡᠬᠡ ᠵᠢᠨᠦᠩ ᠰᠠᠭᠤᠳᠠᠯ ᠠ᠋ᠴᠠ ᠪᠣᠰᠴᠤ᠂ ᠴᠢᠨ ᠸᠠᠩ ᠨᠠᠷ ᠢ ᠤᠭᠲᠤᠨ ᠵᠣᠯᠭᠠᠯᠳᠤᠵᠤ ᠰᠠᠭᠤᠳᠠᠯ ᠬᠠᠢᠷᠠᠯᠠᠨ ᠳᠡᠰ ᠳᠠᠷᠠᠭᠠᠯᠠᠨ ᠠᠷᠢᠬᠢ ᠥᠭᠴᠦ᠂ 《ᠬᠣᠲᠤᠩᠭᠤᠳ ᠤ᠋ᠨ ᠳᠣᠭᠰᠢᠳ ᠢ ᠬᠣᠢᠰᠢ ᠰᠠᠭᠤᠯᠭᠠᠨ ᠬᠣᠣᠷᠲᠤ ᠴᠢᠦᠢ ᠴᠦ ᠯᠢᠦᠢ ᠶ᠋ᠢ ᠬᠤᠯᠤᠭᠠᠨ᠎ᠠ ᠮᠡᠲᠦ ᠪᠤᠷᠤᠭᠤᠯᠠᠭᠤᠯᠤᠭᠰᠠᠨ ᠭᠤᠷᠪᠠᠨ ᠬᠦᠷᠢᠶᠡᠨ ᠤ ᠬᠣᠶᠠᠷ ᠲᠦᠮᠡ ᠳᠦᠷᠪᠡᠭᠡᠨ ᠮᠢᠩᠭ᠎ᠠ ᠪᠠᠷ ᠳᠥᠷᠪᠡᠨ ᠲᠦᠮᠡᠨ ᠦ᠌ ᠬᠣᠲᠣᠩ ᠴᠡᠷᠢᠭ ᠦ᠋ᠳ ᠢ ᠲᠤᠯᠵᠤ ᠳᠡᠢᠯᠦᠭᠰᠡᠨ ᠭᠠᠪᠢᠶ᠎ᠠ ᠪᠠᠭ᠎ᠠ ᠪᠤᠰᠤ᠂ ᠮᠢᠨᠦ ᠰᠠᠨᠠᠭᠰᠠᠨ ᠰᠠᠨᠠᠭᠠᠨ ᠳ᠋ᠤᠷ ᠬᠦᠷᠴᠦᠬᠦᠢ ! 》ᠬᠡᠮᠡᠭᠰᠡᠨ᠎ᠡ᠂ ᠪᠡᠯᠭᠦᠳᠡᠢ ᠴᠢᠨ ᠸᠠᠩ᠂ ᠠᠯᠲᠠᠨᠱᠠᠭ᠎ᠠ᠂ ᠰᠣᠯᠣᠩᠭᠤᠸ᠎ᠠ ᠶ᠋ᠢᠨ ᠡᠮᠦᠨ᠎ᠡ ᠡᠴᠡ ᠪᠠᠰᠠ ᠲᠡᠷᠢᠭᠦᠨ ᠳ᠋ᠦ᠍ᠷ ᠶᠠᠪᠤᠬᠤ ᠬᠣᠰᠢᠭᠤᠴᠢ ᠤᠷᠤᠭ ᠤ᠋ᠨ ᠠᠪᠠᠬᠠᠢ ᠰᠠᠢᠬᠠᠨ ᠭᠦᠦᠷ ᠦ᠋ᠨ ᠲᠡᠷᠢᠭᠦᠨ ᠭᠠᠪᠢᠶ᠎ᠠ ᠶ᠋ᠢ ᠲᠣᠳᠣᠷᠬᠠᠢᠯᠠᠨ ᠮᠡᠳᠡᠭᠦᠯᠵᠦ᠂ ᠣᠯᠠᠨ ᠭᠠᠪᠢᠶ᠎ᠠ ᠪᠠᠢᠭᠤᠯᠤᠭᠰᠠᠨ ᠬᠦᠯᠦᠭ ᠲᠠᠢᠪᠤᠤ ᠨᠠᠷ ᠪᠠ ᠭᠠᠳᠠᠭᠠᠳᠤ ᠠᠢᠮᠠᠭ ᠤᠯᠤᠰ ᠤ᠋ᠨ ᠡᠵᠡᠳ᠂ ᠥᠪᠡᠷᠦᠨ ᠤᠯᠤᠰ ᠤ᠋ᠨ ᠨᠣᠶᠠᠳ ᠲᠦᠰᠢᠮᠡᠳ ᠵᠠᠩᠵᠤᠨ ᠪᠠᠭᠠᠲᠤᠳ ᠲᠦᠰᠢᠮᠡᠳ ᠢ᠋ ᠬᠤᠷᠢᠮᠯᠠᠬᠤ ᠳᠠᠯᠠᠢ ᠬᠥᠬᠡ ᠠᠷᠰᠯᠠᠩᠲᠤ ᠴᠠᠴᠠᠷ ᠲᠤᠷ ᠵᠠᠯᠠᠵᠤ᠂ ᠵᠡᠭᠦᠨ ᠡᠲᠡᠭᠡᠳ ᠦ᠋ᠨ ᠬᠤᠷᠢᠮ ᠤ᠋ᠨ ᠲᠡᠷᠢᠭᠦᠨ᠎ᠡ ᠪᠤᠭᠤᠷᠵᠢ᠂ ᠪᠤᠭᠤᠷᠤᠯ ᠬᠣᠶᠠᠷ ᠶᠡᠬᠡ ᠲᠠᠢᠪᠤᠤ ᠨᠣᠶᠠᠨ᠂ ᠪᠠᠷᠠᠭᠤᠨ ᠡᠲᠡᠭᠡᠳ ᠦ᠋ᠨ ᠬᠤᠷᠢᠮ ᠤ᠋ᠨ ᠲᠡᠷᠢᠭᠦᠨ᠎ᠡ ᠪᠡᠯᠭᠦᠳᠡᠢ ᠴᠢᠨ ᠸᠠᠩ᠂ ᠠᠯᠲᠠᠨᠱᠠᠭ᠎ᠠ ᠬᠦᠩ᠂ ᠵᠢᠴᠢ ᠲᠡᠮᠦᠷ ᠲᠠᠨ ᠢ ᠳᠡᠰ ᠳᠠᠷᠠᠭᠠᠯᠠᠨ ᠬᠤᠷᠢᠮᠯᠠᠭᠤᠯᠵᠤ᠂ ᠬᠥᠷ ᠨᠠᠢᠷ ᠶᠡᠬᠡᠯ᠎ᠡ ᠬᠥᠭᠵᠢᠵᠦ᠂ ᠬᠥᠮᠦᠨ ᠮᠣᠷᠢᠨ ᠬᠠᠮᠲᠤᠪᠠᠷ ᠪᠡᠶᠡᠰᠦᠨ ᠪᠦᠬᠦᠢ ᠶ᠋ᠢ ᠨᠢᠭᠡᠨ ᠦᠭᠡ ᠪᠡᠷ ᠪᠦᠷᠢᠳᠬᠡᠨ ᠴᠢᠳᠠᠬᠤ ᠦᠭᠡᠢ᠃ ᠡᠨᠡ ᠬᠤᠷᠢᠮ ᠶᠠᠭᠤᠲᠠᠢ ᠡᠢᠮᠦ ᠪᠠᠶᠠᠰᠬᠤᠯᠠᠩ ᠲᠠᠢ ? ᠡᠨᠡ ᠬᠣᠲᠠ ᠬᠣᠷᠢᠶ᠎ᠠ ᠶ᠋ᠢ ᠬᠡᠷᠬᠢᠨ ᠡᠢᠮᠦ ᠬᠢᠯᠪᠠᠷ ᠳᠥᠭᠥᠮ ᠢ᠋ᠶ᠋ᠡᠷ ᠣᠯᠪᠠ ? ᠬᠡᠮᠡᠪᠡᠰᠦ᠂ ᠦᠭᠡ ᠶ᠋ᠢ ᠪᠠᠰᠠ ᠡᠭᠡᠭᠦᠯᠦᠨ ᠡᠨᠡ ᠴᠡᠷᠢᠭ ᠦ᠋ᠨ ᠠᠩᠬ᠎ᠠ ᠡᠬᠢᠨ ᠡᠴᠡ ᠲᠣᠪᠴᠢᠶᠠᠯᠠᠨ ᠲᠣᠭᠠᠴᠢᠬᠤ ᠶ᠋ᠢ ᠰᠣᠨᠣᠰ᠃ 
       ᠤᠭ ᠠ᠋ᠴᠠ ᠮᠣᠩᠭᠣᠯ ᠤᠯᠤᠰ ᠤ᠋ᠨ ᠴᠡᠷᠢᠭ ᠦ᠋ᠨ ᠶᠡᠬᠡ ᠵᠢᠨᠦᠩ ᠮᠤᠬᠤᠯᠠᠢ᠂ ᠡᠨᠡ ᠬᠦ᠌ ᠪᠠᠷᠠᠭᠤᠨ ᠬᠣᠢᠲᠤ ᠵᠣᠪᠬᠢᠰ ᠤ᠋ᠨ ᠵᠣᠪᠠᠯᠠᠩ ᠤ᠋ᠨ ᠦᠨᠳᠦᠰᠦ ᠡᠭᠦᠰᠬᠡᠯ ᠣᠨᠢᠰᠣᠨ ᠤ᠋ ᠰᠤᠳᠠᠯ᠂ ᠪᠤᠯᠤ ᠸᠠᠩ ᠡᠴᠢᠭᠡ ᠬᠥᠪᠡᠭᠦᠨ ᠪᠠ ᠴᠧᠩᠰᠢᠶᠠᠩ ᠲᠣᠳᠣ ᠶ᠋ᠢ ᠡᠳᠦᠷ ᠰᠥᠨᠢ ᠦᠭᠡᠢ ᠪᠣᠳᠣᠵᠤ ᠰᠡᠳᠬᠢᠨ᠂ ᠡᠷᠲᠡᠬᠡᠨ ᠠᠷᠢᠯᠭᠠᠨ ᠲᠦᠪᠰᠢᠳᠬᠡᠪᠡᠰᠦ ᠬᠣᠯᠠ ᠳ᠋ᠠᠬᠢ ᠲᠠᠩᠭᠤᠳ ᠤᠯᠤᠰ ᠬᠢᠭᠡᠳ ᠠᠯᠲᠠᠨ ᠤᠯᠤᠰ ᠯᠤᠭ᠎ᠠ ᠤᠷᠤᠯᠳᠤᠬᠤᠢ ᠳ᠋ᠤᠷ ᠬᠠᠪᠢᠷᠭ᠎ᠠ ᠰᠦᠪᠡᠷᠭᠡ ᠳ᠋ᠦ᠍ᠷ ᠬᠠᠷᠰᠢᠯ ᠦᠭᠡᠢ᠂ ᠬᠣᠢᠲᠤ ᠠᠷᠤ ᠳ᠋ᠤᠷ ᠬᠣᠣᠷᠯᠠᠯ ᠦᠭᠡᠢ ᠭᠡᠮᠡᠨ ᠰᠠᠨᠠᠭᠰᠠᠭᠠᠷ ᠤᠳᠠᠭᠰᠠᠨ ᠲᠤᠯᠠ ᠬᠣᠯᠠᠳᠠᠬᠢ ᠲᠤᠷᠰᠢᠭᠤᠯ ᠤ᠋ᠨ ᠲᠦᠰᠢᠮᠡᠯ ᠲᠡᠷᠰᠤᠨᠰᠤᠭᠴᠢ ᠠ᠋ᠴᠠ ᠨᠠᠢ᠍ᠮᠠᠨ ᠠᠨᠤ ᠮᠠᠨ ᠤ᠋ ᠴᠡᠷᠢᠭ ᠦ᠋ᠨ ᠮᠡᠳᠡᠭᠡ ᠶ᠋ᠢ ᠰᠣᠨᠣᠰᠤᠮᠠᠭᠴᠠ ᠲᠡᠭᠦᠨ ᠦ᠌ ᠪᠠᠷᠠᠭᠤᠨ ᠬᠣᠢᠲᠤ ᠪᠠᠢᠬᠤ ᠡᠷᠢᠶᠡᠨ ᠰᠢᠯᠪᠢᠲᠦ ᠬᠡᠮᠡᠬᠦ ᠶᠠᠳᠠᠭᠤ ᠤᠯᠤᠰ ᠠ᠋ᠴᠠ ᠴᠡᠷᠢᠭ ᠵᠢᠭᠡᠯᠡᠬᠦ ᠶ᠋ᠢ ᠤᠭᠲᠤᠵᠤ ᠮᠡᠳᠡᠭᠡᠳ᠂ ᠤᠷᠤᠭ ᠬᠦᠩ ᠲᠠᠪᠤᠨᠠᠩ ᠵᠠᠯᠮ᠎ᠠ ᠰᠠᠢᠳ ᠲᠤᠷ ᠴᠠᠭᠠᠨ ᠮᠥᠩᠭᠥ ᠳᠥᠴᠢᠨ ᠥᠯᠥᠭᠡᠢ᠂ ᠠᠯᠲᠠᠨ ᠤᠯᠤᠰ ᠤ᠋ᠨ ᠲᠠᠵᠢ ᠲᠣᠷᠭ᠎ᠠ ᠵᠠᠭᠤᠨ ᠪᠠᠭᠴᠠ ᠪᠠᠷᠢᠭᠤᠯᠤᠨ᠂ ᠡᠷᠢᠶᠡᠨ ᠰᠢᠯᠪᠢᠲᠦ ᠳ᠋ᠦ᠍ᠷ ᠰᠡᠮᠡᠬᠡᠷ ᠢᠯᠡᠭᠡᠵᠦ᠂ 《ᠬᠡᠷᠪᠡ ᠪᠤᠯᠤ ᠸᠠᠩ ᠴᠡᠷᠢᠭ ᠬᠥᠯᠥᠰᠥᠯᠡᠨ ᠬᠡᠷᠡᠭᠯᠡᠷ᠎ᠡ ᠢᠷᠡᠪᠡᠰᠦ ᠰᠢᠭᠤᠳ ᠬᠦᠯᠢᠶᠡᠵᠦ᠂ ᠡᠳ᠋ ᠠᠭᠤᠷᠠᠰᠤᠨ ᠢ᠋ ᠴᠥᠮ ᠠᠯᠳᠠᠭᠤᠯᠤᠨ ᠠᠪᠤᠭᠠᠳ ᠮᠠᠨ ᠤ᠋ ᠶᠡᠬᠡ ᠴᠡᠷᠢᠭ ᠬᠦᠷᠬᠦ ᠶ᠋ᠢ ᠬᠦᠯᠢᠶᠡᠵᠦ᠂ ᠳᠣᠲᠣᠷ᠎ᠠ ᠠ᠋ᠴᠠ ᠲᠣᠰᠴᠤ ᠲᠤᠰᠠᠯᠠ 》ᠬᠡᠮᠡᠭᠰᠡᠨ᠎ᠡ᠂ ᠲᠡᠳᠡᠨᠡᠷ ᠲᠡᠳᠡᠭᠡᠷ ᠶᠠᠭᠤᠮ᠎ᠠ ᠶ᠋ᠢ ᠦᠵᠡᠵᠦ ᠨᠢᠳᠦᠨ ᠨᠡᠬᠡᠭᠡᠳᠦᠢ ᠶᠠᠳᠠᠭᠤ ᠵᠦᠳᠡᠭᠦᠦ ᠠᠢᠮᠠᠭ ᠤ᠋ᠳ ᠡᠮᠦᠨᠡᠲᠦ ᠭᠠᠵᠠᠷ ᠤ᠋ᠨ ᠨᠢᠳᠦ ᠭᠢᠯᠠᠰᠤᠮ᠎ᠠ ᠴᠠᠭᠠᠨ ᠮᠥᠩᠭᠥ ᠳᠥᠴᠢᠨ ᠥᠯᠥᠭᠡᠢ ᠪᠠ ᠲᠣᠷᠭ᠎ᠠ ᠲᠥᠷᠭᠡ ᠶ᠋ᠢ ᠦᠵᠡᠮᠡᠭᠴᠡ ᠬᠣᠶᠠᠷ ᠦᠭᠡᠢ ᠦᠨᠡᠨ ᠰᠡᠳᠬᠢᠯ ᠢ᠋ᠶ᠋ᠡᠷ ᠰᠢᠳᠦᠨ ᠪᠢᠰᠢᠷᠡᠭᠡᠳ᠂ ᠴᠢᠰᠤ ᠰᠠᠴᠤᠨ ᠵᠡᠪᠡ ᠬᠤᠭᠤᠯᠵᠤ ᠲᠠᠩᠭᠠᠷᠢᠭᠯᠠ ᠥᠴᠢᠵᠦ᠂ ᠮᠥᠷᠭᠥᠨ ᠬᠦᠯᠢᠶᠡᠵᠦ ᠳᠠᠭᠠᠭᠠᠳ ᠲᠡᠳᠡ ᠨᠠᠷ ᠪᠠᠰᠠ ᠵᠡᠷᠭᠡᠯᠡᠳᠡᠭᠡ ᠠᠢᠮᠠᠭ ᠤᠯᠤᠰ ᠤ᠋ᠳ ᠤ᠋ᠨ ᠢᠳᠡᠪᠢᠯᠢᠭ᠂ ᠲᠠᠩᠨᠣ᠂ ᠤᠷᠢᠶᠠᠩᠬᠠᠢ᠂ ᠵᠡᠷᠯᠢᠭ ᠦᠬᠡᠷ ᠵᠡᠷᠭᠡ ᠯᠣᠭᠡ ᠲᠠᠩᠭᠠᠷᠢᠭ ᠨᠡᠢᠯᠡᠵᠦ ᠬᠦᠯᠢᠶᠡᠵᠦ ᠪᠠᠢᠲᠠᠯ᠎ᠠ᠂ ᠪᠤᠯᠤ ᠸᠠᠩ ᠦᠨᠡᠬᠡᠷ ᠡᠳ᠋ ᠮᠥᠩᠭᠥ ᠪᠡᠷ ᠴᠡᠷᠢᠭ ᠡᠯᠰᠡᠬᠦᠢ ᠳ᠋ᠦ᠍ᠷ ᠡᠷᠢᠶᠡᠨ ᠰᠢᠯᠪᠢᠲᠦ ᠨᠠᠷ ᠡᠳ᠋ ᠢ᠋ ᠢᠨᠣ ᠳᠤᠷᠠᠲᠠᠶ᠎ᠠ ᠬᠦᠯᠢᠶᠡᠨ ᠠᠪᠴᠤ᠂ ᠡᠶ᠎ᠡ ᠨᠢᠭᠡᠳᠴᠦ᠂ ᠬᠣᠲᠠ ᠬᠣᠷᠣᠭ᠎ᠠ ᠶ᠋ᠢ ᠰᠠᠬᠢᠵᠤ ᠪᠠᠢᠭᠰᠠᠨ ᠲᠤᠯᠠ᠂ ᠮᠣᠩᠭᠣᠯ ᠤᠯᠤᠰ ᠤ᠋ᠨ ᠶᠡᠬᠡ ᠴᠡᠷᠢᠭ ᠦ᠋ᠨ ᠡᠵᠡᠨ ᠵᠢᠨᠦᠩ ᠮᠤᠬᠤᠯᠢ ᠶ᠋ᠢᠨ ᠲᠤᠭ ᠢ᠋ ᠦᠵᠡᠮᠡᠭᠴᠡ᠂ ᠡᠷᠢᠶᠡᠨ ᠰᠢᠯᠪᠢᠲᠦ ᠶ᠋ᠢᠨ ᠠᠢᠮᠠᠭ ᠤ᠋ᠨ ᠡᠵᠡᠨ ᠡᠭᠡᠮᠡᠭᠲᠦ ᠬᠢᠭᠡᠳ ᠢᠳᠡᠪᠢᠯᠢᠭ᠂ ᠲᠠᠩᠨᠣ ᠶ᠋ᠢᠨ ᠠᠢᠮᠠᠭ ᠤ᠋ᠨ ᠡᠵᠡᠨ ᠮᠠᠩᠨᠠᠢ ᠡᠷᠳᠡᠨᠢ ① ᠡᠨᠡ ᠬᠣᠶᠠᠷ ᠡᠵᠡᠳ ᠢᠨᠦ ᠲᠡᠷᠢᠭᠦᠯᠡᠵᠦ᠂ ᠬᠣᠲᠠ ᠬᠣᠷᠣᠭ᠎ᠠ ᠶ᠋ᠢᠨ ᠪᠣᠭᠣᠮᠲᠠ ᠬᠠᠭᠠᠯᠭ᠎ᠠ ᠶ᠋ᠢ ᠳᠣᠲᠣᠷ᠎ᠠ ᠠ᠋ᠴᠠ ᠨᠡᠭᠡᠭᠡᠵᠦ ᠤᠭᠲᠤᠨ ᠭᠠᠷᠤᠭᠰᠠᠨ ᠢ᠋ᠶ᠋ᠠᠷ ᠨᠢᠭᠡᠨ ᠵᠡᠪᠡ ᠴᠦ᠍ ᠬᠠᠷᠪᠤᠭᠰᠠᠨ ᠦᠭᠡᠢ ᠪᠡᠷ ᠬᠠᠭᠤᠴᠢᠨ ᠨᠠᠢ᠍ᠮᠠᠨ ᠤ᠋ ᠤᠭ ᠦᠨᠳᠦᠰᠦ ᠨᠤᠲᠤᠭ ᠤᠰᠤ ᠶ᠋ᠢ ᠪᠦᠷᠢᠨ᠎ᠡ ᠣᠯᠤᠭᠰᠠᠨ ᠠᠵᠤᠭᠤ᠃ ᠵᠢᠨᠦᠩ ᠮᠤᠬᠤᠯᠢ ᠶ᠋ᠢᠨ ᠨᠠᠢ᠍ᠮᠠᠨ ᠢ᠋ ᠪᠠᠷᠠᠲᠠᠯ᠎ᠠ ᠬᠤᠷᠢᠶᠠᠭᠰᠠᠨ ᠠᠷᠭ᠎ᠠ ᠶ᠋ᠢ ᠬᠠᠭᠤᠴᠢᠨ 《ᠬᠥᠬᠡ ᠰᠤᠳᠤᠷ 》 ᠤ᠋ᠨ ᠲᠣᠪᠴᠢᠶ᠎ᠠ ᠳ᠋ᠤᠷ《ᠵᠢᠨᠦᠩ ᠦ᠋ᠨ ᠪᠡᠶ᠎ᠡ ᠬᠥᠳᠡᠯᠭᠦᠢ ᠶ᠋ᠢᠨ ᠤᠷᠢᠳ ᠂ ᠵᠢᠪᠬᠤᠯᠠᠩ ᠠᠨᠤ ᠵᠡᠷᠯᠢᠭ ᠠᠢᠮᠠᠭ ᠤ᠋ᠳ ᠲᠤᠷ ᠳᠠᠭᠤᠷᠢᠰᠪᠠ 》ᠬᠡᠮᠡᠵᠦᠬᠦᠢ᠃ 
       ᠲᠡᠭᠦᠨᠴᠡ ᠶᠡᠬᠡ ᠭᠠᠪᠢᠶᠠᠲᠤ ᠶᠡᠬᠡᠰ ᠨᠣᠶᠠᠳ ᠤ᠋ᠨ ᠬᠤᠷᠢᠮ ᠲᠣᠢ ᠲᠠᠷᠬᠠᠬᠤᠢ ᠳ᠋ᠤᠷ ᠵᠢᠨᠦᠩ ᠮᠤᠬᠤᠯᠢ᠂ ᠨᠠᠢ᠍ᠮᠠᠨ ᠤ᠋ ᠪᠤᠯᠤ ᠢᠦᠢ ᠬᠠᠰ ᠬᠠᠭᠠᠨ ᠢ᠋ ᠪᠡᠯᠭᠦᠳᠡᠢ ᠴᠢᠨ ᠸᠠᠩ ᠳ᠋ᠤᠷ ᠲᠤᠰᠢᠶᠠᠨ ᠥᠭᠴᠦ ᠥᠭᠦᠯᠡᠷᠦᠨ᠄ 
      《ᠡᠷᠲᠡᠨ ᠦ᠌ ᠥᠯᠥᠭ ᠦᠭᠡᠰ ᠲᠣᠷ < ᠶᠡᠬᠡ ᠠᠩ ᠢ᠋ ᠠᠯᠠᠪᠠ ᠭᠡᠮᠡᠨ ᠲᠣᠯᠣᠭᠠᠢ ᠶ᠋ᠢ ᠪᠢᠲᠡᠭᠡᠢ ᠠᠯᠠᠭᠤᠯᠤᠭᠲᠤᠨ᠃ ᠶᠡᠬᠡᠰ ᠨᠣᠶᠠᠳ ᠢ᠋ ᠲᠠᠢᠯᠪᠠ ᠭᠡᠮᠡᠨ ᠳᠣᠷᠣᠮᠵᠢᠯᠠᠨ ᠪᠢᠲᠡᠭᠡᠢ ᠬᠠᠷᠢᠶᠠᠭᠲᠤᠨ > ᠬᠡᠮᠡᠵᠦᠬᠦᠢ᠃ ᠡᠨᠡ ᠪᠤᠯᠤ ᠢᠦᠢ ᠬᠠᠰ ᠬᠠᠭᠠᠨ ᠡᠨᠡ ᠡᠳᠦᠷ ᠥᠪᠡᠷᠦᠨ ᠪᠤᠷᠤᠭᠤ ᠦᠵᠡᠯ ᠳ᠋ᠡᠭᠡᠨ ᠪᠣᠭᠣᠭᠳᠠᠵᠤ᠂ ᠴᠡᠷᠢᠭ ᠳᠠᠷᠤᠭᠳᠠᠨ ᠪᠡᠶ᠎ᠡ ᠪᠠᠷᠢᠭᠳᠠᠭᠰᠠᠨ ᠪᠣᠯᠪᠠᠴᠤ᠂ ᠲᠡᠷᠡ ᠢᠨᠦ ᠳᠠᠩ ᠤᠯᠤᠰ ᠠ᠋ᠴᠠ ᠢᠨᠠᠭᠰᠢ ᠲᠡᠦᠬᠡᠲᠦ ᠳ᠋ᠠᠢ ᠯᠢᠶᠣᠣ ᠤᠯᠤᠰ ᠢ᠋ ᠮᠥᠬᠥᠭᠡᠨ ᠡᠵᠡᠯᠡᠭᠰᠡᠨ ᠶᠡᠬᠡ ᠬᠠᠭᠠᠨ ᠢᠵᠠᠭᠤᠷᠲᠠᠨ ᠪᠣᠯᠠᠢ᠃ ᠲᠦᠰᠢᠮᠡᠯ ᠵᠢᠨᠦᠩ ᠮᠢᠨᠦ ᠡᠷᠬᠡ ᠰᠦᠷ᠂ ᠵᠡᠷᠭᠡ ᠲᠤᠰᠢᠶᠠᠯ ᠬᠡᠳᠦᠢ ᠶᠡᠬᠡ ᠪᠣᠯᠪᠠᠴᠤ ᠪᠠᠷ ᠤᠯᠤᠰ ᠤ᠋ᠨ ᠡᠵᠡᠨ᠂ ᠨᠠᠢ᠍ᠮᠠᠨ ᠤ᠋ ᠬᠠᠭᠠᠨ ᠰᠠᠭᠤᠷᠢᠲᠤ ᠬᠠᠰ ᠤ᠋ᠨ ᠪᠤᠯᠤ ᠬᠠᠭᠠᠨ ᠢ ᠰᠥᠭᠥᠳᠬᠡᠵᠦ ᠰᠢᠭᠦᠪᠡᠰᠦ ᠤᠴᠢᠷ ᠶᠣᠰᠣ ᠳ᠋ᠤᠷ ᠦᠯᠦ ᠨᠡᠢᠴᠡᠨ᠂ ᠤᠳᠤᠮ ᠵᠢᠷᠤᠮ ᠳ᠋ᠤᠷ ᠬᠠᠷᠰᠢᠬᠤᠢ ᠶ᠋ᠢᠨ ᠲᠤᠯᠠᠳᠠ᠂ ᠤᠭ ᠢᠵᠠᠭᠤᠷ ᠲᠡᠭᠷᠢ ᠶ᠋ᠢᠨ ᠦᠨᠳᠦᠰᠦᠲᠦ ᠬᠠᠭᠠᠨ ᠤ᠋ ᠳᠡᠭᠦᠦ ᠴᠢᠨ ᠸᠠᠩ ᠨᠣᠶᠠᠨ ᠴᠣᠬᠣᠮ ᠬᠠᠰ ᠬᠠᠭᠠᠨ ᠯᠤᠭ᠎ᠠ ᠢᠵᠠᠭᠤᠷ ᠰᠠᠴᠠᠭᠤ ᠲᠤᠯᠠ᠂ ᠬᠠᠰ ᠬᠠᠭᠠᠨ ᠬᠠᠷᠭᠢᠰ ᠲᠡᠷᠰᠯᠡᠭᠦᠦ ᠬᠥᠪᠡᠭᠦᠨ ᠯᠦ᠍ᠭᠡ ᠪᠡᠨ ᠬᠠᠮᠲᠤ ᠲᠥᠷᠥᠭᠰᠡᠨ ᠳᠡᠭᠦᠦ ᠪᠡᠨ ᠠᠯᠠᠭᠤᠯᠵᠤ᠂ ᠬᠠᠭᠠᠨ ᠰᠠᠭᠤᠷᠢᠨ ᠢ᠋ ᠬᠠᠷᠠᠩᠭᠤᠢ ᠪᠠᠷ ᠪᠤᠯᠢᠶᠠᠨ᠂ ᠥᠪᠡᠷ ᠪᠠ ᠪᠤᠰᠤᠳ ᠤ᠋ᠨ ᠪᠤᠷᠤᠭᠤᠰᠢᠶᠠᠯ ᠶᠠᠯ᠎ᠠ ᠶ᠋ᠢ ᠪᠦᠬᠦᠯᠢ ᠪᠡᠷ ᠨᠥᠮᠥᠷᠴᠦ᠂ ᠬᠥᠮᠦᠨ ᠦ᠌ ᠡᠰᠢ ᠶ᠋ᠢ ᠲᠠᠰᠤᠯᠤᠨ᠂ ᠥᠪᠡᠷᠦᠨ ᠡᠪᠦᠭᠡᠳ ᠲᠣᠷ ᠲᠡᠷᠰᠯᠡᠭᠰᠡᠨ ᠶᠠᠯ᠎ᠠ ᠶ᠋ᠢ ᠲᠣᠳᠣᠷᠬᠠᠢᠯᠠᠨ ᠰᠢᠭᠦᠨ ᠪᠣᠭᠳᠠ ᠡᠵᠡᠨ ᠦ᠌ ᠨᠠᠷᠢᠪᠴᠢᠯᠠᠨ ᠬᠢᠨᠠᠵᠤ ᠠᠰᠠᠭᠤᠬᠤᠢ ᠳ᠋ᠤ᠌ ᠪᠡᠯᠡᠳᠬᠡᠭᠲᠦᠨ᠃ ᠬᠠᠭᠠᠨ ᠡᠵᠡᠨ ᠦ᠌ ᠵᠢᠭᠰᠠᠭᠠᠯ ᠮᠠᠰᠢ ᠣᠢᠷ᠎ᠠ ᠪᠣᠯᠪᠠ᠂ ᠦᠳᠲᠡᠷ ᠲᠦᠷᠭᠡᠨ᠎ᠡ ᠥᠴᠢᠭ ᠢ᠋ ᠲᠣᠭᠲᠠᠭᠠᠭᠠᠳ᠂ ᠥᠷᠯᠥᠭᠡ ᠮᠠᠨᠠᠭᠠᠷ᠎ᠠ ᠲᠡᠷᠢᠭᠦᠨ ᠤᠭᠲᠤᠯᠭᠠᠨ᠎ᠠ ᠭᠠᠷᠴᠤ᠂ ᠬᠠᠭᠠᠨ ᠢ᠋ ᠤᠭᠲᠤᠪᠠᠰᠤ ᠵᠣᠬᠢᠮᠤᠢ 》ᠭᠡᠮᠡᠨ ᠲᠤᠰᠢᠶᠠᠨ ᠮᠣᠷᠳᠠᠭᠤᠯᠪᠠ᠃ 
       ᠪᠡᠯᠭᠦᠳᠡᠢ ᠴᠢᠨ ᠸᠠᠩ᠂ ᠴᠡᠷᠢᠭ ᠦ᠋ᠨ ᠴᠢᠩᠭ᠎ᠠ ᠴᠠᠭᠠᠵᠠ ᠠ᠋ᠴᠠ ᠵᠥᠷᠢᠴᠡᠨ ᠴᠢᠳᠠᠬᠤ ᠦᠭᠡᠢ᠂ ᠴᠠᠯᠴᠢᠶ᠎ᠠ ᠪᠡᠯᠴᠢᠶ᠎ᠡ ᠪᠤᠯᠤ ᠶ᠋ᠢ ᠲᠤᠰᠢᠶᠠᠨ ᠠᠪᠴᠤ᠂ ᠥᠪᠡᠷᠦᠨ ᠴᠡᠷᠢᠭ ᠦ᠋ᠨ ᠪᠠᠭᠤᠳᠠᠯ ᠤ᠋ᠨ ᠴᠠᠴᠠᠷ ᠲᠤᠷ ᠠᠪᠴᠢᠷᠠᠵᠤ᠂ ᠴᠠᠩ ᠬᠡᠩᠭᠡᠷᠭᠡ ᠴᠣᠬᠢᠭᠤᠯᠤᠨ᠂ ᠸᠠᠩ ᠤ᠋ᠨ ᠬᠤᠪᠢᠶᠠᠷᠢ ᠶ᠋ᠢᠨ ᠬᠤᠪᠢ ᠶ᠋ᠢᠨ ᠰᠠᠢᠳ ᠲᠦᠰᠢᠮᠡᠳ᠂ ᠵᠠᠩᠵᠤᠨ ᠪᠠᠭᠠᠲᠤᠳ ᠢ᠋ᠶ᠋ᠠᠨ ᠡᠭᠦᠯᠡ ᠮᠡᠲᠦ ᠴᠤᠭᠯᠠᠭᠤᠯᠤᠨ᠂ ᠬᠣᠶᠠᠷ ᠵᠢᠭᠦᠷᠯᠡᠨ ᠬᠣᠶᠠᠷ ᠭᠤᠷᠪᠠᠨ ᠵᠠᠭᠤᠨ ᠵᠡᠷᠭᠡ ᠲᠤᠰᠢᠶᠠᠯᠲᠠᠨ ᠲᠡᠭᠰᠢᠯᠡᠨ ᠵᠢᠭᠰᠠᠭᠠᠵᠤ᠂ ᠨᠠᠢ᠍ᠮᠠ ᠶ᠋ᠢᠨ ᠪᠤᠯᠤ — ᠢᠦᠢ ᠬᠠᠰ ᠬᠠᠭᠠᠨ ᠳ᠋ᠤᠷ ᠪᠤᠯᠠᠭ᠎ᠠ ᠶ᠋ᠢᠨ ᠭᠣᠣᠯᠲᠤ ᠰᠢᠯᠦᠭᠦᠰᠦᠨ ᠣᠯᠪᠣᠭ ᠲᠠᠶᠠᠭᠳᠠᠨ ᠦᠭᠲᠡᠯ᠎ᠡ ᠴᠡᠷᠢᠭ ᠦ᠋ᠨ ᠠᠷᠠᠳ ᠪᠤᠯᠤ ᠬᠠᠭᠠᠨ ᠢ᠋ ᠮᠥᠩᠭᠥᠨ ᠭᠢᠨᠵᠢ ᠪᠡᠷ ᠬᠥᠲᠥᠯᠦᠨ ᠠᠪᠴᠢᠷᠠᠵᠤ ᠰᠥᠭᠥᠳᠬᠡᠪᠡ᠃ ᠪᠡᠯᠭᠦᠳᠡᠢ ᠴᠢᠨ ᠸᠠᠩ ᠠ᠋ᠴᠠ ᠥᠨᠳᠡᠢᠵᠦ ᠨᠠᠢᠷ ᠲᠠᠯᠪᠢᠨ ᠬᠥᠩᠭᠡᠮᠰᠦᠭᠯᠡᠨ ᠥᠭᠦᠯᠡᠷᠦᠨ᠄ 
      《ᠨᠠᠢ᠍ᠮᠠᠨ ᠤ᠋ ᠡᠵᠡᠨ ᠬᠠᠰ ᠬᠠᠭᠠᠨ ᠠᠬᠠᠢ᠂ ᠬᠠᠮᠤᠭ ᠬᠠᠤᠯᠢ ᠴᠠᠭᠠᠵᠠ ᠶ᠋ᠢᠨ ᠶᠣᠰᠣ ᠶᠠᠮᠤ ᠶ᠋ᠢ ᠴᠥᠮ ᠠᠢᠯᠠᠳᠤᠨᠠᠮ ᠪᠢᠰᠢᠦ ? ᠡᠨᠡ ᠪᠣᠯᠪᠠᠰᠤ ᠸᠠᠩ ᠮᠢᠨᠦ ᠵᠣᠷᠢᠭ ᠪᠤᠰᠤ᠂ ᠤᠯᠤᠰ ᠲᠥᠷᠥ ᠶ᠋ᠢᠨ ᠬᠠᠤᠯᠢ ᠵᠠᠰᠠᠭ ᠪᠣᠯᠠᠢ᠂ ᠴᠧᠩᠰᠢᠶᠠᠩ ᠮᠢᠨᠦ ᠴᠢᠭᠯᠡᠯ ᠪᠤᠰᠤ᠂ ᠴᠡᠷᠢᠭ ᠲᠡᠢᠨ ᠦ᠌ ᠴᠠᠭᠠᠵᠠ ᠵᠠᠰᠠᠭ ᠪᠣᠯᠠᠢ !》ᠬᠡᠮᠡᠭᠡᠳ ᠰᠠᠭᠤᠳᠠᠯ ᠳ᠋ᠠᠭᠠᠨ ᠰᠠᠭᠤᠵᠤ᠂ ᠰᠠᠶᠢ ᠪᠤᠯᠤ ᠸᠠᠩ ᠠ᠋ᠴᠠ ᠲᠡᠭᠦᠨᠣ ᠲᠥᠷᠥᠭᠰᠡᠨ ᠬᠥᠪᠡᠭᠦᠨ ᠴᠢᠦᠢ ᠴᠦ ᠯᠢᠦᠢ᠂ ᠶᠠᠭᠤᠨ ᠤ᠋ ᠤᠴᠢᠷ ᠲᠥᠷᠥᠭᠰᠡᠨ ᠠᠪᠠᠭ᠎ᠠ ᠡᠴᠢᠭᠡ — ᠲᠠᠢᠶᠠᠩ ᠬᠠᠭᠠᠨ ᠢ᠋ᠶ᠋ᠠᠨ ᠬᠠᠳᠬᠤᠵᠤ ᠠᠯᠠᠭᠰᠠᠨ ᠦᠨᠡᠨ ᠰᠢᠯᠲᠠᠭᠠᠨ ᠢ ᠠᠰᠠᠭᠤᠭᠰᠠᠨ ᠳ᠋ᠤᠷ ᠪᠤᠯᠤ ᠸᠠᠩ ᠠᠩᠬᠠᠨ ᠳ᠋ᠤᠷ ᠠᠶᠤᠨ ᠴᠡᠴᠡᠷᠡᠨ ᠪᠥᠯᠥᠭᠡ᠂ ᠡᠳᠦᠭᠡ ᠪᠡᠯᠭᠦᠳᠡᠢ ᠴᠢᠨ ᠸᠠᠩ ᠤ᠋ᠨ ᠡᠶᠡᠯᠰᠡᠭ ᠪᠠᠢᠳᠠᠯ ᠪᠠ ᠣᠯᠪᠣᠭ ᠳᠡᠪᠢᠰᠬᠡᠷ ᠥᠭᠬᠦ ᠶ᠋ᠢ ᠦᠵᠡᠭᠡᠳ ᠢᠮᠠᠭᠠᠨ ᠣᠮᠣᠭ ᠠᠨᠤ ᠲᠥᠷᠥᠵᠦ᠂ ᠰᠢᠯᠦᠭᠦᠰᠦᠨ ᠣᠯᠪᠣᠭ ᠲᠤᠷ ᠰᠢᠭᠤᠳ ᠰᠠᠭᠤᠵᠤ᠂ ᠤᠷᠠᠯᠠᠨ ᠥᠴᠢᠷᠦᠨ᠄ 
      《ᠮᠢᠨᠦ ᠬᠠᠭᠠᠭᠳᠠᠭᠰᠠᠨ ᠴᠡᠷᠢᠭ ᠬᠡᠳᠦᠬᠡᠨ ᠵᠠᠭᠤᠨ ᠬᠥᠮᠦᠨ ᠢ᠋ ᠲᠠᠨ ᠤ᠋ ᠡᠲᠡᠭᠡᠳ ᠦ᠋ᠨ ᠬᠡᠳᠦᠢᠴᠢᠨᠡᠭᠡᠨ ᠮᠢᠩᠭᠠᠨ ᠬᠤᠶᠠᠭ ᠤ᠋ᠳ᠂ ᠵᠠᠭᠤᠨ ᠳᠠᠪᠬᠤᠷ ᠪᠦᠰᠡᠯᠡᠵᠦ ᠲᠦᠭ ᠲᠦᠮᠡᠨ ᠰᠠᠮᠠᠭᠤᠨ ᠵᠡᠪᠡ ᠪᠡᠷ ᠠᠮᠢᠰᠬᠤᠯ ᠠᠪᠤᠭᠤᠯᠬᠤ ᠦᠭᠡᠢ ᠬᠠᠷᠪᠤᠭᠤᠯᠬᠤᠢ ᠳ᠋ᠤᠷ ᠬᠡᠨ ᠬᠥᠮᠦᠨ ᠠᠨᠠᠭ ᠵᠠᠨᠠᠭ ᠦᠭᠡᠢ ᠵᠠᠷᠠᠭᠠᠨ ᠦᠰᠦ ᠮᠡᠲᠦ ᠵᠡᠪᠡ ᠬᠠᠳᠬᠤᠭᠳᠠᠵᠤ ᠦᠬᠦᠬᠦ ᠠᠵᠠᠢ ! ᠮᠢᠨᠦ ᠳᠡᠭᠦᠦ ᠲᠠᠢᠶᠠᠩ ᠬᠠᠭᠠᠨ ᠢ ᠬᠡᠳᠤᠢᠪᠡᠷ ᠮᠢᠨᠦ ᠬᠥᠪᠡᠭᠦᠨ ᠬᠠᠳᠬᠤᠵᠤ ᠠᠯᠠᠪᠠ ᠬᠡᠮᠡᠪᠡᠴᠦ᠂ ᠡᠭᠡᠨᠡᠭᠲᠡ ᠲᠠᠨ ᠤ ᠴᠡᠷᠢᠭ ᠦ᠋ᠨ ᠴᠢᠬᠤᠯᠳᠠᠭᠤᠯᠤᠨ ᠪᠠᠴᠢᠮᠳᠠᠭᠤᠯᠬᠤᠢ ᠠ᠋ᠴᠠ ᠪᠣᠯᠤᠭᠰᠠᠨ ᠲᠤᠯᠠ ᠲᠡᠷᠡ ᠶᠠᠯ᠎ᠠ ᠶ᠋ᠢ ᠨᠠᠳᠠ ᠠ᠋ᠴᠠ ᠠᠰᠠᠭᠤᠬᠤ ᠠᠨᠤ ᠶᠠᠭᠤᠲᠠᠢ ᠡᠢᠮᠦ ᠭᠦᠵᠢᠷᠮᠡᠭ ᠠᠵᠠᠢ ! ᠦᠯᠢᠭᠡᠷᠯᠡᠪᠡᠰᠦ᠂ ᠮᠠᠷᠭᠠᠲᠠ ᠸᠠᠩ ᠴᠢᠨᠦ ᠪᠡᠶ᠎ᠡ ᠲᠡᠢᠨ ᠬᠦ᠌ ᠬᠠᠭᠠᠭᠳᠠᠭᠠᠳ᠂ ᠦᠬᠦᠲᠡᠯ᠎ᠡ ᠡᠰᠡ ᠳᠠᠭᠠᠪᠠᠰᠤ ᠴᠢᠨᠦ ᠰᠢᠳᠠᠷ ᠠᠷᠠᠳ ᠮᠥᠨ ᠬᠦ᠌ ᠲᠡᠢᠨ ᠬᠦ᠌ ᠴᠢᠬᠤᠯᠳᠠᠵᠤ᠂ ᠬᠠᠳᠬᠤᠵᠤ ᠠᠯᠠᠬᠤ ᠠᠨᠤ ᠪᠣᠯᠠᠢ᠃ ᠡᠭᠦᠨ ᠢ᠋ ᠶᠠᠭᠤᠨᠲᠤ ᠳᠡᠮᠡᠢᠯᠡ ᠴᠢᠩᠳᠠᠯᠠᠨ ᠪᠠᠢᠴᠠᠭᠠᠮᠤᠢ ? ᠲᠠᠢᠶᠠᠩ ᠬᠠᠭᠠᠨ ᠬᠡᠷᠬᠢᠨ ᠦᠬᠦᠪᠡᠴᠦ᠂ ᠨᠡᠢᠲᠡ ᠪᠡᠷ ᠴᠥᠮ ᠲᠠᠨ ᠤ᠋ ᠲᠠᠢᠯᠠᠬᠤᠢ ᠳ᠋ᠤᠷ ᠦᠬᠦᠭᠰᠡᠨ ᠪᠥᠭᠡᠳ ᠪᠠᠰᠠ ᠨᠢᠭᠡᠨᠲᠡ ᠥᠩᠭᠡᠷᠡᠵᠦ ᠬᠡᠳᠦ ᠬᠡᠳᠦᠨ ᠵᠢᠯ ᠪᠣᠯᠤᠭᠰᠠᠨ ᠢ᠋ ᠳᠠᠬᠢᠨ ᠳᠠᠬᠢᠨ ᠤᠬᠤᠴᠢᠯᠠᠵᠤ ᠶᠠᠷᠰᠢᠭ ᠲᠦᠪᠡᠭ ᠴᠢᠷᠬᠦ ᠢᠨᠣ ᠲᠠᠨ ᠳ᠋ᠤᠷ ᠶᠠᠮᠪᠠᠷ ᠲᠤᠰᠠ ᠲᠠᠢ ᠪᠣᠢ ? ᠲᠦᠮᠡᠨ ᠦᠭᠡ ᠶ᠋ᠢᠨ ᠲᠣᠪᠴᠢᠶ᠎ᠠ ᠨᠢᠭᠡ᠂ ᠮᠢᠨᠦ ᠲᠥᠷᠥᠭᠰᠡᠨ ᠬᠥᠪᠡᠭᠦᠨ ᠨᠠᠮᠠᠶ᠋ᠢ ᠠᠯᠠᠪᠠᠴᠤ ᠲᠠᠨ ᠳ᠋ᠤᠷ ᠶᠠᠭᠤᠨ ᠤ᠋ ᠬᠠᠷᠢᠶ᠎ᠠ ᠪᠣᠢ ? ᠪᠢᠳᠡ ᠪᠠᠰᠠ ᠲᠠᠨ ᠤ᠋ ᠬᠠᠷᠢᠶᠠᠲᠤ ᠪᠣᠭᠣᠯ ᠠᠯᠪᠠᠲᠤ ᠪᠣᠯᠤᠭᠠᠳ᠂ ᠠᠮᠢᠨ ᠬᠡᠷᠡᠭ ᠨᠡᠬᠡᠵᠦ ᠲᠠᠨ ᠳ᠋ᠤᠷ ᠵᠠᠭᠠᠯᠳᠤᠭᠰᠠᠨ ᠴᠤ᠌ ᠪᠤᠰᠤ᠃ ᠪᠢᠳᠡᠨ ᠤ ᠥᠪᠡᠷ ᠵᠠᠭᠤᠷ᠎ᠠ ᠪᠠᠨ ᠬᠡᠨ ᠠᠯᠢᠨ ᠢ᠋ᠶ᠋ᠠᠨ ᠠᠯᠠᠪᠠᠴᠤ ᠲᠠᠨ ᠳ᠋ᠤᠷ ᠶᠠᠭᠤᠨ ᠤ᠋ ᠬᠠᠷᠢᠶ᠎ᠠ ᠪᠣᠢ ? ᠮᠠᠨ ᠤ᠋ ᠨᠠᠢ᠍ᠮᠠᠨ ᠨᠢᠭᠡᠨ ᠦᠬᠦᠪᠡᠰᠦ᠂ ᠲᠠᠨ ᠤ᠋ ᠳᠠᠢᠰᠤᠨ ᠨᠢᠭᠡᠨ ᠬᠣᠷᠣᠭᠳᠠᠵᠤ᠂ ᠲᠠᠨ ᠤ᠋ ᠳᠠᠢᠰᠤᠨ ᠤ᠋ ᠡᠲᠡᠭᠡᠳ ᠦ᠋ᠨ ᠭᠡᠷ ᠦ᠋ᠨ ᠶᠠᠯ᠎ᠠ ᠪᠠ ᠶᠠᠯ᠎ᠠ ᠪᠤᠰᠤ ᠶ᠋ᠢ ᠲᠠ ᠠᠰᠠᠭᠤᠬᠤ ᠳᠠᠯᠵᠢ ᠲᠠᠢ ᠤᠤ ? 》ᠬᠡᠮᠡᠭᠰᠡᠨ ᠳ᠋ᠦ᠍ᠷ ᠪᠦᠬᠦ ᠪᠡᠯᠭᠦᠳᠡᠢ ᠴᠢᠨ ᠸᠠᠩ ᠢᠨᠢᠶᠡᠳᠦᠮ ᠲᠥᠷᠥᠭᠰᠡᠨ ᠴᠦ᠍ ᠪᠠᠢᠲᠤᠭᠠᠢ᠂ ᠬᠣᠶᠠᠷ ᠵᠢᠭᠦᠷ ᠲᠣᠷ ᠵᠢᠭᠰᠠᠭᠰᠠᠨ ᠨᠣᠶᠠᠳ ᠲᠦᠰᠢᠮᠡᠳ ᠲᠣᠷ ᠬᠦᠷᠲᠡᠯ᠎ᠡ ᠴᠥᠮ ᠠᠮᠠ ᠬᠠᠪᠠᠷ ᠢ᠋ᠶ᠋ᠠᠨ ᠪᠥᠭᠯᠡᠯᠴᠡᠨ᠂ ᠪᠤᠷᠤᠭᠤ ᠬᠠᠨᠳᠤᠯᠴᠠᠨ᠂ ᠬᠤᠸᠠᠰ ᠬᠤᠸᠠᠰ ᠬᠢᠵᠦ ᠢᠨᠢᠶᠡᠯᠳᠦᠨ ᠪᠦᠲᠡᠵᠦ ᠬᠠᠬᠠᠨ ᠲᠡᠰᠬᠦᠶ᠎ᠡ ᠪᠡᠷᠬᠡ ᠪᠣᠯᠤᠭᠰᠠᠨ ᠳ᠋ᠤᠷ ᠴᠢᠨ ᠸᠠᠩ ᠢᠨᠢᠶᠡᠳᠦ ᠪᠡᠨ ᠳᠠᠷᠤᠵᠤ ᠥᠭᠦᠯᠡᠷᠦᠨ : 
      《ᠡᠷᠭᠢᠨ ᠬᠠᠨ ᠠᠬᠠᠢ ᠶ᠋ᠢᠨ ᠦᠯᠦ ᠮᠡᠳᠡᠬᠦ ᠢᠨᠣ ᠵᠦᠢ᠃ ᠠᠢᠮᠠᠭ ᠪᠦᠷᠢ ᠳ᠋ᠦ᠍ᠷ ᠠᠶᠠᠯᠭᠤ ᠪᠣᠢ᠂ ᠤᠯᠤᠰ ᠪᠦᠬᠦᠨ᠎ᠡ ᠴᠠᠭᠠᠵᠠ ᠠᠮᠤᠢ᠃ ᠮᠠᠨ ᠤ᠋ ᠮᠣᠩᠭᠣᠯ ᠤᠯᠤᠰ ᠤ᠋ᠨ ᠬᠠᠭᠠᠨ ᠡᠵᠡᠨ ᠤ ᠲᠣᠭᠲᠠᠭᠠᠭᠰᠠᠨ ᠳᠠᠢᠯᠠᠬᠤ ᠲᠡᠭᠰᠢᠳᠬᠡᠬᠦ ᠴᠡᠷᠢᠭ ᠦ᠋ᠨ ᠵᠠᠰᠠᠭ ᠴᠠᠭᠠᠵᠠ ᠶ᠋ᠢᠨ ᠲᠣᠭᠲᠠᠮᠠᠯ ᠬᠠᠤᠯᠢ ᠠᠨᠤ : ᠤᠴᠢᠷ ᠶᠣᠰᠣᠨ ᠦᠭᠡᠢ ᠤᠯᠤᠰ ᠠᠢᠮᠠᠭ ᠤ᠋ᠳ ᠢ ᠳᠠᠢᠯᠠᠵᠤ ᠤᠴᠢᠷ ᠶᠣᠰᠣᠲᠠᠢ ᠪᠣᠯᠭᠠᠨ᠂ ᠵᠠᠰᠠᠭᠯᠠᠨ ᠲᠦᠪᠰᠢᠳᠬᠡᠬᠦᠢ ᠶ᠋ᠢᠨ ᠤᠴᠢᠷ ᠲᠤᠷ ᠪᠣᠢ ᠢ᠎ᠡ᠂ ᠡᠷᠬᠡᠪᠰᠢ ᠤᠯᠤᠰ ᠤ᠋ᠨ ᠤᠭ ᠡᠵᠡᠨ᠂ ᠬᠠᠭᠤᠴᠢᠨ ᠬᠠᠭᠠᠨ ᠢ ᠠᠨᠤ ᠲᠠᠰᠤᠯᠤᠨ ᠠᠯᠠᠵᠤ ᠤᠬᠢᠶᠠᠨ ᠰᠥᠨᠥᠭᠡᠬᠦ ᠬᠠᠤᠯᠢ ᠦᠭᠡᠢ ᠶ᠋ᠢᠨ ᠲᠤᠯᠠᠳᠠ ᠡᠨᠡ ᠳᠠᠢᠶᠠᠡᠭ ᠬᠠᠭᠠᠨ ᠢ ᠠᠯᠠᠭᠰᠠᠨ ᠬᠡᠷᠡᠭ ᠢ ᠡᠳᠦᠭᠡ ᠪᠣᠯᠲᠠᠯ᠎ᠠ ᠦᠨᠡᠨ ᠴᠠᠭᠠᠨ ᠢ᠋ ᠪᠠᠢᠴᠠᠭᠠᠨ ᠲᠣᠳᠣᠷᠬᠠᠢᠯᠠᠭᠠᠳᠤᠢ ᠳ᠋ᠤᠷ ᠲᠡᠷᠡ ᠤᠳᠠᠭ᠎ᠠ ᠶ᠋ᠢᠨ ᠲᠠᠢᠶᠠᠩ ᠬᠠᠭᠠᠨ ᠢ ᠪᠦᠰᠡᠯᠡᠵᠦ ᠪᠠᠢᠯᠳᠤᠭᠰᠠᠨ ᠵᠠᠩᠵᠤᠨ ᠪᠠᠭᠠᠲᠤᠳ ᠪᠠ ᠳᠡᠭᠡᠭᠰᠢ ᠴᠡᠷᠢᠭ ᠦ᠋ᠨ ᠡᠵᠡᠨ ᠵᠢᠨᠦᠩ ᠳ᠋ᠦ᠍ᠷ ᠬᠦᠷᠲᠡᠯ᠎ᠡ ᠤᠭ ᠲᠣᠭᠲᠠᠭᠠᠭᠰᠠᠨ ᠬᠠᠭᠠᠨ ᠤ᠋ ᠵᠠᠰᠠᠭ ᠠ᠋ᠴᠠ ᠵᠥᠷᠢᠴᠡᠭᠰᠡᠨ ᠶᠠᠯ᠎ᠠ ᠶ᠋ᠢ ᠡᠭᠦᠷᠴᠦ ᠪᠠᠢᠭᠰᠠᠭᠠᠷ ᠲᠤᠯᠠ᠂ ᠡᠨᠡ ᠤᠳᠠᠭ᠎ᠠ ᠳ᠋ᠤᠷ ᠲᠠᠢᠶᠠᠩ ᠬᠠᠭᠠᠨ ᠢ᠋ ᠬᠥᠨᠥᠭᠡᠭᠰᠡᠨ ᠲᠤᠰ ᠡᠵᠡᠨ ᠡᠴᠡ ᠢᠨᠦ ᠴᠣᠬᠣᠮ ᠦᠨᠡᠨ ᠢ᠋ ᠮᠠᠭᠠᠳᠯᠠᠨ ᠣᠯᠪᠠᠰᠤ᠂ ᠮᠠᠨ ᠤ᠋ ᠥᠪᠡᠷᠦᠨ ᠤᠯᠤᠰ ᠤ᠋ᠨ ᠣᠯᠠᠨ ᠵᠠᠩᠵᠤᠨ ᠲᠦᠰᠢᠮᠡᠳ ᠦ᠋ᠨ ᠬᠠᠭᠠᠨ ᠡᠵᠡᠨ ᠦ᠌ ᠪᠡᠨ ᠵᠠᠰᠠᠭ ᠴᠠᠭᠠᠵᠠ᠂ ᠵᠠᠷᠯᠢᠭ ᠵᠠᠷᠯᠠᠯ ᠠ᠋ᠴᠠ ᠦᠯᠦ ᠵᠥᠷᠢᠴᠡᠬᠦᠢ ᠶ᠋ᠢᠨ ᠲᠤᠢᠯ ᠤ᠋ᠨ ᠦᠨᠡᠨ ᠢ᠋ ᠢᠯᠡᠳᠬᠡᠬᠦᠢ ᠶ᠋ᠢᠨ ᠤᠴᠢᠷ ᠲᠤᠷ ᠪᠣᠢ ᠢ᠋᠎ᠠ᠂ ᠠᠳᠠᠪᠠᠰᠢ ᠲᠠᠨ ᠤ᠋ ᠭᠡᠷ ᠦ᠋ᠨ ᠶᠠᠯ᠎ᠠ ᠪᠠᠷ ᠰᠢᠯᠲᠠᠭ ᠪᠣᠯᠭᠠᠨ᠂ ᠲᠠᠨ ᠢ᠋ ᠳᠠᠢᠯᠠᠵᠤ ᠳᠠᠢᠴᠢᠯᠠᠭᠰᠠᠨ ᠠᠨᠤ ᠪᠤᠰᠤ ᠪᠣᠯᠠᠢ᠃ ᠡᠷᠭᠢᠨ ᠤᠯᠤᠰ᠂ ᠡᠴᠢᠭᠡ ᠠᠪᠠᠭ᠎ᠠ ᠪᠠᠨ ᠳᠤᠷ᠎ᠠ ᠪᠠᠷ ᠠᠯᠠᠪᠠᠰᠤ ᠪᠣᠯᠬᠤ ᠪᠣᠢ ᠢ᠎ᠡ᠃ ᠮᠠᠨ ᠤ᠋ ᠮᠣᠩᠭᠣᠯ ᠤᠯᠤᠰ ᠤ᠋ᠨ ᠡᠵᠡᠨ ᠡᠴᠢᠭᠡ ᠶ᠋ᠢᠨ ᠵᠠᠬᠢᠶ᠎ᠠ ᠵᠠᠷᠯᠢᠭ ᠠ᠋ᠴᠠ ᠵᠥᠷᠢᠴᠡᠪᠡᠰᠦ ᠶᠠᠯ᠎ᠠ ᠲᠠᠢ ᠶ᠋ᠢᠨ ᠣᠴᠢᠷ᠎ᠠ᠂ ᠡᠳᠦᠭᠡ ᠪᠣᠯᠤᠨ ᠪᠣᠯᠲᠠᠯ᠎ᠠ ᠡᠵᠡᠨ ᠬᠠᠭᠠᠨ ᠤ᠋ ᠰᠠᠢᠳ ᠲᠦᠰᠢᠮᠡᠳ ᠢ᠋ᠶ᠋ᠡᠨ ᠰᠡᠵᠢᠭᠯᠡᠨ ᠳᠠᠭᠠᠮᠵᠢᠯᠠᠬᠤ ᠰᠡᠵᠢᠭᠯᠡᠯ ᠢ᠋ ᠠᠷᠢᠯᠭᠠᠨ ᠴᠢᠳᠠᠭᠠᠳᠤᠢ᠂ ᠲᠡᠢᠮᠦ ᠶ᠋ᠢᠨ ᠲᠤᠯᠠ ᠳᠠᠬᠢᠨ ᠳᠠᠪᠲᠠᠨ ᠨᠢᠭᠲᠠᠯᠠᠨ ᠨᠠᠷᠢᠪᠴᠢᠯᠠᠨ ᠦᠨᠡᠨ ᠦ᠌ ᠦᠨᠡᠨ ᠳ᠋ᠦ᠍ᠷ ᠭᠥᠷᠥᠭᠦᠯᠦᠨ᠂ ᠥᠨᠳᠥᠷ ᠣᠭᠲᠠᠷᠭᠤᠢ ᠳ᠋ᠤᠷ ᠤᠴᠠᠷᠠᠨ ᠴᠢᠳᠠᠬᠤ ᠶ᠋ᠢ ᠡᠷᠢᠬᠦ ᠪᠣᠯᠠᠢ 》ᠬᠡᠮᠡᠭᠰᠡᠨ ᠳ᠋ᠦ᠍ᠷ ᠪᠤᠯᠤ ᠸᠠᠩ᠂ ᠪᠣᠷᠣᠩᠣᠢᠯᠠᠨ ᠬᠢᠯᠢᠩᠯᠡᠵᠦ ᠂ ᠪᠤᠷᠴᠢᠭᠢᠨᠠᠲᠠᠯ᠎ᠠ ᠵᠢᠬᠡᠭᠦᠨ ᠢ᠋ᠶ᠋ᠡᠷ ᠢᠨᠢᠶᠡᠵᠦ᠂ ᠵᠥᠷᠢᠭᠦᠦ ᠬᠠᠨᠳᠤᠨ ᠥᠴᠢᠷᠦᠨ : 
      《ᠲᠡᠢᠮᠦ ᠰᠠᠢᠨ ᠪᠥᠭᠡᠰᠦ ᠤᠭ ᠠ᠋ᠴᠠ ᠡᠰᠡ ᠪᠠᠢᠯᠳᠤᠪᠠᠰᠤ ᠳᠡᠭᠡᠷ᠎ᠡ ᠦᠭᠡᠢ ᠤᠤ ? 》ᠸᠠᠩ ᠢᠨᠢᠶᠡᠨ ᠥᠭᠦᠯᠡᠷᠦᠨ :
      《ᠠᠶ᠎ᠠ ᠡᠷᠭᠢᠨ ᠸᠠᠩ ᠶᠠᠭᠤᠨᠲᠤ ᠰᠠᠬᠠᠯ ᠦᠰᠦᠲᠦ ᠬᠠᠭᠠᠨ ᠡᠷ᠎ᠡ ᠪᠥᠭᠡᠳ ᠴᠠᠯᠴᠢᠶ᠎ᠠ ᠦᠭᠡᠰ ᠴᠠᠯᠴᠢᠮᠤᠢ ? ᠤᠭ ᠠ᠋ᠴᠠ ᠪᠢᠳᠡᠨ ᠦ᠌ ᠤᠯᠤᠰ᠂ ᠲᠠᠨ ᠤ᠋ ᠤᠯᠤᠰ ᠢ ᠳᠠᠢᠯᠠᠷ᠎ᠠ ᠡᠴᠢᠪᠡᠦ ? ᠴᠣᠬᠣᠮ ᠲᠠᠨ ᠤ᠋ ᠤᠯᠤᠰ᠂ ᠮᠠᠨ ᠤ᠋ ᠤᠯᠤᠰ ᠢ᠋ ᠳᠠᠢᠯᠠᠷ᠎ᠠ ᠢᠷᠡᠪᠡᠦ ? ᠲᠠᠢᠶᠠᠩ ᠬᠠᠭᠠᠨ ᠤ᠋ ᠬᠡᠭᠦᠷ ᠮᠤᠭᠤᠨ ᠡᠳᠦᠭᠡ ᠬᠡᠨ ᠦ᠌ ᠬᠠᠷᠢᠶ᠎ᠠ ᠭᠠᠵᠠᠷ ᠲᠤᠷ ᠪᠣᠢ ? 》ᠬᠡᠮᠡᠭᠰᠡᠨ ᠳ᠋ᠦ᠍ᠷ᠂ ᠪᠤᠯᠤ ᠸᠠᠩ ᠦᠭᠡ ᠮᠣᠬᠣᠭᠠᠳ ᠬᠡᠯᠡ ᠪᠡᠨ ᠬᠥᠨᠳᠡᠯᠡᠨ ᠵᠠᠭᠤᠵᠤ ᠪᠤᠷᠤᠢᠵᠤ ᠪᠠᠷᠤᠢᠨ ᠳᠣᠷᠣᠭᠰᠢ ᠬᠠᠨᠳᠤᠪᠠ᠃ ᠸᠠᠩ ᠪᠠᠰᠠ ᠥᠭᠦᠯᠡᠷᠦᠨ᠄ 
      《ᠡᠳᠦᠭᠡ ᠨᠢᠳᠦᠨ ᠦᠵᠡᠲᠡᠯ᠎ᠡ ᠡᠷᠭᠢᠨ ᠸᠠᠩ ᠴᠢ ᠣᠯᠠᠨ ᠵᠦᠢᠯ ᠦ᠋ᠨ ᠤᠯᠤᠰ ᠤ᠋ᠳ ᠢ᠋ ᠴᠤᠭᠯᠠᠭᠤᠯᠤᠨ᠂ ᠮᠠᠨ ᠤ᠋ ᠤᠯᠤᠰ ᠢ᠋ ᠳᠠᠢᠯᠠᠷ᠎ᠠ ᠢᠯᠡᠭᠡᠭᠰᠡᠨ ᠦ᠌ ᠡᠰᠡᠷᠭᠦ ᠰᠠᠶᠢ ᠮᠠᠨ ᠤ᠋ ᠤᠯᠤᠰ ᠲᠤᠯᠤᠭᠰᠠᠭᠠᠷ ᠡᠨᠳᠡ ᠬᠦᠷᠴᠦ᠂ ᠡᠷᠭᠢᠨ ᠸᠠᠩ ᠴᠢᠮᠠᠶ᠋ᠢ ᠠᠮᠢᠳᠤ ᠪᠠᠷᠢᠨ ᠪᠠᠷᠠᠲᠠᠯ᠎ᠠ᠂ ᠸᠠᠩ ᠴᠢᠮᠠᠶ᠋ᠢ ᠬᠠᠳᠬᠤᠵᠤ ᠠᠯᠠᠬᠤ ᠶ᠋ᠢ ᠪᠠᠢᠲᠤᠭᠠᠢ᠂ ᠡᠷᠭᠢᠨ ᠦ᠌ ᠡᠷᠳᠡᠨᠢᠰ ᠦ᠋ᠨ ᠴᠣᠭᠴᠠ ᠪᠡᠶ᠎ᠡ ᠳ᠋ᠦ᠍ᠷ ᠦᠰᠦ ᠬᠢᠯᠭᠠᠰᠤᠨ ᠤ᠋ ᠲᠡᠳᠦᠢ ᠰᠢᠷᠬ᠎ᠠ ᠰᠣᠷᠪᠢ ᠴᠤ᠌ ᠭᠠᠷᠭᠠᠭᠰᠠᠨ ᠦᠭᠡᠢ ᠪᠢᠰᠢᠦ ? ᠨᠡᠩ ᠪᠠᠰᠠ ᠮᠠᠨ ᠤ᠋ ᠤᠯᠤᠰ ᠳᠥᠷᠪᠡᠨ ᠵᠦᠭ ᠦ᠋ᠨ ᠶᠣᠰᠣᠨ ᠦᠭᠡᠢ ᠠᠢᠮᠠᠭ ᠤᠯᠤᠰ ᠤ᠋ᠳ ᠢ᠋ ᠳᠠᠢᠯᠠᠬᠤ ᠪᠦᠷᠢ᠂ ᠣᠨᠴᠠ ᠤᠯᠤᠰ ᠠᠢᠮᠠᠭ ᠪᠦᠷᠢ ᠶ᠋ᠢᠨ ᠬᠠᠳ ᠡᠵᠡᠳ ᠢ᠋ ᠢᠨᠦ ᠴᠥᠮ ᠠᠯᠠᠵᠤ ᠠᠷᠢᠯᠭᠠᠭᠰᠠᠭᠠᠷ ᠢᠷᠡᠭᠰᠡᠨ ᠪᠥᠭᠡᠰᠦ᠂ ᠮᠠᠨ ᠤ᠋ ᠤᠯᠤᠰ ᠳᠠᠯᠠᠨ ᠲᠠᠪᠤᠨ ᠠᠢᠮᠠᠭ ᠤᠯᠤᠰ ᠤ᠋ᠳ ᠨᠢᠭᠡᠨ᠎ᠡ ᠨᠡᠢᠯᠡᠭᠦᠯᠵᠦ ᠨᠢᠭᠡᠨ ᠶᠡᠬᠡ ᠮᠣᠩᠭᠣᠯ ᠤᠯᠤᠰ᠂ ᠨᠡᠢᠭᠡᠮ ᠨᠢᠭᠡᠨ᠎ᠡ ᠡᠩᠬᠡᠵᠢᠨ ᠲᠦᠪᠰᠢᠷᠡᠵᠦ᠂ ᠡᠩᠬᠡ ᠠᠮᠤᠭᠤᠯᠠᠩ ᠢ᠋ᠶ᠋ᠠᠷ ᠴᠡᠩᠭᠡᠯᠳᠦᠨ ᠵᠢᠷᠭᠠᠯᠳᠤᠵᠤ᠂ ᠬᠡᠷᠬᠢᠨ ᠠᠮᠤᠷ ᠲᠤᠩᠭᠠᠯᠠᠭ ᠠᠶᠠᠨ ᠳᠥᠵᠢᠨ ᠢ᠋ᠶ᠋ᠡᠨ ᠲᠥᠷᠥᠵᠦ ᠠᠮᠢᠳᠤᠷᠠᠨ ᠴᠢᠳᠠᠬᠤ ᠠᠵᠠᠢ ? ᠡᠭᠦᠨ ᠢ᠋ ᠪᠠᠰᠠ ᠬᠡᠯᠡᠬᠦ ᠶ᠋ᠢ ᠪᠠᠢᠵᠤ᠂ ᠡᠷᠭᠢᠨ ᠬᠠᠭᠠᠨ ᠠᠬᠠᠢ ᠴᠢᠨᠦ ᠡᠨᠡ ᠬᠠᠯᠠᠭᠤᠨ ᠠᠮᠢ ᠭᠣᠣᠯᠲᠤ ᠪᠡᠶ᠎ᠡ ᠪᠡᠷ ᠠᠪᠴᠤ ᠬᠡᠯᠡᠪᠡᠰᠦ᠂ ᠮᠠᠨ ᠤ᠋ ᠤᠯᠤᠰ ᠳᠥᠷᠪᠡᠨ ᠵᠦᠭ ᠦ᠋ᠨ ᠰᠠᠮᠠᠭᠤᠨ ᠰᠥᠷᠭᠡᠦ ᠤᠯᠤᠰ ᠠᠢᠮᠠᠭ ᠤ᠋ᠳ ᠢ᠋ ᠳᠠᠢᠯᠠᠨ ᠲᠦᠪᠰᠢᠳᠬᠡᠬᠦᠶ᠎ᠡ ᠥᠪᠡᠷᠦᠨ ᠤᠯᠤᠰ ᠲᠤᠷ ᠪᠤᠰᠤᠳ ᠤᠯᠤᠰ ᠤ᠋ᠨ ᠬᠠᠳ ᠡᠵᠡᠨ ᠢ᠋ ᠢᠨᠦ ᠦᠯᠦ ᠰᠥᠨᠥᠭᠡᠨ ᠠᠯᠠᠬᠤ ᠴᠠᠭᠠᠵᠠ ᠬᠠᠤᠯᠢ ᠵᠠᠰᠠᠭ ᠴᠢᠭᠯᠡᠪᠤᠷᠢ ᠦᠭᠡᠢ ᠪᠥᠭᠡᠰᠦ᠂ ᠡᠷᠭᠢᠨ ᠬᠠᠭᠠᠨ ᠠᠬᠠᠢ ᠴᠢᠨᠦ ᠡᠨᠡ ᠡᠳᠦᠷ ᠦ᠋ᠨ ᠸᠠᠩ ᠨᠠᠳᠠ ᠯᠤᠭ᠎ᠠ ᠬᠡᠯᠡᠯᠴᠡᠨ ᠦᠭᠦᠯᠡᠯᠳᠦᠬᠦ ᠬᠠᠯᠠᠭᠤᠨ ᠠᠮᠢ ᠤᠷᠤᠭᠤᠯ ᠬᠡᠯᠡᠨ ᠬᠡᠷᠬᠢᠨ ᠦᠯᠡᠳᠡᠨ ᠴᠢᠳᠠᠬᠤ ᠠᠵᠠᠢ ? ᠡᠨᠡ ᠦᠶ᠎ᠡ ᠳ᠋ᠦ᠍ ᠬᠡᠳᠦᠢᠨᠡᠢ᠂ ᠠᠮᠢᠨ ᠪᠤᠰᠠᠨᠢᠵᠤ ᠪᠡᠶ᠎ᠡ ᠬᠡᠮᠬᠡᠷᠡᠭᠰᠡᠨ ᠪᠣᠯᠠᠢ ! ᠡᠷᠭᠢᠨ ᠬᠠᠭᠠᠨ ᠠᠬᠠᠢ ᠴᠢ ᠴᠦ᠍ ᠮᠥᠨ ᠨᠠᠢ᠍ᠮᠠᠨ ᠤᠯᠤᠰ ᠤ᠋ᠨ ᠬᠠᠭᠠᠨ ᠡᠵᠡᠨ ᠪᠣᠯᠵᠤ ᠪᠠᠢᠯᠳᠤᠨ ᠳᠠᠢᠯᠠᠵᠤ ᠶᠠᠪᠤᠭᠰᠠᠨ ᠬᠥᠮᠦᠨ ᠲᠤᠯᠠ ᠤᠯᠤᠰ ᠠᠢᠮᠠᠭ ᠤ᠋ᠳ ᠢ ᠳᠠᠢᠯᠠᠵᠤ ᠳᠡᠢᠯᠦᠭᠡᠳ᠂ ᠲᠡᠭᠦᠨᠦ ᠲᠡᠷᠢᠭᠦᠯᠡᠭᠴᠢ ᠡᠵᠡᠳ ᠢ᠋ ᠢᠨᠦ ᠣᠨᠴᠠ ᠠᠮᠢᠳᠤ ᠪᠠᠷ ᠪᠠᠷᠢᠬᠤ ᠪᠠ ᠠᠯᠠᠵᠤ ᠠᠷᠢᠯᠭᠠᠬᠤ ᠡᠨᠡ ᠬᠣᠶᠠᠷ ᠤ᠋ᠨ ᠠᠯᠢᠨ ᠤ᠋ ᠪᠡᠷᠬᠡ ᠪᠠ ᠠᠯᠢᠨ ᠤ᠋ ᠬᠢᠯᠪᠠᠷ ᠢ᠋ ᠦᠯᠦ ᠮᠡᠳᠡᠬᠦ ᠶᠣᠰᠣ ᠪᠣᠢ ᠤᠤ ? ᠮᠠᠨ ᠤ᠋ ᠤᠯᠤᠰ ᠤ᠋ᠨ ᠶᠡᠬᠡ ᠪᠣᠭᠳᠠ ᠶ᠋ᠢᠨ <  ᠠᠮᠢᠳᠤᠷᠠᠭᠤᠯᠤᠨ ᠦᠯᠡᠳᠡᠭᠡᠬᠦ > ᠵᠠᠰᠠᠭ ᠴᠠᠭᠠᠵᠠ ᠦᠭᠡᠢ ᠪᠥᠭᠡᠰᠦ ᠡᠷᠭᠢᠨ ᠬᠠᠭᠠᠨ ᠠᠬᠠᠢ ᠴᠢᠨᠦ ᠪᠡᠶ᠎ᠡ ᠴᠣᠭᠴᠠ ᠡᠨᠳᠡ ᠦᠯᠡᠳᠡᠵᠦ᠂ ᠲᠡᠷᠢᠭᠦᠨ ᠦ᠌ ᠭᠡᠭᠡᠨ ᠬᠡᠳᠦᠢᠨ ᠮᠠᠨ ᠤ᠋ ᠤᠯᠤᠰ ᠲᠤᠷ ᠬᠦᠷᠭᠡᠭᠳᠡᠵᠦ ᠪᠣᠭᠳᠠ ᠳ᠋ᠤᠷ ᠪᠠᠷᠠᠭᠠᠯᠠᠭᠰᠠᠨ ᠪᠣᠯᠠᠢ᠃ ᠡᠷᠭᠢᠨ ᠴᠢᠨᠦ ᠨᠢᠭᠡᠬᠡᠨ ᠬᠥᠮᠦᠨ ᠦ᠌ ᠠᠮᠢᠨ ᠢ᠋ ᠦᠯᠡᠳᠡᠭᠡᠨ ᠠᠮᠢᠳᠤ ᠪᠠᠷ ᠪᠠᠷᠢᠬᠤᠢ ᠶ᠋ᠢᠨ ᠣᠴᠢᠷ᠎ᠠ᠂ ᠮᠠᠨ ᠤ᠋ ᠤᠯᠤᠰ ᠤ᠋ᠨ ᠴᠡᠷᠢᠭ ᠦ᠋ᠨ ᠵᠢᠨᠦᠩ ᠬᠡᠳᠦᠢᠴᠢᠨᠡᠭᠡᠨ ᠰᠡᠳᠬᠢᠯ ᠬᠦᠴᠦᠨ ᠢ᠋ ᠰᠦᠢᠳᠬᠡᠨ᠂ ᠵᠠᠭᠤᠨ ᠮᠢᠩᠭᠠᠨ ᠵᠦᠢᠯ ᠦ᠋ᠨ ᠠᠷᠭ᠎ᠠ ᠤᠬᠠᠭᠠᠨ ᠢ᠋ ᠪᠡᠯᠡᠳᠬᠡᠵᠦ᠂ ᠪᠠᠰᠠ ᠢᠯᠡᠭᠦᠦ ᠠᠷᠪᠠᠨ ᠲᠦᠮᠡᠨ ᠦ᠌ ᠳᠥᠷᠪᠡᠨ ᠬᠦᠷᠢᠶ᠎ᠡ ᠴᠡᠷᠢᠭ ᠢ᠋ ᠬᠥᠳᠡᠯᠭᠡᠵᠦ᠂ ᠡᠨᠡ ᠮᠡᠲᠦ ᠲᠦᠪᠡᠭ ᠪᠡᠷᠬᠡ ᠪᠡᠷ ᠬᠠᠮᠵᠢᠨ ᠰᠢᠷᠬ᠎ᠠ ᠴᠠᠮᠳᠠᠭ᠎ᠠ ᠴᠤ᠌ ᠦᠭᠡᠢ ᠪᠡᠷ ᠪᠠᠷᠢᠪᠠ᠃ ᠨᠡᠩ ᠪᠠᠰᠠ ᠡᠷᠭᠢᠨ ᠬᠠᠭᠠᠨ ᠠᠬᠠᠢ ᠶ᠋ᠢᠨ ᠲᠠᠢᠽᠢ ᠴᠢᠦᠢ ᠴᠦ ᠯᠢᠦᠢ ᠭᠠᠭᠴᠠᠬᠠᠨ ᠪᠡᠶ᠎ᠡ ᠪᠡᠷ ᠠᠮᠢ ᠪᠤᠯᠲᠠᠷᠠᠨ ᠭᠠᠷᠤᠭᠰᠠᠨ ᠠᠨᠤ ᠪᠠᠰᠠ ᠬᠦ᠌ ᠮᠥᠨ ᠠᠮᠢᠳᠤ ᠪᠠᠷ ᠪᠠᠷᠢᠬᠤ ᠶ᠋ᠢᠨ ᠲᠤᠯᠠ ᠵᠠᠢ ᠵᠠᠪᠰᠠᠷ ᠦᠯᠡᠳᠡᠭᠡᠨ ᠠᠮᠢᠰᠬᠤᠯ ᠰᠦᠢᠯᠡᠭᠯᠡᠯ ᠲᠠᠯᠪᠢᠭᠰᠠᠨ ᠪᠥᠭᠡᠳ ᠬᠡᠷᠪᠡ ᠨᠢᠭᠡᠬᠡᠨ ᠢᠯᠳᠦ ᠬᠣᠶᠠᠷᠬᠠᠨ ᠬᠠᠷᠪᠤᠯᠭ᠎ᠠ ᠪᠠᠷ ᠠᠮᠢᠨ ᠢ᠋ ᠠᠨᠤ ᠠᠪᠬᠤ ᠪᠥᠭᠡᠰᠦ ᠪᠢᠳᠡ ᠨᠢᠭᠡᠨᠲᠡ ᠳᠥᠷᠪᠡᠨ ᠲᠦᠮᠡᠨ ᠢ᠋ ᠲᠥᠷᠥᠢᠯᠭᠡᠵᠦ ᠲᠠᠪᠤᠨ ᠲᠦᠮᠡᠨ ᠢ᠋ ᠲᠠᠯᠠᠭᠳᠠᠭᠰᠠᠨ ᠪᠠᠢᠭᠠᠳ᠂ ᠨᠢᠭᠡᠬᠡᠨ ᠬᠥᠮᠦᠨ ᠢ᠋ ᠨᠢᠳᠤᠯᠤᠨ ᠦᠯᠦ ᠴᠢᠳᠠᠬᠤ ᠶᠣᠰᠣ ᠪᠣᠢ ᠤᠤ ? ᠵᠢᠴᠢ ᠪᠠᠰᠠ ᠡᠷᠭᠢᠨ ᠲᠠᠨ ᠤ᠋ ᠤᠷᠤᠭ ᠤ᠋ᠨ ᠬᠢᠳᠠᠨ ᠤ᠋ ᠴᠢ ᠸᠠᠩ ᠠ ᠯᠦᠨ ᠬᠠᠷᠢᠶ᠎ᠠ ᠦᠭᠡᠢ ᠶ᠋ᠢ ᠬᠠᠯᠳᠠᠷ᠎ᠠ ᠢᠷᠡᠵᠦ᠂ ᠥᠰᠢᠶ᠎ᠡ ᠦᠭᠡᠢ ᠶ᠋ᠢ ᠥᠩᠭᠡᠯᠵᠡᠷ᠎ᠡ ᠢᠷᠡᠭᠡᠳ᠂ ᠮᠠᠨ ᠤ᠋ ᠤᠯᠤᠰ ᠤ᠋ᠨ ᠬᠢᠵᠠᠭᠠᠷ ᠤ᠋ᠨ ᠬᠠᠷᠠᠭᠤᠯ᠂ ᠵᠠᠬ᠎ᠠ ᠶ᠋ᠢᠨ ᠵᠠᠩᠵᠤᠨ ᠴᠡᠷᠢᠭ ᠲᠦ᠍ᠷ ᠨᠢᠭᠡᠨ ᠴᠡᠷᠢᠭ᠂ ᠬᠠᠭᠠᠰ ᠬᠤᠶᠠᠭ ᠴᠤ᠌ ᠦᠯᠡᠳᠡᠯ ᠦᠭᠡᠢ ᠪᠦᠬᠦᠯᠢ ᠪᠡᠷ ᠪᠠᠷᠢᠭᠳᠠᠨ ᠵᠢᠷᠭᠤᠭᠠᠨ ᠲᠦᠮᠡᠨ ᠦ᠌ ᠳᠠᠩᠰᠠ ᠪᠠᠷ ᠦᠬᠦᠭᠰᠡᠨ ᠠᠮᠢᠳᠤ ᠶ᠋ᠢᠨ ᠨᠡᠷ᠎ᠡ ᠶ᠋ᠢ ᠪᠠᠢᠴᠠᠭᠠᠨ ᠲᠣᠭ᠎ᠠ ᠳ᠋ᠤᠷ ᠲᠣᠬᠢᠷᠠᠭᠤᠯᠤᠨ ᠡᠷᠢᠭᠰᠡᠭᠡᠷ᠂ ᠠᠷᠪᠠᠨ ᠬᠣᠶᠠᠷ ᠵᠡᠷᠭᠡᠲᠡᠨ ᠨᠢᠭᠡᠨ ᠲᠡᠷᠢᠭᠦᠯᠡᠭᠴᠢ ᠡᠵᠡᠨ ᠨᠡᠢᠲᠡ ᠠᠷᠪᠠᠨ ᠭᠤᠷᠪᠠᠨ ᠠᠮᠢ ᠭᠦᠨ ᠭᠣᠣ ᠶ᠋ᠢᠨ ᠬᠠᠪᠬ᠎ᠠ ᠳ᠋ᠤᠷ ᠤᠨᠠᠨ᠂ ᠠᠮᠢᠨ ᠪᠤᠰᠠᠨᠢᠵᠤ᠂ ᠪᠡᠶ᠎ᠡ ᠬᠡᠮᠬᠡᠷᠡᠨ᠂ ᠦᠬᠦᠳᠡᠯ ᠢ᠋ ᠪᠠᠢᠴᠠᠭᠠᠷ᠎ᠠ ᠤᠯᠤᠰ ᠲᠤᠷ ᠠᠪᠴᠤ ᠢᠷᠡᠬᠦ ᠶ᠋ᠢ ᠴᠢᠳᠠᠬᠤ ᠪᠥᠭᠡᠳ ᠠᠷᠪᠠᠨ ᠲᠦᠮᠡᠨ ᠦ᠌ ᠴᠡᠷᠢᠭ ᠢ᠋ᠶ᠋ᠡᠷ ᠠᠬᠠᠢ ᠬᠠᠭᠠᠨ ᠴᠢᠮᠠᠶ᠋ᠢ ᠬᠠᠭᠠᠵᠤ ᠪᠠᠢᠯᠳᠤᠭᠠᠳ᠂ ᠠᠯᠠᠭᠠᠨ ᠲᠡᠳᠦᠢ ᠠᠮᠢᠨ ᠢ᠋ ᠴᠢᠨᠦ ᠠᠪᠴᠤ ᠦᠯᠦ ᠴᠢᠳᠠᠬᠤ ᠤᠤ ? ᠮᠠᠨ ᠤ᠋ ᠤᠯᠤᠰ ᠤ᠋ᠨ ᠦᠨᠡᠨ ᠪᠣᠭᠳᠠ ᠲᠡᠭᠷᠢᠯᠢᠭ ᠡᠵᠡᠨ ᠦ᠌ ᠠᠢᠮᠠᠭ ᠤᠯᠤᠰ ᠤ᠋ᠳ ᠤ᠋ᠨ ᠲᠡᠷᠢᠭᠦᠯᠡᠭᠴᠢ ᠡᠵᠡᠳ ᠢ᠋ ᠠᠯᠠᠬᠤ ᠨᠢᠲᠤᠯᠬᠤ ᠶ᠋ᠢ ᠵᠠᠰᠠᠭᠯᠠᠨ ᠴᠠᠭᠠᠵᠠᠯᠠᠵᠤ᠂ ᠦᠯᠡᠳᠡᠭᠡᠨ ᠠᠮᠢᠳᠤᠷᠠᠭᠤᠯᠬᠤ ᠡᠨᠡ ᠬᠦ᠌ ᠬᠡᠪ ᠬᠠᠤᠯᠢ ᠶ᠋ᠢ ᠡᠷᠭᠢᠨ ᠬᠠᠭᠠᠨ ᠠᠬᠠᠢ ᠴᠢ ᠡᠳᠦᠭᠡ ᠳ᠋ᠡᠭᠡᠨ ᠬᠡᠳᠦᠢ ᠦᠯᠦ ᠦᠨᠡᠮᠰᠢᠶᠡᠨ ᠦᠯᠦ ᠣᠢᠰᠢᠶᠠᠬᠤ ᠪᠣᠯᠪᠠᠴᠤ᠂ ᠥᠨᠢ ᠤᠳᠠᠭᠠᠨ ᠮᠢᠩᠭᠠᠨ ᠦᠶ᠎ᠡ ᠶ᠋ᠢᠨ ᠤᠯᠤᠰ ᠭᠦᠷᠦᠨ ᠦ᠌ ᠪᠣᠭᠳᠠ ᠬᠠᠳ ᠤ᠋ᠨ ᠣᠬᠢ ᠮᠠᠩᠯᠠᠢ ᠪᠣᠯᠵᠤ᠂ ᠮᠢᠩᠭᠠᠨ ᠲᠦᠮᠡᠨ ᠣᠨ ᠵᠠᠭᠤᠨ ᠮᠢᠩᠭᠠᠨ ᠦᠶ᠎ᠡ ᠶ᠋ᠢᠨ ᠦᠷ᠎ᠡ ᠠᠴᠢᠭᠠᠷ ᠲᠠᠭᠠᠨ ᠦᠯᠡᠳᠡᠪᠦᠷᠢ ᠭᠡᠷᠡᠯ᠂ ᠦᠯᠡᠮᠵᠢ ᠳᠤᠷᠠᠰᠬᠠᠯ ᠤ᠋ᠨ ᠥᠯᠵᠡᠢ ᠬᠤᠲᠤᠭ ᠪᠤᠯᠬᠤᠢ ᠶ᠋ᠢ ᠲᠠᠨ ᠲᠠᠨ ᠤ᠋ ᠵᠡᠷᠭᠡ ᠶ᠋ᠢᠨ ᠬᠥᠮᠦᠨ ᠲᠥᠷᠥᠯᠬᠢᠲᠡᠨ ᠦ᠌ ᠣᠶᠤᠨ ᠤᠬᠠᠭᠠᠨ᠎ᠠ ᠤᠷᠤᠭᠲᠠᠨ ᠲᠥᠷᠥᠭᠳᠡᠬᠦ ᠢᠨᠤ  ᠪᠤᠰᠤ ᠪᠤᠶᠤ᠃ ᠦᠯᠢᠭᠡᠷᠯᠡᠨ ᠬᠡᠯᠡᠪᠡᠰᠦ᠂ ᠮᠠᠨ ᠤ᠋ ᠮᠣᠩᠭᠣᠯ ᠤᠯᠤᠰ ᠬᠡᠷᠪᠡᠷ ᠲᠠᠨ ᠲᠠᠨ ᠤ᠋ ᠵᠡᠷᠭᠡ ᠶ᠋ᠢᠨ ᠥᠷᠥᠰᠢᠶᠡᠯ ᠵᠢᠷᠤᠮ ᠢ᠋ ᠦᠯᠦ ᠮᠡᠳᠡᠭᠴᠢ ᠶ᠋ᠢᠨ ᠴᠡᠷᠢᠭ ᠬᠡᠷᠡᠭᠯᠡᠬᠦᠢ ᠶ᠋ᠢᠨ ᠶᠣᠰᠣᠭᠠᠷ ᠶᠠᠪᠤᠬᠤ ᠪᠥᠭᠡᠰᠦ᠂ ᠶᠠᠭᠠᠬᠢᠨ ᠡᠢᠮᠦ ᠶᠡᠬᠡ ᠲᠡᠭᠷᠢ ᠶ᠋ᠢᠨ ᠵᠢᠭᠰᠠᠭᠠᠯ ᠤ᠋ᠨ ᠲᠠᠪᠤᠨ ᠮᠠᠬᠠᠪᠣᠳ ᠤ᠋ᠨ ᠲᠠᠪᠤᠨ ᠬᠦᠷᠢᠶ᠎ᠡ ᠶᠡᠬᠡ ᠴᠡᠷᠢᠭ ᠣᠷᠣᠬᠤ ᠠᠵᠠᠢ ? ᠰᠢᠭᠤᠳ ᠲᠡᠨᠡᠭ ᠸᠠᠩ ᠮᠢᠨᠦ ᠡᠨᠡ ᠭᠤᠷᠪᠠᠬᠠᠨ ᠬᠦᠷᠢᠶ᠎ᠡ ᠴᠡᠷᠢᠭ ᠢ᠋ᠶ᠋ᠡᠷ ᠲᠠᠨ ᠤ᠋ ᠡᠨᠡ ᠦᠯᠡᠳᠡᠪᠦᠷᠢ ᠨᠠᠢ᠍ᠮᠠᠨ ᠤ᠋ ᠡᠴᠢᠭᠡ ᠡᠬᠡ ᠡᠵᠡᠨ ᠪᠣᠭᠣᠯ ᠢ᠋ ᠦᠯᠦ ᠪᠣᠳᠣᠨ ᠠᠯᠲᠠᠨ ᠪᠠ ᠠᠷᠭᠠᠯ ᠢ ᠢᠯᠭᠠᠯ ᠦᠭᠡᠢ ᠪᠠᠷᠠᠲᠠᠯ᠎ᠠ ᠭᠢᠰᠬᠢᠯᠡᠨ ᠲᠡᠭᠰᠢᠯᠡᠭᠡᠳ ᠪᠠᠷᠠᠲᠠᠯ᠎ᠠ ᠲᠡᠯᠡᠵᠦ ᠮᠥᠬᠥᠭᠡᠨ ᠰᠥᠨᠥᠭᠡᠬᠦ ᠢᠨᠦ ᠪᠣᠯᠠᠢ᠃ ᠶᠠᠭᠠᠬᠢᠭᠰᠠᠨ ᠡᠳᠦᠢᠴᠢᠨᠡᠭᠡᠨ ᠲᠡᠭᠷᠢ ᠶ᠋ᠢᠨ ᠭᠡᠭᠡᠬᠡᠨ ᠵᠠᠰᠠᠭ ᠴᠠᠭᠠᠵᠠ ᠪᠠ ᠪᠣᠭᠳᠠ ᠶ᠋ᠢᠨ ᠢᠯᠡ ᠥᠷᠥᠰᠢᠶᠡᠯ ᠵᠢᠷᠤᠮ ᠤ᠋ᠨ ᠴᠡᠷᠢᠭ ᠢ ᠬᠡᠷᠡᠭᠯᠡᠵᠦ᠂ ᠡᠢᠮᠦ ᠤᠳᠠᠭᠠᠨ ᠯᠠᠪᠳᠠᠭᠤᠨ ᠢ᠋ᠶ᠋ᠠᠷ ᠲᠦᠪᠰᠢᠳᠬᠡᠨ ᠲᠡᠭᠰᠢᠳᠬᠡᠵᠦ ᠭᠡᠰᠬᠡᠨ ᠬᠤᠪᠢᠰᠬᠠᠬᠤ ᠶ᠋ᠢ ᠡᠷᠢᠬᠦ ᠠᠵᠠᠢ ? ᠨᠢᠳᠦᠨ ᠦᠵᠡᠲᠡᠯ᠎ᠡ᠂ ᠡᠷᠭᠢᠨ ᠬᠠᠭᠠᠨ ᠠᠬᠠᠢ ᠴᠢᠨᠦ ᠡᠨᠡ ᠪᠡᠶ᠎ᠡ ᠴᠣᠭᠴᠠ ᠦᠨᠡᠨ ᠪᠣᠭᠳᠠ ᠶ᠋ᠢᠨ ᠦᠯᠡᠳᠡᠭᠡᠬᠦ ᠠᠮᠢᠳᠤᠷᠠᠭᠤᠯᠬᠤ ᠶ᠋ᠢᠨ ᠭᠡᠭᠡᠬᠡᠨ ᠵᠠᠰᠠᠭ ᠲᠤᠷ ᠦᠯᠡᠳᠡᠵᠦ ᠠᠮᠢᠳᠤᠷᠠᠨ᠂ ᠤᠯᠤᠰ ᠢᠷᠭᠡᠨ ᠴᠥᠮ ᠠᠪᠲᠠᠭᠰᠠᠨ ᠪᠥᠭᠡᠲᠡᠯ᠎ᠡ ᠡᠴᠢᠭᠡ ᠬᠥᠪᠡᠭᠦᠨ ᠮᠥᠨ ᠬᠦ᠌ ᠠᠮᠢᠳᠤᠷᠠᠭᠰᠠᠭᠠᠷ ᠠᠵᠤ᠂ ᠬᠠᠷᠢᠯᠴᠠᠨ ᠨᠢᠭᠤᠷ ᠵᠣᠯᠭᠠᠯᠳᠤᠬᠤᠢ ᠶ᠋ᠢᠨ ᠵᠠᠮ ᠮᠥᠷ ᠲᠠᠰᠤᠷᠠᠭᠠᠳᠤᠢ ᠠᠨᠤ ᠮᠥᠨ ᠬᠦ᠌ ᠪᠣᠭᠳᠠ ᠬᠥᠮᠦᠨ ᠦ᠌ ᠠᠬᠤᠢ ᠶᠡᠬᠡ ᠣᠯᠣᠮ ᠦᠭᠡᠢ ᠳᠠᠯᠠᠢ ᠠᠳᠠᠯᠢ ᠥᠷᠥᠰᠢᠶᠡᠯ ᠵᠢᠷᠤᠮ ᠳ᠋ᠤᠷ ᠠᠨᠤ ᠲᠦᠰᠢᠵᠦ᠂ ᠡᠳᠦᠭᠡ ᠨᠢᠳᠦᠨ ᠦᠵᠡᠲᠡᠯ᠎ᠡ᠂ ᠴᠢᠨᠦ ᠳᠡᠭᠦᠦ ᠲᠡᠢᠶᠠᠩ ᠬᠠᠭᠠᠨ ᠤ᠋ ᠲᠠᠬᠢᠯᠭ᠎ᠠ ᠶ᠋ᠢ ᠲᠠᠰᠤᠷᠠᠭᠤᠯᠤᠯ ᠦᠭᠡᠢ᠂ ᠬᠦᠩ ᠠᠯᠲᠠᠨᠱᠠᠭ᠎ᠠ ᠲᠠᠬᠢᠭᠰᠠᠭᠠᠷ ᠠᠮᠤᠢ᠃ ᠴᠢᠨᠦ ᠬᠥᠪᠡᠭᠦᠨ ᠴᠢᠦᠢ ᠴᠦ᠍ ᠯᠢᠦᠢ ᠶ᠋ᠢᠨ ᠪᠠᠷᠢᠵᠤ ᠬᠥᠨᠥᠭᠡᠭᠰᠡᠨ ᠳ᠋ᠠᠢ ᠯᠢᠶᠣᠣ ᠶ᠋ᠢᠨ ᠶᠧ ᠯᠢᠦᠢ ᡁᠢ ᠯᠦ᠍ ᠬᠦ ᠶ᠋ᠢᠨ ᠬᠠᠭᠠᠨ ᠲᠠᠬᠢᠯᠭ᠎ᠠ ᠶ᠋ᠢ ᠬᠡᠨ ᠵᠠᠯᠭᠠᠮᠵᠢᠯᠠᠨ ᠳᠠᠬᠢᠵᠤ ᠠᠮᠤᠢ ? ᠴᠢᠨᠦ ᠬᠥᠪᠡᠭᠦᠨ ᠡᠴᠦᠰ ᠲᠦ᠍ᠷ ᠰᠠᠢᠨ ᠦᠭᠡᠢ ᠶ᠋ᠢ ᠴᠢ ᠲᠡᠮᠳᠡᠭᠯᠡᠵᠦ ᠠᠪᠤᠭᠲᠤᠨ᠃ ᠲᠠᠪᠤᠨ ᠣᠨ ᠤ᠋ ᠡᠮᠦᠨ᠎ᠡ ᠴᠠᠭᠠᠭᠴᠢᠨ ᠲᠠᠬᠢᠶ᠎ᠠ ᠵᠢᠯ ᠦ᠋ᠨ ᠨᠠᠢ᠍ᠮᠠᠨ ᠰᠡᠷᠡᠳᠡ᠂ ᠴᠢᠨᠦ ᠬᠥᠪᠡᠭᠦᠨ ᠴᠢᠦᠢ ᠴᠦ ᠯᠢᠦᠢ᠂ ᠳ᠋ᠠᠢ ᠯᠢᠶᠣᠣ ᠶ᠋ᠢᠨ ᠬᠠᠭᠠᠨ ᠶᠧ ᠯᠢᠦᠢ ᠣᠪᠣᠭᠲᠤ ᡁᠢ ᠯᠦ᠍ ᠬᠦ ᠶ᠋ᠢ ᠬᠥᠨᠥᠭᠡᠭᠰᠡᠨ ᠢ ᠡᠮᠦᠨᠡᠲᠦ ᠰᠥᠩ ᠤᠯᠤᠰ ᠤ᠋ᠨ ᠵᠢᠶᠠ ᠲᠠᠢ  ᠬᠡᠮᠡᠬᠦ ᠶ᠋ᠢᠨ ᠲᠡᠷᠢᠭᠦᠨ ᠣᠨ ᠂ ᠳᠤᠮᠳᠠᠳᠤ ᠠᠯᠲᠠᠨ ᠤᠯᠤᠰ ᠤ᠋ᠨ ᠲᠠᠢ ᠾᠧ ᠬᠡᠮᠡᠬᠦ ᠶ᠋ᠢᠨ ᠪᠠᠰᠠ ᠲᠡᠷᠢᠭᠦᠨ ᠣᠨ ᠪᠥᠯᠥᠭᠡ᠃ ᠶᠡᠬᠡ < ᠭᠠᠩ ᠮᠦ᠍ ᠪᠢᠴᠢᠭ > ᠦ᠋ᠨ ᠲᠣᠪᠴᠢᠶ᠎ᠠ ᠶ᠋ᠢᠨ ᠠᠷᠪᠠᠨ ᠨᠠᠢ᠍ᠮᠠᠳᠤᠭᠠᠷ ᠲᠣᠭᠳᠣᠢ ᠶ᠋ᠢᠨ ᠳᠡᠳ᠋ ᠳᠡᠪᠲᠡᠷ ᠦ᠋ᠨ ᠳᠥᠴᠢᠳᠦᠭᠡᠷ ᠲᠣᠷ ᠲᠣᠳᠤᠷᠬᠠᠶ᠎ᠠ ᠲᠣᠪᠴᠢᠶᠠᠯᠠᠨ ᠭᠠᠷᠭᠠᠵᠤ ᠠᠮᠤᠢ᠃ ᠤᠷᠵᠢᠨᠤᠨ ᠵᠢᠯ ᠴᠢᠨᠦ ᠬᠥᠪᠡᠭᠦᠨ ᠴᠢᠦᠢ ᠴᠦ ᠯᠢᠦᠢ ᠲᠥᠷᠥᠭᠰᠡᠨ ᠠᠪᠠᠭ᠎ᠠ ᠡᠴᠢᠭᠡ᠂ ᠨᠠᠢ᠍ᠮᠠᠨ ᠤ᠋ ᠲᠠᠢᠶᠠᠩ ᠬᠠᠭᠠᠨ ᠢ᠋ ᠬᠠᠳᠬᠤᠵᠤ ᠠᠯᠠᠪᠠ᠃ ᠡᠨᠡ ᠴᠥᠮ ᠥᠷᠥᠰᠢᠶᠡᠯ ᠵᠢᠷᠤᠮ ᠦᠭᠡᠢ ᠬᠡᠷᠡᠭ ᠪᠢᠰᠢᠦ ? ᠡᠳᠦᠭᠡ ᠮᠠᠨ ᠤ᠋ ᠪᠣᠭᠳᠠ ᠶ᠋ᠢᠨ ᠥᠷᠥᠰᠢᠶᠡᠯ ᠢ᠋ᠶ᠋ᠡᠷ ᠴᠢᠮᠠᠶ᠋ᠢ ᠠᠮᠢᠳᠤ ᠠᠬᠤᠭᠤᠯᠤᠭᠰᠠᠭᠠᠷ ᠲᠤᠯᠠ᠂ ᠲᠠᠨ ᠤ᠋ ᠡᠴᠢᠭᠡ ᠬᠥᠪᠡᠭᠦᠨ ᠬᠠᠷᠢᠯᠴᠠᠨ ᠤᠴᠠᠷᠠᠬᠤ ᠡᠳᠦᠷ ᠴᠠᠭ ᠪᠣᠢ ᠠᠮᠤᠢ᠃ ᠴᠢᠨᠦ ᠬᠥᠪᠡᠭᠦᠨ ᠦ᠌ ᠠᠯᠠᠭᠰᠠᠨ ᠳᠠᠢᠶᠠᠡᠭ ᠬᠠᠭᠠᠨ ᠤ᠋ ᠡᠴᠢᠭᠡ ᠬᠥᠪᠡᠭᠦᠨ ᠬᠠᠷᠢᠯᠴᠠᠨ ᠤᠴᠠᠷᠠᠬᠤ ᠡᠳᠦᠷ ᠴᠠᠭ ᠭᠡᠮᠡᠨ ᠪᠣᠢ ᠠᠮᠤᠢ ᠤᠤ ? ᠡᠷᠭᠢᠨ ᠬᠠᠰ ᠬᠠᠭᠠᠨ ᠴᠢ ᠪᠤᠰᠤᠳ ᠢ᠋ ᠪᠡᠶ᠎ᠡ ᠳ᠋ᠦ᠍ᠷ ᠡᠷᠭᠢᠴᠡᠭᠦᠯᠦᠨ ᠪᠣᠳᠣᠵᠤ ᠦᠵᠡᠭᠳᠡᠬᠦᠢ᠃ ᠬᠡᠷᠪᠡᠷ ᠲᠠᠢᠶᠠᠡᠭ ᠬᠠᠭᠠᠨ ᠤ᠋ ᠬᠥᠪᠡᠭᠦᠨ ᠬᠦᠩ ᠠᠯᠲᠠᠨᠱᠠᠭ᠎ᠠ ᠂ ᠴᠢᠨᠦ ᠬᠥᠪᠡᠭᠦᠨ ᠦ᠌ ᠥᠰᠢᠶ᠎ᠡ ᠶ᠋ᠢ ᠡᠳᠦᠭᠡ ᠴᠢᠮᠠᠴᠠ ᠠᠪᠴᠤ ᠴᠢᠮᠠᠶ᠋ᠢ ᠬᠠᠳᠬᠤᠨ ᠠᠯᠠᠪᠠᠰᠤ᠂ ᠴᠢᠨᠦ ᠪᠡᠶ᠎ᠡ ᠬᠢᠯᠢᠰᠳᠡᠬᠦ ᠦᠭᠡᠢ ᠤᠤ ? ᠡᠨᠡ ᠢᠨᠦ ᠪᠠᠰᠠ ᠬᠦ᠌ ᠡᠴᠢᠭᠡ ᠪᠡᠨ ᠠᠯᠠᠭᠰᠠᠨ ᠥᠰᠢᠶ᠎ᠡ ᠪᠣᠢ ᠪᠥᠭᠡᠲᠡᠯ᠎ᠡ ᠴᠢᠨᠦ ᠪᠡᠶ᠎ᠡ ᠶ᠋ᠢᠨ ᠲᠤᠰᠬᠠᠢᠯᠠᠨ ᠦᠢᠯᠡᠳᠦᠭᠰᠡᠨ ᠬᠡᠷᠡᠭ ᠪᠤᠰᠤ ᠶ᠋ᠢᠨ ᠲᠤᠯᠠ ᠪᠤᠰᠤᠳ ᠬᠠᠵᠠᠭᠤ ᠠ᠋ᠴᠠ ᠦᠵᠡᠪᠡᠴᠦ ᠦᠯᠦ ᠲᠦᠪᠳᠡᠨ ᠪᠥᠭᠡᠲᠡᠯ᠎ᠡ᠂ ᠣᠭᠲᠣᠬᠠᠨ ᠴᠤ᠌ ᠥᠰᠢᠶ᠎ᠡ ᠦᠭᠡᠢ ᠲᠥᠷᠥᠭᠰᠡᠨ ᠠᠪᠠᠭ᠎ᠠ ᠡᠴᠢᠭᠡ᠂ ᠡᠵᠡᠨ ᠬᠠᠭᠠᠨ ᠢ᠋ᠶ᠋ᠠᠨ ᠬᠠᠳᠬᠤᠵᠤ ᠠᠯᠠᠬᠤᠢ ᠳ᠋ᠤᠷ ᠳᠡᠭᠦᠨᠦ ᠲᠥᠷᠥᠭᠰᠡᠨ ᠬᠥᠪᠡᠭᠦᠨ ᠦ᠌ ᠳᠣᠲᠣᠷ᠎ᠠ ᠲᠦᠪᠳᠡᠯᠲᠡᠢ ᠤᠤ ᠦᠭᠡᠢ ᠤᠤ ? ᠴᠢ ᠡᠷᠭᠢᠴᠡᠭᠦᠯᠦᠨ ᠦᠯᠢᠳᠬᠡᠵᠦ ᠰᠠᠨᠠᠭᠳᠠᠬᠤᠢ᠃ ᠬᠥᠮᠦᠨ ᠲᠥᠷᠥᠯᠬᠢᠲᠡᠨ ᠦ᠌ ᠬᠥᠪᠡᠭᠦᠳ ᠠᠴᠢᠨᠠᠷ ᠪᠣᠯᠤᠭᠴᠢᠳ᠂ ᠴᠡᠷᠢᠭ ᠲᠡᠢᠨ ᠦ᠌ ᠠᠶᠤᠯ ᠲᠦᠭᠰᠢᠯ ᠦ᠋ᠨ ᠳᠣᠲᠣᠷ᠎ᠠ᠂ ᠥᠪᠡᠷᠦᠨ ᠠᠮᠢᠨ ᠢ᠋ᠶ᠋ᠠᠨ ᠲᠡᠪᠴᠢᠨ ᠲᠥᠷᠥᠭᠰᠡᠨ ᠡᠴᠢᠭᠡ ᠠᠪᠠᠭ᠎ᠠ ᠪᠠᠨ ᠥᠮᠥᠭᠯᠡᠨ ᠪᠠᠢᠯᠳᠤᠵᠤ ᠭᠠᠷᠭᠠᠪᠠᠰᠤ ᠵᠣᠬᠢᠮᠤᠢ ᠤᠤ ? ᠥᠪᠡᠷᠦᠨ ᠬᠠᠭᠠᠨ ᠤ᠋ ᠪᠠᠨ ᠪᠦᠰᠡᠯᠡᠭᠳᠡᠬᠦ ᠡᠴᠡ ᠠᠶᠤᠵᠤ ᠬᠠᠳᠬᠤᠵᠤ ᠠᠯᠠᠭᠠᠳ ᠥᠪᠡᠷᠦᠨ ᠪᠡᠶ᠎ᠡ ᠭᠤᠯᠳᠤᠷᠢᠨ ᠭᠠᠷᠴᠤ ᠶᠠᠪᠤᠪᠠᠰᠤ ᠵᠣᠬᠢᠮᠤᠢ ᠤᠤ ? ᠡᠷᠭᠢᠨ ᠬᠠᠰ ᠬᠠᠭᠠᠨ ᠠᠬᠠᠢ ᠴᠢ ᠠᠯᠭᠤᠷ ᠢ᠋ᠶ᠋ᠠᠷ ᠰᠠᠨᠠᠵᠤ ᠦᠵᠡᠭᠳᠡᠬᠦᠢ᠃ ᠠᠶᠤᠯ ᠲᠦᠭᠰᠢᠯᠳᠦ ᠲᠡᠢᠨ ᠳᠠᠢᠰᠤᠨ᠎ᠠ ᠠᠮᠢ ᠪᠠᠨ ᠲᠡᠪᠴᠢᠨ ᠡᠴᠢᠭᠡ ᠠᠪᠠᠭ᠎ᠠ ᠪᠠᠨ ᠠᠪᠤᠷᠠᠨ ᠭᠠᠷᠭᠠᠵᠤ ᠠᠯᠠᠯᠳᠤᠨ ᠪᠠᠢᠯᠳᠤᠬᠤ ᠦᠭᠡᠢ ᠪᠣᠯᠪᠠᠰᠤ ᠪᠠᠢᠮᠤᠢ ᠢ᠋᠎ᠠ᠃ ᠠᠪᠠᠢ ᠶᠠᠭᠤᠨᠲᠤ ᠠᠷᠤ ᠨᠢᠷᠤᠭᠤᠨ ᠤ᠋ ᠠᠮᠢᠨ ᠭᠠᠵᠠᠷ ᠡᠳᠡᠭᠡᠷᠡᠰᠢ ᠦᠭᠡᠢ ᠪᠡᠷ ᠨᠡᠪᠲᠡ ᠬᠠᠳᠬᠤᠵᠤ ᠠᠯᠠᠬᠤ ᠠᠵᠠᠢ ? ᠲᠡᠢᠨ ᠬᠦ᠌ ᠲᠥᠷᠥᠭᠰᠡᠨ ᠢ᠋ᠶ᠋ᠡᠨ ᠠᠯᠠᠵᠤ᠂ ᠳᠠᠢᠰᠤᠨ ᠳ᠋ᠤᠷ ᠳᠠᠭᠠᠵᠤ ᠤᠷᠭᠤᠵᠤ ᠭᠠᠷᠬᠤ ᠠ᠋ᠴᠠ ᠥᠪᠡᠷ ᠢ᠋ᠶ᠋ᠡᠨ ᠭᠠᠭᠴᠠᠭᠠᠷ ᠰᠠᠯᠤᠨ ᠭᠠᠷᠴᠤ ᠳᠠᠢᠰᠤᠨ᠎ᠠ ᠳᠠᠭᠠᠵᠤ ᠠᠮᠢᠨ ᠢ᠋ᠶ᠋ᠠᠨ ᠭᠠᠷᠤᠭᠠᠳ ᠵᠢᠴᠢ ᠤᠷᠭᠤᠨ ᠭᠠᠷᠴᠤ ᠪᠣᠯᠬᠤ ᠦᠭᠡᠢ ᠤᠤ ? ᠣᠨᠴᠠ ᠲᠥᠷᠥᠭᠰᠡᠨ ᠠᠪᠠᠭ᠎ᠠ ᠪᠠᠨ ᠠᠯᠠᠵᠤ ᠠᠮᠢᠨ ᠭᠠᠷᠴᠤ ᠤᠷᠭᠤᠪᠠᠰᠤ ᠰᠠᠶᠢ ᠦᠨᠡᠨᠴᠢ ᠤᠤ ? ᠲᠡᠢᠮᠦ ᠪᠣᠯᠪᠠᠰᠤ ᠲᠦᠷᠭᠡᠨ ᠲᠦᠭᠦᠬᠡᠢ ᠲᠦᠭᠰᠢᠯᠲᠡᠢ ᠠᠶᠤᠯᠲᠠᠢ ᠲᠡᠢᠨ ᠳᠠᠢᠰᠤᠨ᠎ᠠ ᠠᠯᠠᠯᠳᠤᠵᠤ ᠪᠠᠢᠯᠳᠤᠯᠴᠠᠬᠤᠶ᠎ᠠ᠂ ᠣᠯᠠᠡᠭᠬᠢᠨ ᠴᠥᠮ ᠲᠥᠷᠥᠭᠰᠡᠨ ᠣᠢᠷ᠎ᠠ ᠢᠨᠠᠭ ᠢ᠋ᠶ᠋ᠠᠨ ᠪᠡᠶ᠎ᠡ ᠶ᠋ᠢᠨ ᠰᠢᠲᠠᠷ᠎ᠠ ᠬᠠᠢᠭᠤᠯᠯᠠᠨ ᠬᠠᠭᠠᠴᠠᠢᠯᠠᠭᠤᠯᠵᠤ ᠪᠠᠢᠬᠤ ᠠᠨᠤ ᠴᠥᠮ ᠪᠤᠷᠤᠭᠤ ᠪᠣᠯᠵᠤᠬᠤᠢ ᠤᠤ ? ᠪᠤᠵᠠᠷ ᠪᠤᠷᠲᠠᠭ ᠶᠠᠭᠤᠮ᠎ᠠ ᠳ᠋ᠤᠷ ᠰᠠᠢᠬᠠᠨ ᠦᠨᠦᠷ ᠦᠭᠡᠢ᠂ ᠪᠤᠷᠤᠭᠤ ᠪᠤᠰᠤᠴᠢᠷ ᠦᠢᠯᠡ ᠳ᠋ᠦ᠍ᠷ ᠵᠥᠪ ᠶᠠᠪᠤᠳᠠᠯ ᠢ᠋ ᠬᠠᠮᠢᠭ᠎ᠠ ᠠ᠋ᠴᠠ ᠡᠷᠢᠬᠦ ᠠᠵᠠᠢ ? ᠴᠠᠭᠠᠨ ᠴᠡᠭᠠᠰᠤᠨ᠎ᠠ ᠲᠣᠰᠣᠯᠠᠭᠠᠭᠰᠠᠨ ᠪᠡᠬᠡᠰ ᠢ᠋ ᠤᠬᠢᠶᠠᠨ ᠠᠷᠢᠯᠭᠠᠪᠠᠰᠤ ᠪᠣᠯᠤᠮᠤᠢ ᠤᠤ ? ᠴᠠᠯᠴᠢᠵᠤ ᠪᠡᠯᠴᠢᠨ ᠦᠢᠯᠡᠳᠦᠭᠰᠡᠨ ᠪᠤᠷᠤᠭᠤ ᠪᠠᠨ ᠵᠥᠪ ᠪᠣᠯᠭᠠᠵᠤ ᠴᠢᠳᠠᠮᠤᠢ ᠤᠤ ?》 ᠬᠡᠮᠡᠭᠰᠡᠨ ᠨᠢᠭᠡᠨ ᠵᠡᠷᠭᠡ ᠶ᠋ᠢᠨ ᠦᠭᠡᠰ ᠲᠣᠷ ᠪᠤᠯᠤ ᠸᠠᠩ ᠤ᠋ᠨ ᠬᠥᠮᠦᠨ ᠲᠥᠷᠥᠯᠬᠢᠲᠡᠨ ᠤ ᠮᠥᠨ ᠴᠢᠨᠠᠷ ᠳᠣᠯᠭᠢᠰᠤᠨ ᠬᠥᠳᠡᠯᠵᠦ ᠠᠮᠢᠨ ᠰᠡᠳᠬᠢᠯ ᠬᠠᠮᠲᠤᠪᠠᠷ ᠪᠢᠰᠢᠷᠡᠭᠡᠳ ᠨᠢᠳᠦᠨ ᠦ᠌ ᠨᠢᠯᠪᠤᠰᠤᠨ ᠤᠨᠠᠭᠠᠵᠤ᠂ ᠬᠣᠭᠣᠯᠠᠢ ᠬᠤᠷᠴᠢᠭᠢᠨᠠᠨ ᠰᠡᠭᠦᠷᠡᠰᠦᠨ ᠠᠯᠳᠠᠵᠤ ᠡᠮᠭᠡᠨᠢᠨ ᠥᠭᠦᠯᠡᠷᠦᠨ : 
      《ᠠᠶ᠎ᠠ ᠪᠢ ᠡᠳᠦᠭᠡ ᠰᠠᠶᠢ ᠰᠡᠩᠬᠡᠷᠡᠨ ᠮᠡᠳᠡᠪᠡᠴᠦ ᠨᠢᠭᠡᠨᠲᠡ ᠬᠣᠵᠢᠮᠳᠠᠵᠤᠬᠤᠢ᠃ ᠮᠢᠨᠦ ᠳᠡᠭᠦᠦ᠂ ᠲᠠᠢᠶᠠᠩ ᠬᠠᠭᠠᠨ ᠪᠣᠯᠣᠢ ᠪᠣᠯᠪᠠᠰᠤ ᠶᠡᠬᠡ ᠬᠠᠲᠤᠨ ᠠ᠋ᠴᠠ ᠲᠦᠷᠦᠵᠦᠬᠦᠢ᠃ ᠪᠤᠯᠤ ᠸᠠᠩ ᠪᠢ ᠪᠣᠯᠪᠠᠰᠤ ᠪᠠᠭ᠎ᠠ ᠹᠧᠢ ᠡᠴᠡ ᠲᠦᠷᠦᠵᠦᠬᠦᠢ᠃ ᠲᠡᠢᠨ ᠬᠦ᠌ ᠲᠡᠭᠦᠨᠦ ᠰᠠᠭᠤᠷᠢᠨ ᠢ ᠡᠵᠡᠯᠡᠨ ᠰᠦᠷ ᠭᠡᠷᠡᠯ ᠬᠡᠲᠦᠷᠬᠡᠶ᠎ᠡ ᠶᠡᠬᠡ ᠪᠠᠳᠠᠷᠠᠩᠭᠤᠢ ᠳ᠋ᠤᠷ ᠮᠤᠩᠬᠠᠭ ᠬᠥᠪᠡᠭᠦᠨ ᠴᠢᠬᠤᠯ ᠬᠠᠪᠴᠠᠭᠠᠢ ᠳ᠋ᠤᠷ ᠠᠲᠠᠭᠠᠷᠬᠠᠨ ᠬᠠᠷᠠᠳᠠᠭᠰᠠᠭᠠᠷ᠂ ᠡᠨᠡ ᠮᠡᠲᠦ ᠲᠡᠷᠰᠯᠡᠭᠦᠦ ᠬᠡᠷᠡᠭ ᠡᠭᠦᠰᠬᠡᠵᠦ᠂ ᠲᠦᠮᠡᠨ ᠳ᠋ᠦ᠍ᠷ ᠲᠦᠭᠡᠭᠡᠨ᠂ ᠮᠢᠩᠭᠠᠨ ᠳ᠋ᠤᠷ ᠮᠢᠯᠢᠶᠠᠭᠰᠠᠭᠠᠷ ᠭᠡᠷ ᠦ᠋ᠨ ᠡᠮᠡᠰ ᠬᠡᠦᠬᠡᠳ ᠲᠣᠷ ᠬᠦᠷᠲᠡᠯ᠎ᠡ ᠴᠥᠮ ᠦᠭᠡᠰ ᠦ᠋ᠨ ᠪᠠᠷᠢᠭᠤᠯ ᠪᠣᠯᠵᠤ ᠂ ᠬᠡᠷᠡᠭᠦᠯ ᠲᠡᠮᠡᠴᠡᠯ ᠬᠡᠯᠡᠨ ᠤ ᠦᠵᠦᠭᠦᠷ ᠲᠣᠷ ᠭᠠᠷᠴᠤ᠂ ᠬᠡᠬᠦᠳᠡᠭ ᠳᠡᠯᠪᠡᠷᠡᠪᠡᠴᠦ ᠲᠠᠯᠠᠭᠠᠷ ᠪᠣᠯᠵᠤᠬᠤᠢ᠃ ᠠᠶ᠎ᠠ ! ᠬᠡᠷᠡᠢᠳ ᠦ᠋ᠨ ᠸᠠᠩ ᠬᠠᠭᠠᠨ ᠲᠤᠭᠤᠷᠢᠯ᠂ ᠮᠠᠭᠤ ᠬᠥᠪᠡᠭᠦᠨ ᠢᠯᠠᠭᠤ ᠶ᠋ᠢᠨ ᠰᠢᠯᠲᠠᠭ ᠢ᠋ᠶ᠋ᠠᠷ ᠶᠠᠰᠤ ᠮᠢᠬ᠎ᠠ ᠰᠢᠯᠡᠪ ᠴᠠᠪᠴᠢᠭᠳᠠᠨ ᠂ ᠵᠠᠮᠤᠬ᠎ᠠ ᠪᠣᠭᠣᠯ ᠳ᠋ᠤᠷ ᠠᠯᠠᠭᠳᠠᠪᠠ᠃ ᠶᠠᠭᠠᠬᠢᠶ᠎ᠠ ᠪᠢ ᠶᠠᠭᠠᠬᠢᠨ ᠡᠨᠡ ᠪᠡᠶ᠎ᠡ ᠶ᠋ᠢ ᠶᠡᠭᠦᠳᠬᠡᠶ᠎ᠡ ? 》ᠬᠡᠮᠡᠲᠡᠯ᠎ᠡ ᠶᠡᠬᠡ ᠴᠠᠴᠠᠷ ᠤ᠋ᠨ ᠪᠠᠷᠠᠭᠤᠨ ᠬᠠᠯᠬᠠᠪᠴᠢᠨ ᠤ᠋ ᠴᠠᠭᠠᠨ᠎ᠠ ᠶᠡᠬᠡᠯ᠎ᠡ ᠦᠢᠮᠡᠵᠦ᠂ ᠨᠢᠭᠡᠨ ᠬᠥᠮᠦᠨ ᠥᠨᠳᠥᠷ ᠳᠠᠭᠤᠨ ᠢ᠋ᠶ᠋ᠠᠷ ᠲᠡᠭᠷᠢ ᠶ᠋ᠢ ᠳᠠᠭᠤᠳᠠᠨ ᠪᠠᠷᠬᠢᠷᠠᠨ ᠤᠬᠢᠯᠠᠵᠤ ᠭᠠᠵᠠᠷ ᠲᠤᠷ ᠤᠨᠠᠵᠤ᠂ ᠪᠠᠰᠠ ᠨᠢᠭᠡᠨ ᠬᠥᠮᠦᠨ ᠣᠷᠬᠢᠷᠠᠨ ᠴᠠᠷᠬᠢᠷᠠᠨ ᠴᠢᠭᠯᠡᠷᠡᠨ ᠣᠷᠢᠯᠠᠵᠤ᠂ ᠢᠯᠳᠦ ᠵᠡᠪᠰᠡᠭ ᠦ᠋ᠨ ᠴᠢᠮᠡᠭᠡ ᠭᠠᠷᠤᠮᠤᠢ᠂ ᠶᠠᠮᠪᠠᠷ ᠬᠤᠪᠢᠰᠤᠯ ᠪᠣᠯᠤᠭᠰᠠᠨ ᠢ᠋ ᠳᠣᠣᠷᠠᠲᠤ ᠪᠦᠯᠦᠭ ᠲᠣᠷ ᠦᠵᠡᠭᠳᠡᠬᠦᠢ᠃ 
       ᠦᠨᠡᠨ ᠶᠣᠰᠣ ᠶ᠋ᠢ ᠦᠬᠦᠵᠦ ᠲᠦᠷᠦᠪᠡᠴᠦ ᠦᠭᠡᠢ ᠪᠣᠯᠭᠠᠬᠤᠶ᠎ᠠ ᠪᠡᠷᠬᠡ ᠪᠥᠭᠡᠳ 
       ᠦᠢᠯᠡᠳᠦᠭᠰᠡᠨ ᠶᠠᠯ᠎ᠠ ᠶ᠋ᠢ ᠦᠶ᠎ᠡ ᠦᠶ᠎ᠡ ᠵᠢᠭᠰᠢᠬᠦ ᠶ᠋ᠢ ᠬᠡᠨ ᠵᠣᠭᠰᠣᠭᠠᠵᠤ ᠴᠢᠳᠠᠮᠤᠢ? 
       ᠦᠬᠦᠵᠦ ᠡᠴᠢᠭᠰᠡᠨ ᠲᠠᠢᠶᠠᠩ ᠬᠠᠭᠠᠨ ᠴᠤ᠌ ᠶᠢᠰᠦᠨ ᠪᠤᠯᠠᠭ ᠲᠤᠷ ᠳᠠᠯᠠᠰᠢᠶᠠᠨᠠᠮ ᠪᠥᠭᠡᠲᠡᠯ᠎ᠡ 
       ᠦᠯᠡᠳᠡᠵᠦ ᠪᠦᠬᠦᠢ ᠠᠯᠲᠠᠨᠱᠠᠭ᠎ᠠ ᠬᠦᠩ ᠦᠨᠡᠬᠡᠷ ᠴᠢᠳᠠᠯ ᠦᠭᠡᠢ ᠪᠣᠯᠤᠮᠤᠢ ᠤᠤ?  

– – – –  
①  ᠡᠳᠡᠭᠡᠷ ᠤᠯᠤᠰ ᠡᠳᠦᠭᠡ ᠪᠣᠯᠲᠠᠯ᠎ᠠ ᠮᠠᠩᠨᠠᠢ ᠳ᠋ᠤᠷ ᠶᠢᠰᠦᠨ ᠵᠦᠢᠯ ᠦ᠋ᠨ ᠡᠷᠳᠡᠨᠢ ᠶ᠋ᠢ ᠰᠢᠭᠢᠳᠬᠡᠵᠦ ᠨᠠᠭᠠᠭᠠᠳ ᠰᠠᠢᠨ ᠡᠷ᠎ᠡ ᠪᠡᠨ ᠢᠯᠡᠳᠬᠡᠵᠦ ᠶᠠᠪᠤᠬᠤ ᠪᠤᠶᠤ᠃ ᠡᠳᠦᠭᠡ ᠳᠠᠢᠴᠢᠩ ᠤᠯᠤᠰ ᠲᠤᠷ ᠮᠥᠨ ᠨᠢᠭᠡᠨ ᠰᠠᠯᠠᠭᠠᠨ ᠤ᠋ ᠠᠯᠪᠠ ᠪᠠᠷᠢᠮᠤᠢ᠃ ᠲᠡᠳᠡᠨ ᠢ ᠨᠡᠢᠰᠯᠡᠯ ᠳ᠋ᠦ᠍ᠷ ᠣᠷᠣᠭᠤᠯᠬᠤ ᠦᠭᠡᠢ᠂ ᠡᠳᠦᠭᠡᠬᠢ ᠮᠣᠩᠭᠣᠯ ᠦᠰᠦᠭ ᠦ᠋ᠨ ᠴᠠᠭ ᠲᠣᠭᠠᠨ ᠤ᠋ ᠯᠢᠳᠣ ᠪᠢᠴᠢᠭ — ᠬᠤᠸᠠᠩᠯᠢ ᠳ᠋ᠤᠷ ᠶᠡᠬᠡ ᠤᠮᠠᠷᠠᠲᠤ ᠲᠡᠩᠨᠣ ᠠᠭᠤᠯᠠᠨ ᠤ᠋ ᠤᠷᠢᠶᠠᠩᠬᠠᠢ ᠬᠡᠮᠡᠭᠴᠢ ᠡᠳᠡᠭᠡᠷ ᠭᠠᠵᠠᠷ ᠣᠷᠣᠨ ᠮᠥᠨ ᠪᠤᠶᠤ᠃