ᠰᠠᠶ᠎ᠠ ᠵᠢᠸ᠎ᠠ ᠸᠠᠩᠰᠠᠮᠪᠠᠷᠤᠤ – ᠶᠣᠨᠳᠣᠨ ᠤ ᠪᠢᠯᠢᠭ᠌ - ᠪᠠᠭᠠᠲᠤᠷ Сая жаваа вансамбаруу –Ёндоны Билиг - Баатар
ᠰᠠᠶ᠎ᠠ ᠵᠢᠸ᠎ᠠ ᠸᠠᠩᠰᠠᠮᠪᠠᠷᠤᠤ
ᠰᠠᠨᠰᠠᠷ ᠭᠠᠷᠬᠠᠰ ᠢ᠋ ᠠᠷᠭᠠᠳᠠᠨ ᠦᠨᠦᠰᠦᠩᠬᠡᠨ
ᠰᠠᠢᠬᠠᠨ ᠢᠷᠦᠭᠡᠯᠲᠦ ᠬᠥᠮᠦᠰ ᠢ᠋ ᠢᠪᠡᠭᠡᠩᠬᠡᠨ
ᠰᠠᠷᠠᠨ ᠤ᠋ ᠭᠡᠷᠡᠯ ᠰᠠᠴᠤᠷᠠᠭ ᠢ᠋ ᠱᠠᠯ ᠰᠦᠯᠡᠩᠭᠡᠨ
ᠴᠠᠰᠤᠲᠤ ᠥᠨᠳᠥᠷᠯᠢᠭ ᠦ᠋ᠨ ᠵᠤᠯᠠᠢ ᠲᠡᠪᠡᠷᠢᠨ
ᠴᠠᠭᠠᠨ ᠯᠢᠩᠬᠤᠸ᠎ᠠ ᠥᠩᠭᠡ ᠶ᠋ᠢ ᠳᠠᠷᠤᠨ
ᠴᠠᠭᠯᠠᠰᠢ ᠦᠭᠡᠢ ᠬᠠᠢᠷ᠎ᠠ ᠶ᠋ᠢ ᠲᠤᠩᠬᠠᠭᠯᠠᠨ
ᠣᠳᠬᠠᠨ ᠲᠡᠭᠷᠢ ᠶ᠋ᠢᠨ ᠣᠷᠭᠢᠯ ᠨᠠᠯ ᠳᠡᠯᠭᠡᠷᠡᠨᠡᠮ
ᠮᠢᠩᠭ᠎ᠠ ᠮᠢᠩᠭᠠᠨ ᠳᠤᠷᠠᠯᠠᠯ ᠳᠠᠭᠠᠵᠤ ᠰᠠᠴᠤᠷᠠᠨᠠᠮ
ᠮᠢᠨᠦ ᠬᠠᠢᠷᠠᠲᠠᠢ ᠬᠠᠨᠢ ᠭᠤᠸ᠎ᠠ ᠳᠤᠸᠠᠯᠠᠨᠠᠮ ᠪᠤᠶᠤ
ᠮᠠᠷᠲᠠᠭᠳᠠᠰᠢ ᠦᠭᠡᠢ ᠮᠥᠴᠡ ᠬᠠᠯᠭᠢᠯᠠᠨᠠᠮ ᠪᠤᠶᠤ
ᠤᠳᠬ᠎ᠠ ᠲᠡᠭᠦᠯᠳᠡᠷ ᠣᠷᠴᠢᠯᠠᠩ ᠬᠠᠢᠯᠠᠨᠠᠮ ᠪᠤᠶᠤ
ᠸᠠᠩᠰᠠᠮᠪᠤᠷᠤᠤ ᠥᠨᠢᠳᠡ ᠬᠣᠣᠰ ᠢ᠋ᠶ᠋ᠠᠷ ᠢᠷᠡᠨᠡᠮ
ᠸ᠂ ᠢᠨᠵᠠᠨᠨᠠᠰᠢ ᠢᠵᠠᠭᠤᠷ ᠲᠤ᠌ ᠰᠢᠯᠦᠭᠯᠡᠭᠰᠡᠨ
ᠶᠡᠬᠡ ᠨᠠᠴᠤᠭᠳᠣᠷᠵᠢ ᠮᠡᠯᠮᠡᠢ ᠲᠤᠨᠤᠷᠠᠭᠰᠠᠨ
ᠢᠬᠢᠷ᠎ᠡ ᠸᠠᠩᠰᠠᠮᠪᠤᠷᠤᠤ ᠶ᠋ᠢ ᠬᠡᠨ ᠬᠠᠷᠠᠨᠠᠮ ᠪᠣᠢ
ᠠᠯᠲᠠᠨ ᠵᠠᠶᠠᠭ᠎ᠠ ᠲᠠᠢ ᠨᠢᠭᠡ ᠨᠢ ᠦᠵᠡᠨᠡᠮ
ᠠᠯᠠᠭ ᠵᠢᠷᠦᠬᠡᠨ ᠳ᠋ᠦ᠍ ᠨᠢ ᠨᠠᠷᠠ ᠡᠷᠬᠡᠯᠡᠨᠡᠮ ᠪᠤᠶᠤ
ᠠᠢ ᠳᠠ ᠬᠥᠭᠡᠷᠦᠬᠦᠢ᠂ ᠠᠮᠠᠷᠠᠭ ᠤ᠋ᠨ ᠰᠠᠨᠠᠭ᠎ᠠ
ᠠᠰᠬᠠᠷᠠᠭᠰᠠᠨ ᠴᠠᠭ ᠤ᠋ᠨ ᠬᠤᠷ᠎ᠠ ᠪᠠᠢᠪᠠᠤ ᠳᠠ
ᠠᠯᠢ ᠁ ᠡᠰᠡᠪᠡᠯ ᠁ ᠠᠷᠢᠶᠠᠪᠠᠯᠤ ᠪᠤᠷᠬᠠᠨ
ᠠᠷᠠᠢ ᠡᠷᠲᠡ ᠮᠡᠯᠮᠡᠷᠡᠭᠦᠯᠦᠭᠰᠡᠨ ᠰᠢᠭᠦᠳᠡᠷᠢ ᠤᠤ
2024. 4. 12 ᠰᠥᠨᠢ ᠪᠡᠷ ᠃
ᠬᠥᠬᠡᠬᠣᠲᠠᠨ᠎ᠠ ᠪᠦᠲᠦᠭᠡᠪᠡᠢ᠃
