ᠰᠢᠲᠠᠷᠠᠴᠢᠨ ᠬᠦᠦ- ᠬᠥᠲᠥᠯᠦᠭᠴᠢ ᠫ ∙ ᠠᠨᠤᠵᠢᠨ ᠪᠦᠪᠡᠢ 2D UnitelШатарчин хүү- Хөтлөгч П.Анужин _ Бүүвэй
ᠰᠢᠲᠠᠷᠠᠴᠢᠨ ᠬᠦᠦ- ᠬᠥᠲᠥᠯᠦᠭᠴᠢ ᠫ ∙ ᠠᠨᠤᠵᠢᠨ ᠪᠦᠪᠡᠢ 2D
ᠡᠷᠲᠡ ᠤᠷᠢᠳᠤ ᠶ᠋ᠢᠨ ᠴᠠᠭ ᠲᠤ ᠭᠠᠭᠴᠠ ᠬᠦᠦ ᠲᠡᠢ ᠡᠪᠦᠭᠡᠨ ᠡᠮᠡᠭᠡᠨ ᠬᠣᠶᠠᠷ ᠠᠮᠢᠳᠤᠷᠠᠨ ᠰᠠᠭᠤᠳᠠᠭ ᠪᠠᠢᠵᠠᠢ᠃
ᠭᠡᠲᠡᠯ᠎ᠡ ᠬᠦᠦ ᠨᠢ ᠨᠢᠭᠡ ᠡᠳᠦᠷ ᠭᠡᠨᠡᠳᠲᠡ ᠰᠤᠷᠠᠭ ᠦᠭᠡᠢ ᠠᠯᠠᠭ᠎ᠠ ᠪᠣᠯᠴᠢᠬᠠᠵᠠᠢ ᠭᠡᠨ᠎ᠡ᠃
ᠡᠴᠢᠭᠡ ᠡᠬᠡ ᠨᠢ ᠭᠠᠭᠴᠠ ᠬᠦᠦ ᠶ᠋ᠢᠨ ᠢ᠋ᠶ᠋ᠡᠨ ᠬᠣᠢᠨ᠎ᠠ ᠠ᠋ᠴᠠ ᠰᠠᠨᠠᠭ᠎ᠠ ᠪᠠᠷ ᠤᠨᠠᠵᠤ᠃ ᠦᠷᠭᠦᠯᠵᠢ ᠠᠰᠠᠭᠤᠵᠤ ᠰᠤᠷᠠᠭᠯᠠᠭᠰᠠᠭᠠᠷ ᠪᠠᠢᠭᠰᠠᠨ ᠪᠣᠯᠪᠠᠴᠤ ᠣᠭᠲᠣ ᠰᠤᠷᠠᠭ ᠭᠠᠷᠤᠭᠰᠠᠨ ᠦᠭᠡᠢ ᠭᠡᠨ᠎ᠡ᠃
ᠭᠡᠲᠡᠯ᠎ᠡ ᠭᠤᠷᠪᠠᠨ ᠵᠢᠯ ᠦ᠋ᠨ ᠳᠠᠷᠠᠭ᠎ᠠ ᠬᠦᠦ ᠨᠢ ᠭᠡᠨᠡᠳᠲᠡ ᠣᠷᠣᠭᠠᠳ ᠢᠷᠡᠵᠡᠢ ᠭᠡᠨ᠎ᠡ᠃ ᠡᠴᠢᠭᠡ ᠡᠬᠡ ᠬᠣᠶᠠᠷ ᠨᠢ ᠪᠥᠭᠡᠮ ᠪᠠᠶᠠᠷ ᠪᠣᠯᠵᠠᠢ᠃
ᠲᠡᠭᠡᠭᠡᠳ ᠠᠪᠤ ᠨᠢ ᠬᠦᠦ ᠡᠴᠡ ᠪᠡᠨ᠄《ᠮᠢᠨᠦ ᠬᠦᠦ ᠭᠤᠷᠪᠠᠨ ᠵᠢᠯ ᠬᠠᠮᠢᠭᠠᠭᠤᠷ ᠶᠠᠭᠤ ᠶᠠᠭᠤ ᠦᠵᠡᠵᠦ ᠰᠤᠷᠴᠤ ᠢᠷᠡᠪᠡ?》 ᠭᠡᠵᠦ ᠠᠰᠠᠭᠤᠵᠠᠢ᠃
ᠬᠦᠦ ᠨᠢ᠄《ᠪᠢ ᠭᠤᠷᠪᠠᠨ ᠵᠢᠯ ᠣᠯᠠᠨ ᠭᠠᠵᠠᠷ ᠢ᠋ᠶ᠋ᠠᠷ ᠶᠠᠪᠤᠯ᠎ᠠ᠃ ᠭᠤᠷᠪᠠᠨ ᠵᠦᠢᠯ ᠢ᠋ ᠰᠤᠷᠤᠯ᠎ᠠ᠃
ᠡᠬᠢᠨ ᠦ᠌ ᠵᠢᠯ ᠳ᠋ᠦ᠍ ᠨᠢ ᠪᠢᠴᠢᠭ ᠦᠰᠦᠭ ᠰᠤᠷᠤᠯ᠎ᠠ᠃ ᠬᠣᠶᠠᠳᠠᠬᠢ ᠵᠢᠯ ᠳ᠋ᠦ᠍ ᠳᠠᠭᠤᠤ ᠳᠠᠭᠤᠯᠠᠵᠤ᠂ ᠬᠥᠭᠵᠢᠮ ᠳᠠᠷᠤᠵᠤ ᠰᠤᠷᠤᠯ᠎ᠠ᠃ ᠭᠤᠷᠪᠠᠳᠠᠬᠢ ᠵᠢᠯ ᠳ᠋ᠦ᠍ ᠨᠢ ᠰᠢᠳᠡᠷ᠎ᠡ ᠲᠣᠭᠯᠠᠵᠤ ᠰᠤᠷᠤᠯ᠎ᠠ》 ᠭᠡᠵᠦ ᠬᠡᠯᠡᠵᠡᠢ᠃
ᠢᠩᠭᠢᠭᠡᠳ ᠭᠤᠷᠪᠠᠭᠤᠯᠠ ᠪᠠᠨ ᠬᠠᠭᠤᠴᠢᠨ ᠶᠣᠰᠣᠭᠠᠷ ᠠᠮᠢᠳᠤᠷᠠᠨ ᠰᠠᠭᠤᠬᠤ ᠪᠣᠯᠵᠠᠢ ᠭᠡᠨ᠎ᠡ᠃
ᠨᠢᠭᠡᠨ ᠡᠳᠦᠷ ᠬᠡᠰᠡᠭ ᠠᠶᠠᠨᠴᠢᠨ ᠶᠠᠪᠤᠵᠤ ᠪᠠᠢᠭᠠᠳ ᠲᠡᠷᠡ ᠠᠢᠯ ᠤ᠋ᠨ ᠣᠢᠷ᠎ᠠ ᠢᠷᠡᠭᠡᠳ ᠪᠠᠭᠤᠵᠤ ᠦᠳᠡᠯᠡᠪᠡ᠃
ᠨᠥᠭᠦᠭᠡ ᠬᠦᠦ ᠠᠶᠠᠨᠴᠢᠳ ᠳᠡᠭᠡᠷ᠎ᠡ ᠣᠴᠢᠵᠤ ᠦᠵᠡᠪᠡᠯ ᠨᠢᠭᠡ ᠲᠣᠮᠣ ᠨᠣᠶᠠᠨ ᠶᠠᠪᠤᠵᠤ ᠪᠠᠢᠨ᠎ᠠ ᠭᠡᠨ᠎ᠡ᠃
ᠬᠦᠦ ᠨᠣᠶᠠᠨ ᠤ᠋ ᠠᠮᠤᠷ ᠮᠡᠨᠳᠦ ᠶ᠋ᠢ ᠮᠡᠳᠡᠭᠡᠳ᠄《ᠨᠣᠶᠠᠨ ᠲᠠ ᠬᠠᠮᠢᠭ᠎ᠠ ᠬᠦᠷᠬᠦ ᠪᠡᠷ ᠮᠣᠷᠢᠯᠠᠵᠤ ᠶᠠᠪᠤᠨ᠎ᠠ?》 ᠭᠡᠵᠦ ᠠᠰᠠᠭᠤᠵᠠᠢ᠃
《ᠪᠢ ᠠᠯᠤᠰ ᠬᠣᠯᠠ ᠶ᠋ᠢᠨ ᠨᠢᠭᠡ ᠭᠦᠷᠦᠨ ᠦ᠌ ᠡᠵᠡᠨ ᠬᠠᠭᠠᠨ ᠲᠠᠢ ᠠᠭᠤᠯᠵᠠᠬᠤ ᠪᠠᠷ ᠶᠠᠪᠤᠵᠤ ᠪᠠᠢᠨ᠎ᠠ᠃ ᠴᠢ ᠡᠨᠳᠡ ᠶᠠᠭᠤ ᠭᠡᠵᠦ ᠢᠷᠡᠪᠡ?》 ᠭᠡᠵᠦ ᠬᠦᠦ ᠡᠴᠡ ᠠᠰᠠᠭᠤᠵᠠᠢ ᠭᠡᠨ᠎ᠡ᠃
《ᠪᠢ ᠬᠤᠳᠠᠯᠳᠤᠭ᠎ᠠ ᠬᠢᠬᠦ ᠪᠡᠷ ᠶᠠᠪᠤᠵᠤ ᠪᠠᠢᠨ᠎ᠠ》 ᠭᠡᠵᠦ ᠬᠦᠦ ᠬᠠᠷᠢᠭᠤᠯᠵᠠᠢ᠃
《ᠴᠢ ᠶᠠᠭᠤᠨ ᠤ᠋ ᠬᠤᠳᠠᠯᠳᠤᠭ᠎ᠠ ᠬᠢᠬᠦ ᠶᠦᠮ?》 ᠭᠡᠵᠦ ᠨᠣᠶᠠᠨ ᠠᠰᠠᠭᠤᠪᠠ᠃
《ᠪᠢ ᠥᠪᠡᠷ ᠢ᠋ ᠪᠡᠨ ᠬᠤᠳᠠᠯᠳᠤᠨ᠎ᠠ》 ᠭᠡᠵᠦ ᠬᠦᠦ ᠬᠠᠷᠢᠭᠤᠯᠵᠠᠢ ᠭᠡᠨ᠎ᠡ᠃
《ᠲᠡᠭᠡᠪᠡᠯ ᠴᠢᠨᠦ ᠪᠡᠶ᠎ᠡ ᠶᠠᠮᠠᠷ ᠦᠨ᠎ᠡ ᠲᠡᠢ ᠶᠦᠮ ᠪᠣᠢ?》
《ᠮᠢᠨᠦ ᠪᠡᠶ᠎ᠡ ᠨᠢᠭᠡ ᠲᠤᠯᠤᠮ ᠠᠯᠲᠠᠨ ᠤ᠋ ᠦᠨ᠎ᠡ ᠲᠡᠢ》 ᠭᠡᠵᠦ ᠬᠦᠦ ᠬᠠᠷᠢᠭᠤᠯᠪᠠ᠃
ᠨᠣᠶᠠᠨ᠄《ᠡᠨᠡ ᠮᠠᠭᠤ ᠨᠠᠮ᠎ᠠ ᠶ᠋ᠢ ᠠᠯᠲᠠ ᠮᠥᠩᠭᠥ ᠦᠭᠡᠢ ᠭᠡᠵᠦ ᠪᠠᠰᠤᠮᠵᠢᠯᠠᠵᠤ ᠪᠠᠢᠨ᠎ᠠ᠃ ᠡᠭᠦᠨ ᠡᠴᠡ ᠰᠡᠭᠦᠯ ᠳ᠋ᠦ᠍ ᠬᠠᠷᠢᠭᠤ ᠪᠠᠨ ᠠᠪᠤᠨ᠎ᠠ》 ᠭᠡᠳ ᠨᠢᠭᠡ ᠲᠤᠯᠤᠮ ᠠᠯᠲᠠ ᠠᠪᠤ ᠡᠵᠢ ᠳ᠋ᠦ᠍ ᠨᠢ ᠥᠭᠭᠦᠭᠡᠳ᠄
ᠨᠥᠭᠦᠭᠡ ᠬᠦᠦ ᠶ᠋ᠢ ᠲᠤᠯᠤᠮ ᠳ᠋ᠤ᠌ ᠬᠢᠵᠦ ᠨᠢᠭᠡ ᠪᠢᠴᠢᠭ ᠪᠢᠴᠢᠵᠦ ᠲᠣᠯᠣᠭᠠᠢ ᠶ᠋ᠢᠨ ᠬᠢᠨᠢ ᠦᠰᠦᠨ ᠳ᠋ᠦ᠍ ᠤᠶᠠᠭᠠᠳ ᠲᠤᠯᠤᠮ ᠤ᠋ᠨ ᠢ᠋ᠶ᠋ᠠᠨ ᠠᠮᠠ ᠶ᠋ᠢ ᠦᠳᠡᠭᠡᠳ᠄
《ᠮᠠᠨ ᠤ᠋ ᠳ᠋ᠤ᠌ ᠠᠪᠠᠴᠢᠵᠤ ᠲᠤᠰᠢᠶ᠎ᠠ!》 ᠭᠡᠳ ᠬᠣᠶᠠᠷ ᠵᠠᠷᠤᠯᠠᠭ ᠢ᠋ᠶ᠋ᠠᠷ ᠶᠠᠪᠤᠭᠤᠯᠵᠠᠢ᠃
ᠲᠡᠭᠡᠭᠡᠳ ᠬᠣᠶᠠᠷ ᠵᠠᠷᠤᠯᠠᠭ ᠬᠦᠦ ᠶ᠋ᠢ ᠠᠪᠤᠭᠠᠳ ᠪᠤᠴᠠᠭᠠᠳ ᠶᠠᠪᠤᠵᠠᠢ᠃ ᠬᠦᠦ ᠵᠠᠮ ᠳ᠋ᠤ᠌ ᠪᠠᠨ ᠲᠤᠯᠤᠮ ᠳᠣᠲᠣᠷ᠎ᠠ ᠬᠠᠴᠢᠨ ᠰᠠᠢᠬᠠᠨ ᠳᠠᠭᠤᠤ ᠳᠠᠭᠤᠯᠠᠵᠤ ᠶᠠᠪᠤᠵᠠᠢ ᠭᠡᠨ᠎ᠡ᠃ ᠬᠣᠶᠠᠷ ᠵᠠᠷᠤᠯᠠᠭ ᠤ᠋ᠨ ᠰᠡᠳᠬᠢᠯ ᠤᠶᠠᠷᠠᠵᠤ ᠥᠷᠦᠪᠳᠦᠭᠡᠳ ᠲᠤᠯᠤᠮ ᠠ᠋ᠴᠠ ᠨᠢ ᠭᠠᠷᠭᠠᠭᠠᠳ ᠢᠯᠡ ᠠᠪᠴᠤ ᠶᠠᠪᠤᠬᠤ ᠪᠣᠯᠵᠠᠢ᠃
ᠭᠤᠷᠪᠠᠭᠤᠯᠠ ᠶᠠᠪᠤᠭᠰᠠᠭᠠᠷ ᠨᠢᠭᠡ ᠶᠡᠬᠡ ᠵᠡᠭᠡᠰᠦᠲᠡᠢ ᠭᠣᠣᠯ ᠤ᠋ᠨ ᠳᠡᠷᠭᠡᠳᠡ ᠠᠮᠠᠷᠠᠬᠤ ᠪᠠᠷ ᠪᠠᠭᠤᠳᠠᠯᠯᠠᠵᠠᠢ ᠭᠡᠨ᠎ᠡ᠃
ᠬᠦᠦ ᠲᠡᠷᠡ ᠵᠡᠭᠡᠰᠦᠨ ᠡᠴᠡ ᠨᠢᠭᠡ ᠶ᠋ᠢ ᠠᠪᠴᠢᠷᠠᠵᠤ ᠯᠢᠮᠪᠦ ᠬᠢᠭᠡᠳ ᠭᠠᠢᠬᠠᠮᠰᠢᠭᠲᠠᠢ ᠰᠠᠢᠬᠠᠨ ᠯᠢᠮᠪᠦᠳᠡᠵᠡᠢ ᠭᠡᠨ᠎ᠡ᠃
ᠬᠣᠶᠠᠷ ᠵᠠᠷᠤᠯᠠᠭ ᠴᠢᠩᠨᠠᠭᠰᠠᠭᠠᠷ ᠪᠠᠢᠭᠠᠳ ᠤᠨᠲᠠᠵᠤ ᠣᠷᠬᠢᠵᠠᠢ᠃
ᠡᠨᠡ ᠵᠠᠪᠰᠠᠷ ᠬᠦᠦ ᠦᠰᠦᠨ ᠳ᠋ᠦ᠍ ᠪᠡᠨ ᠪᠠᠢᠭ᠎ᠠ ᠪᠢᠴᠢᠭ ᠢ᠋ ᠠᠪᠴᠤ ᠦᠵᠡᠪᠡᠯ᠄《ᠡᠭᠦᠨ ᠢ᠋ ᠱᠣᠷᠣᠩ ᠳ᠋ᠤ᠌ ᠬᠢᠭᠡᠳ ᠨᠠᠮ᠎ᠠ ᠶ᠋ᠢ ᠣᠴᠢᠲᠠᠯ᠎ᠠ ᠰᠠᠢᠨ ᠴᠠᠭᠳᠠᠵᠤ ᠪᠠᠢᠭᠠᠷᠠᠢ!》 ᠭᠡᠰᠡᠨ ᠪᠠᠢᠪᠠ᠃
ᠬᠦᠦ ᠲᠡᠷᠡ ᠪᠢᠴᠢᠭ ᠦ᠋ᠨ ᠬᠢᠨᠢ ᠣᠷᠣᠨ ᠳ᠋ᠤ᠌᠄《ᠡᠭᠦᠨ ᠢ᠋ ᠮᠠᠨ ᠤ᠋ ᠭᠡᠷ ᠲᠦ᠍ ᠰᠠᠭᠤᠯᠭᠠᠵᠤ ᠰᠠᠢᠬᠠᠨ ᠬᠣᠭᠣᠯᠠ ᠥᠭᠴᠦ᠂ ᠳᠤᠷ᠎ᠠ ᠪᠠᠷ ᠨᠢ ᠪᠠᠢᠯᠭᠠᠵᠤ ᠰᠠᠢᠨ ᠠᠰᠠᠷᠠᠵᠤ ᠪᠠᠢ!》 ᠭᠡᠵᠦ ᠪᠢᠴᠢᠭᠡᠳ ᠦᠰᠦᠨ ᠳ᠋ᠦ᠍ ᠪᠡᠨ ᠤᠶᠠᠴᠢᠬᠠᠵᠠᠢ᠃
ᠲᠡᠭᠡᠭᠡᠳ ᠥᠨᠥᠬᠢ ᠬᠣᠶᠠᠷ ᠵᠠᠷᠤᠯᠠᠭ ᠰᠡᠷᠡᠭᠡᠳ ᠬᠦᠦ ᠶ᠋ᠢ ᠲᠤᠯᠤᠮ ᠳ᠋ᠤ᠌ ᠨᠢ ᠬᠢᠵᠦ ᠦᠳᠡᠭᠡᠳ ᠵᠠᠬᠢᠷᠤᠭᠴᠢ ᠳ᠋ᠤ᠌ ᠨᠢ ᠲᠤᠰᠢᠶᠠᠵᠠᠢ᠃ ᠵᠠᠬᠢᠷᠤᠭᠴᠢ ᠨᠢ ᠲᠤᠯᠤᠮ ᠢ᠋ ᠬᠠᠨᠵᠠᠯᠠᠵᠤ ᠦᠵᠡᠪᠡᠯ ᠵᠠᠯᠠᠭᠤ ᠬᠦᠦ ᠭᠠᠷᠴᠤ ᠢᠷᠡᠪᠡ᠃
ᠲᠡᠭᠦᠨ ᠦ᠌ ᠦᠰᠦᠨ ᠳ᠋ᠦ᠍ ᠪᠠᠢᠭ᠎ᠠ ᠪᠢᠴᠢᠭ ᠢ᠋ ᠦᠵᠡᠪᠡᠯ᠄《ᠡᠭᠦᠨ ᠢ᠋ ᠮᠠᠨ ᠤ᠋ ᠭᠡᠷ ᠲᠦ᠍ ᠰᠠᠭᠤᠯᠭᠠᠵᠤ ᠰᠠᠢᠬᠠᠨ ᠬᠣᠭᠣᠯᠠ ᠥᠭᠴᠦ᠂ ᠳᠤᠷ᠎ᠠ ᠪᠠᠷ ᠨᠢ ᠪᠠᠢᠯᠭᠠᠵᠤ ᠰᠠᠢᠨ ᠠᠰᠠᠷᠠᠵᠤ ᠪᠠᠢ!》 ᠭᠡᠰᠡᠨ ᠪᠠᠢᠵᠠᠢ᠃
《ᠲᠡᠭᠡᠭᠡᠳ ᠲᠤᠯᠤᠮ ᠳ᠋ᠤ᠌ ᠬᠢᠵᠦ ᠶᠠᠪᠤᠭᠤᠯᠳᠠᠭ ᠨᠢ ᠶᠠᠭᠠᠬᠢᠵᠤ ᠪᠠᠢᠭ᠎ᠠ ᠶᠤᠮ ᠪᠣᠯ? ᠬᠥᠮᠦᠨ ᠳ᠋ᠦ᠍ ᠦᠵᠡᠭᠦᠯᠬᠦ ᠦᠭᠡᠢ ᠴᠢᠬᠤᠯᠠ ᠬᠥᠮᠦᠨ ᠪᠠᠢᠭᠰᠠᠨ ᠶᠤᠮ ᠪᠣᠯᠪᠠ ᠤᠤ? ᠭᠡᠵᠦ ᠡᠯᠳᠡᠪ ᠢ᠋ ᠪᠣᠳᠣᠭᠰᠠᠭᠠᠷ ᠨᠣᠶᠠᠨ ᠤ᠋ ᠬᠠᠲᠤᠨ ᠳ᠋ᠤ᠌ ᠥᠨᠥᠬᠢ ᠪᠢᠴᠢᠭ ᠢ᠋ ᠨᠢ ᠠᠪᠠᠴᠢᠵᠤ ᠦᠵᠡᠭᠦᠯᠦᠭᠡᠳ ᠬᠦᠦ ᠶ᠋ᠢ ᠨᠣᠶᠠᠨ ᠤ᠋ ᠳ᠋ᠤ᠌ ᠰᠠᠭᠤᠯᠭᠠᠪᠠ᠃
ᠬᠦᠦ ᠨᠣᠶᠠᠨ ᠤ᠋ ᠭᠡᠷ ᠲᠦ᠍ ᠶᠠᠩᠵᠤ ᠪᠦᠷᠢ ᠶ᠋ᠢᠨ ᠰᠠᠢᠬᠠᠨ ᠠᠮᠲᠠᠲᠠᠢ ᠬᠣᠭᠣᠯᠠ ᠬᠢᠯᠭᠡᠵᠦ ᠢᠳᠡᠭᠡᠳ ᠳᠤᠷ᠎ᠠ ᠪᠠᠷ ᠢ᠋ᠶ᠋ᠠᠨ ᠰᠠᠭᠤᠬᠤ ᠪᠣᠯᠵᠠᠢ ᠭᠡᠨ᠎ᠡ᠃
ᠭᠡᠷ ᠲᠦ᠍ ᠨᠢ ᠪᠠᠢᠬᠤ ᠬᠤᠭᠤᠴᠠᠭᠠᠨ ᠳ᠋ᠤ᠌ ᠠᠵᠢᠭᠯᠠᠭᠠᠳ ᠪᠠᠢᠬᠤ ᠳ᠋ᠤ᠌ ᠪᠠᠷᠠᠭᠤᠨ ᠠᠭᠤᠯᠠ ᠶ᠋ᠢᠨ ᠬᠠᠮᠠᠷ ᠳᠡᠭᠡᠷ᠎ᠡ ᠶᠡᠷᠦ ᠬᠥᠮᠦᠨ ᠭᠠᠷᠬᠤ ᠦᠭᠡᠢ ᠪᠣᠯᠤᠯᠲᠠᠢ ᠶᠤᠮ ᠭᠡᠨ᠎ᠡ᠃
ᠨᠢᠭᠡᠨ ᠡᠳᠦᠷ ᠬᠦᠦ ᠨᠢᠭᠡ ᠬᠥᠮᠦᠨ ᠡᠴᠡ᠄《ᠡᠨᠡ ᠪᠠᠷᠠᠭᠤᠨ ᠬᠠᠮᠠᠷ ᠳᠡᠭᠡᠷ᠎ᠡ ᠶᠠᠭᠠᠬᠢᠭᠠᠳ ᠬᠥᠮᠦᠨ ᠭᠠᠷᠳᠠᠭ ᠦᠭᠡᠢ ᠶᠦᠮ ᠪᠣᠢ?》 ᠭᠡᠵᠦ ᠠᠰᠠᠭᠤᠵᠠᠢ᠃
《ᠡᠨᠡ ᠪᠠᠷᠠᠭᠤᠨ ᠬᠠᠮᠠᠷ ᠤ᠋ᠨ ᠴᠠᠭᠠᠳᠤ ᠲᠠᠯ᠎ᠠ ᠳ᠋ᠤ᠌ ᠨᠢᠭᠡ ᠶᠡᠬᠡ ᠰᠢᠲᠠᠷᠠᠴᠢᠨ ᠠᠢᠬᠤᠪᠲᠤᠷ ᠬᠠᠭᠠᠨ ᠤ᠋ ᠬᠢ ᠪᠠᠢᠳᠠᠭ ᠶᠤᠮ᠃ ᠲᠡᠷᠡ ᠬᠠᠭᠠᠨ ᠥᠪᠡᠷ ᠲᠡᠢ ᠪᠡᠨ ᠰᠢᠲᠠᠷ᠎ᠠ ᠲᠣᠭᠯᠠᠭᠠᠳ ᠬᠣᠵᠢᠬᠳᠠᠰᠠᠨ ᠬᠥᠮᠦᠨ ᠢ᠋ ᠲᠣᠯᠣᠭᠠᠢ ᠠᠪᠳᠠᠭ ᠶᠤᠮ》 ᠭᠡᠵᠦ ᠨᠥᠭᠦᠭᠡ ᠬᠥᠮᠦᠨ ᠬᠡᠯᠡᠵᠡᠢ᠃
ᠡᠭᠦᠨ ᠢ᠋ ᠰᠣᠨᠣᠰᠤᠭᠠᠳ ᠬᠦᠦ᠄《ᠪᠢ ᠨᠢᠭᠡ ᠵᠢᠯ ᠰᠢᠲᠠᠷ᠎ᠠ ᠶ᠋ᠢᠨ ᠡᠷᠳᠡᠮ ᠳ᠋ᠦ᠍ ᠰᠢᠮᠳᠠᠵᠤ ᠰᠢᠲᠠᠷ᠎ᠠ ᠰᠤᠷᠤᠭᠰᠠᠨ ᠤ᠋ ᠬᠡᠷᠡᠭ ᠶᠠᠭᠤ ᠪᠢᠯᠡ᠃ ᠡᠨᠡ ᠬᠠᠭᠠᠨ ᠲᠠᠢ ᠨᠢᠭᠡ ᠨᠡᠭᠦᠭᠡᠳ ᠦᠵᠡᠶ᠎ᠡ᠃ ᠶᠡᠷᠦ ᠨᠢ ᠡᠨᠳᠡ ᠤᠳᠠᠭᠠᠨ ᠪᠠᠢᠵᠤ ᠪᠣᠯᠬᠤ ᠦᠭᠡᠢ ᠪᠠᠢᠬ᠎ᠠ》 ᠭᠡᠵᠦ ᠪᠣᠳᠣᠭᠠᠳ ᠨᠢᠭᠡ ᠡᠳᠦᠷ ᠪᠠᠷᠠᠭᠤᠨ ᠬᠠᠮᠠᠷ ᠳᠡᠭᠡᠷ᠎ᠡ ᠭᠠᠷᠴᠠᠢ ᠭᠡᠨ᠎ᠡ᠃
ᠭᠡᠲᠡᠯ᠎ᠡ ᠲᠡᠷᠡ ᠬᠠᠭᠠᠨ ᠤ᠋ ᠮᠠᠨᠠᠭᠠᠴᠢ ᠨᠠᠷ ᠨᠢ ᠪᠠᠷᠢᠵᠤ ᠠᠪᠠᠴᠢᠭᠠᠳ ᠬᠠᠭᠠᠨ ᠲᠠᠢ ᠠᠭᠤᠯᠵᠠᠭᠤᠯᠵᠠᠢ ᠭᠡᠨ᠎ᠡ᠃
《ᠴᠢ ᠶᠠᠭᠤ ᠭᠡᠵᠦ ᠡᠨᠡ ᠬᠠᠮᠠᠷ ᠳᠡᠭᠡᠷ᠎ᠡ ᠭᠠᠷᠴᠤ ᠢᠷᠡᠪᠡ?》 ᠭᠡᠵᠦ ᠬᠠᠭᠠᠨ ᠠᠰᠠᠭᠤᠵᠠᠢ᠃
《ᠪᠢ ᠡᠨᠳᠡ ᠬᠢ ᠶ᠋ᠢᠨ ᠬᠥᠮᠦᠨ ᠪᠢᠰᠢ ᠤᠴᠢᠷ ᠠ᠋ᠴᠠ ᠭᠠᠷᠳᠠᠭ᠂ ᠭᠠᠷᠳᠠᠭ ᠦᠭᠡᠢ ᠶ᠋ᠢ ᠮᠡᠳᠡᠭᠰᠡᠨ ᠦᠭᠡᠢ᠃ ᠵᠦᠭᠡᠷ ᠬᠡᠰᠦᠵᠦ ᠶᠠᠪᠤᠲᠠᠯ᠎ᠠ ᠲᠠᠨ ᠤ᠋ ᠬᠢᠨ ᠪᠠᠷᠢᠵᠤ ᠠᠪᠴᠢᠷᠠᠯ᠎ᠠ》 ᠭᠡᠵᠦ ᠬᠦᠦ ᠬᠡᠯᠡᠪᠡ᠃
《ᠵᠠ᠂ ᠲᠡᠭᠡᠪᠡᠯ ᠬᠣᠶᠠᠭᠤᠯᠠ ᠪᠠᠨ ᠰᠢᠳᠡᠷ᠎ᠡ ᠲᠠᠯᠪᠢᠨ᠎ᠠ ᠳᠠ᠃ ᠬᠣᠵᠢᠭᠳᠠᠪᠠᠯ ᠲᠣᠯᠣᠭᠠᠢ ᠦᠭᠡᠢ ᠭᠡᠵᠦ ᠮᠡᠳᠡᠭᠡᠷᠡᠢ!》 ᠭᠡᠵᠦ ᠬᠠᠭᠠᠨ ᠬᠡᠯᠡᠪᠡ᠃
《ᠵᠠ᠂ ᠪᠢ ᠴᠦ᠍ ᠰᠢᠲᠠᠷ᠎ᠠ ᠮᠡᠳᠡᠳᠡᠭ ᠦᠭᠡᠢ ᠳᠡ!》 ᠭᠡᠵᠦ ᠬᠦᠦ ᠬᠡᠯᠡᠵᠡᠢ᠃
《ᠮᠡᠳᠡᠬᠦ᠂ ᠮᠡᠳᠡᠬᠦ ᠦᠭᠡᠢ ᠬᠠᠮᠢᠶ᠎ᠠ ᠦᠭᠡᠢ》 ᠭᠡᠵᠦ ᠬᠠᠭᠠᠨ ᠬᠡᠯᠡᠭᠡᠳ ᠰᠢᠲᠠᠷ᠎ᠠ ᠪᠠᠨ ᠠᠪᠤᠭᠠᠳ ᠢᠷᠡᠵᠡᠢ ᠭᠡᠨ᠎ᠡ᠃
《ᠲᠣᠭᠯᠠᠵᠤ ᠪᠠᠢᠭ᠎ᠠ ᠶᠤᠮ ᠪᠣᠯᠬᠣᠷ ᠬᠡᠨ ᠬᠡᠨ ᠨᠢ ᠠᠳᠠᠯᠢᠬᠠᠨ ᠰᠢᠢᠳᠬᠡᠯ ᠲᠡᠢ ᠪᠠᠢᠨ᠎ᠠ ᠪᠢᠵᠡ ᠳᠡ?》 ᠭᠡᠵᠦ ᠬᠦᠦ ᠠᠰᠠᠭᠤᠵᠠᠢ᠃
ᠬᠠᠭᠠᠨ᠄《ᠴᠢ ᠬᠣᠵᠢᠬᠤ ᠵᠠᠶᠠᠭ᠎ᠠ ᠲᠠᠢ ᠲᠥᠷᠥᠭᠰᠡᠨ ᠪᠣᠯ ᠲᠡᠷᠡ ᠬᠣᠵᠢᠭᠰᠠᠨ ᠦᠶ᠎ᠡ ᠳ᠋ᠦ᠍ ᠴᠢᠨᠢ ᠪᠣᠯᠤᠶ᠎ᠠ!》 ᠭᠡᠵᠡᠢ ᠭᠡᠨ᠎ᠡ᠃
《ᠦᠭᠡᠢ ᠠ᠋᠂ ᠲᠡᠷᠡ ᠲᠤᠰᠠ ᠦᠭᠡᠢ᠃ ᠲᠣᠭᠯᠠᠭᠠᠮ ᠪᠣᠯᠬᠣᠷ ᠤᠷᠢᠳ ᠠ᠋ᠴᠠ ᠰᠠᠢᠨ ᠪᠣᠯᠵᠣᠵᠤ ᠲᠣᠭᠯᠠᠪᠠᠯ ᠳᠡᠭᠡᠷ᠎ᠡ!》 ᠭᠡᠵᠦ ᠬᠦᠦ ᠬᠡᠯᠡᠵᠡᠢ ᠭᠡᠨ᠎ᠡ᠃
《ᠴᠢ ᠲᠡᠭᠡᠭᠡᠳ ᠶᠠᠭᠠᠬᠢᠬᠤ ᠭᠡᠳ ᠪᠠᠢᠭ᠎ᠠ ᠶᠤᠮ ᠪᠣᠢ?》 ᠭᠡᠵᠦ ᠬᠠᠭᠠᠨ ᠠᠭᠤᠷᠯᠠᠪᠠ ᠭᠡᠨ᠎ᠡ᠃
《ᠲᠠ ᠨᠠᠮ᠎ᠠ ᠶ᠋ᠢ ᠬᠣᠨᠵᠢᠭᠳᠠᠪᠠᠯ ᠲᠣᠯᠣᠭᠠᠢ ᠦᠭᠡᠢ ᠭᠡᠰᠡᠨ ᠰᠢᠦ ᠳᠡ᠃ ᠲᠠ ᠬᠣᠨᠵᠢᠭᠳᠠᠪᠠᠯ ᠪᠠᠰᠠ ᠯᠠ ᠲᠣᠯᠣᠭᠠᠢ ᠦᠭᠡᠢ ᠪᠣᠯᠬᠤ ᠶᠣᠰᠣᠲᠠᠢ᠃ ᠡᠨᠡ ᠪᠣᠯ ᠲᠣᠭᠯᠠᠮ ᠤ᠋ᠨ ᠮᠥᠷᠥᠢ ᠪᠣᠯᠬᠤ ᠠ᠋ᠴᠠ ᠪᠢᠰᠢ ᠬᠠᠭᠠᠨ ᠲᠥᠷᠥ ᠶ᠋ᠢᠨ ᠬᠠᠤᠯᠢ ᠪᠢᠰᠢ ᠳᠡ᠃ ᠬᠡᠷᠪᠡ ᠢᠩᠭᠢᠵᠦ ᠲᠣᠭᠲᠠᠪᠠᠯ ᠴᠠᠭᠠᠰᠤᠨ ᠳᠡᠭᠡᠷ᠎ᠡ ᠪᠢᠴᠢᠴᠢᠬᠡᠳ ᠳᠡᠷᠭᠡᠳᠡ ᠪᠡᠨ ᠬᠣᠶᠠᠷ ᠰᠡᠯᠡᠮ᠎ᠡ ᠲᠠᠯᠪᠢᠭᠠᠳ ᠲᠣᠭᠯᠠᠶ᠎ᠠ!》 ᠭᠡᠵᠡᠢ ᠭᠡᠨ᠎ᠡ᠃
ᠬᠠᠭᠠᠨ᠄《ᠡᠨᠡ ᠮᠠᠭᠤ ᠬᠦᠦ ᠪᠠᠢᠲᠤᠭᠠᠢ ᠨᠡᠷᠡᠲᠡᠢ ᠰᠠᠢᠨ ᠰᠢᠲᠠᠷᠠᠴᠢᠨ ᠨᠠᠮ᠎ᠠ ᠶ᠋ᠢ ᠬᠣᠵᠢᠳᠠᠭ ᠦᠭᠡᠢ ᠶᠦᠮ ᠴᠢᠨᠢ᠃ ᠡᠨᠡ ᠨᠠᠮ᠎ᠠ ᠶ᠋ᠢ ᠶᠠᠭᠠᠬᠢᠵᠤ ᠬᠣᠵᠢᠬᠤ ᠪᠣᠢ ᠳᠠ᠃ ᠨᠢᠭᠡᠨᠲᠡ ᠬᠣᠵᠢᠬᠤ ᠦᠭᠡᠢ ᠶᠦᠮ ᠢ᠋ ᠶᠠᠭᠤ ᠴᠤ᠌ ᠭᠡᠰᠡᠨ ᠶᠠᠭᠠᠬᠢᠬᠤ ᠪᠣᠢ》 ᠭᠡᠵᠦ ᠪᠣᠳᠣᠭᠠᠳ᠄《ᠵᠠ᠂ ᠶᠠᠭᠠᠬᠢᠬᠤ ᠪᠣᠢ᠂ ᠴᠢᠨᠦ ᠬᠡᠯᠡᠭᠰᠡᠨ ᠢ᠋ᠶ᠋ᠡᠷ ᠪᠣᠯᠤᠶ᠎ᠠ!》 ᠭᠡᠵᠦ ᠬᠡᠯᠡᠭᠡᠳ᠂
ᠪᠢᠴᠢᠭᠡᠴᠢ ᠪᠡᠨ ᠳᠠᠭᠤᠳᠠᠵᠤ᠄《ᠪᠢᠳᠡ ᠬᠣᠶᠠᠷ ᠤ᠋ᠨ ᠬᠡᠨ ᠬᠣᠵᠢᠭᠰᠠᠨ ᠨᠢ ᠬᠣᠵᠢᠭᠳᠠᠭᠰᠠᠨ ᠤ᠋ ᠪᠠᠨ ᠲᠣᠯᠣᠭᠠᠢ ᠶ᠋ᠢ ᠠᠪᠤᠨ᠎ᠠ》 ᠭᠡᠵᠦ ᠪᠢᠴᠢᠭᠦᠯᠦᠭᠡᠳ ᠳᠡᠷᠭᠡᠳᠡ ᠪᠡᠨ ᠬᠣᠶᠠᠷ ᠰᠡᠯᠡᠮ᠎ᠡ ᠲᠠᠯᠪᠢᠭᠠᠳ ᠲᠣᠭᠯᠠᠵᠠᠢ ᠭᠡᠨ᠎ᠡ᠃
ᠡᠬᠢᠯᠡᠭᠡᠳ ᠨᠢᠭᠡ ᠲᠣᠭᠯᠠᠭᠰᠠᠨ ᠳ᠋ᠤ᠌ ᠬᠡᠨ ᠨᠢ ᠴᠦ᠍ ᠬᠣᠵᠢᠭᠰᠠᠨ ᠦᠭᠡᠢ ᠲᠡᠩᠴᠡᠵᠡᠢ᠃ ᠭᠡᠲᠡᠯ᠎ᠡ ᠬᠠᠭᠠᠨ ᠤ᠋ ᠴᠢᠷᠠᠢ ᠬᠠᠴᠢᠨ ᠪᠣᠯᠵᠤ ᠶᠡᠬᠡ ᠯᠡ ᠲᠡᠪᠡᠳᠡᠵᠦ ᠠᠶᠤᠬᠤ ᠰᠢᠭ᠋ ᠪᠣᠯᠵᠠᠢ ᠭᠡᠨ᠎ᠡ᠃
ᠳᠠᠷᠠᠭ᠎ᠠ ᠨᠢ ᠨᠢᠭᠡ ᠲᠣᠭᠯᠠᠭᠠᠳ ᠬᠦᠦ ᠬᠣᠵᠢᠭᠠᠳ ᠬᠡᠯᠡᠯᠴᠡᠭᠡᠷ ᠶᠣᠰᠣᠭᠠᠷ ᠬᠠᠭᠠᠨ ᠤ᠋ ᠲᠣᠯᠣᠭᠠᠢ ᠶ᠋ᠢ ᠲᠠᠰᠤ ᠴᠠᠪᠴᠢᠪᠠ᠃
ᠬᠠᠭᠠᠨ ᠤ᠋ ᠲᠦᠰᠢᠮᠡᠳ ᠡᠴᠡ ᠡᠬᠢᠯᠡᠭᠡᠳ ᠬᠠᠪᠢ ᠣᠢᠷ᠎ᠠ ᠶ᠋ᠢᠨ ᠠᠮᠢᠲᠠᠨ ᠲᠡᠷᠡ ᠬᠦᠦ ᠳ᠋ᠦ᠍ ᠶᠡᠬᠡ ᠪᠠᠶᠠᠷᠯᠠᠵᠠᠢ ᠭᠡᠨ᠎ᠡ᠃
ᠤᠴᠢᠷ ᠨᠢ ᠲᠡᠷᠡ ᠬᠠᠭᠠᠨ ᠡᠳᠦᠷ ᠪᠦᠷᠢ ᠨᠢᠭᠡ ᠬᠥᠮᠦᠨ ᠲᠡᠢ ᠵᠠᠪᠠᠯ ᠰᠢᠳᠡᠷ᠎ᠡ ᠲᠣᠭᠯᠠᠵᠤ ᠲᠣᠯᠣᠭᠠᠢ ᠶ᠋ᠢ ᠨᠢ ᠠᠪᠳᠠᠭ ᠪᠠᠢᠭᠰᠠᠨ ᠤᠴᠢᠷ ᠠ᠋ᠴᠠ ᠣᠢᠷ᠎ᠠ ᠬᠠᠪᠢ ᠶ᠋ᠢᠨ ᠪᠦᠬᠦ ᠬᠥᠮᠦᠨ ᠮᠠᠰᠢ ᠶᠡᠬᠡ ᠳᠤᠷ᠎ᠠ ᠦᠭᠡᠢᠴᠡᠬᠦ ᠪᠣᠯᠤᠭᠰᠠᠨ ᠶᠤᠮ ᠰᠠᠨᠵᠠᠢ᠃
ᠡᠨᠡ ᠦᠶ᠎ᠡ ᠳ᠋ᠦ᠍ ᠨᠥᠭᠦᠭᠡ ᠠᠯᠤᠰ ᠬᠣᠯᠠ ᠶᠠᠪᠤᠭᠰᠠᠨ ᠨᠣᠶᠠᠨ ᠨᠢ ᠡᠷᠭᠢᠨ ᠢᠷᠡᠵᠡᠢ ᠭᠡᠨ᠎ᠡ᠃
ᠦᠨᠡᠨ ᠳ᠋ᠦ᠍ ᠪᠡᠨ ᠲᠡᠷᠡ ᠨᠣᠶᠠᠨ ᠡᠨᠡ ᠠᠶᠤᠯᠲᠤ ᠬᠠᠭᠠᠨ ᠠ᠋ᠴᠠ ᠵᠢᠭᠤᠲᠠᠵᠤ ᠶᠠᠪᠤᠭᠰᠠᠨ ᠪᠠᠢᠵᠠᠢ᠃
ᠡᠢᠮᠦ ᠤᠴᠢᠷ ᠠ᠋ᠴᠠ ᠲᠡᠷᠡ ᠨᠣᠶᠠᠨ ᠬᠦᠦ ᠶ᠋ᠢ ᠰᠢᠢᠳᠬᠡᠬᠦ ᠪᠠᠢᠲᠤᠭᠠᠢ ᠠᠳᠤᠭᠤ ᠮᠠᠯ᠂ ᠡᠳ᠋ ᠬᠥᠷᠥᠩᠭᠡ ᠲᠡᠷᠢᠭᠦᠲᠡᠨ ᠶᠡᠬᠡ ᠵᠦᠢᠯ ᠢ᠋ᠶ᠋ᠡᠷ ᠱᠠᠩᠨᠠᠵᠠᠢ᠃
ᠢᠩᠭᠢᠭᠡᠳ ᠬᠦᠦ ᠭᠡᠷ ᠲᠦ᠍ ᠪᠡᠨ ᠪᠤᠴᠠᠵᠤ ᠢᠷᠡᠭᠡᠳ ᠠᠪᠤ ᠡᠵᠢ ᠲᠡᠢ ᠪᠡᠨ ᠠᠭᠤᠯᠵᠠᠨ ᠤᠴᠢᠷ ᠪᠠᠢᠳᠠᠯ ᠢ᠋ᠶ᠋ᠠᠨ ᠬᠡᠯᠡᠯᠴᠡᠨ ᠠᠮᠤᠷ ᠰᠠᠢᠬᠠᠨ ᠵᠢᠷᠭᠠᠵᠠᠢ ᠭᠡᠨ᠎ᠡ᠃
※ ᠲᠠᠨ ᠳ᠋ᠤ᠌ ᠶᠠᠭ ᠣᠳᠣ ᠶᠦᠨᠢᠲ᠋ᠸᠯ ᠺᠯᠦ᠋ᠪ ᠦ᠋ᠨ ᠪᠦᠪᠡᠢ ᠬᠥᠲᠥᠯᠪᠦᠷᠢ ᠶ᠋ᠢᠨ ᠰᠣᠨᠣᠰᠳᠠᠭ ᠦᠯᠢᠭᠡᠷ ᠦ᠋ᠨ ᠲᠡᠭᠦᠪᠦᠷᠢ ᠬᠦᠷᠴᠦ ᠪᠠᠢᠨ᠎ᠠ᠃
ᠪᠢᠴᠢᠬᠠᠨ ᠦᠷᠡᠰ ᠦ᠋ᠨ ᠢ᠋ᠶ᠋ᠡᠨ ᠲᠥᠰᠦᠭᠡᠯᠡᠯ ᠦ᠋ᠨ ᠶᠢᠷᠲᠢᠨᠴᠦ ᠶ᠋ᠢ ᠬᠥᠭᠵᠢᠭᠦᠯᠵᠦ ᠂ ᠮᠣᠩᠭᠣᠯ ᠠᠬᠤᠢ ᠂ ᠰᠡᠳᠬᠢᠯᠭᠡᠨ ᠦ᠌ ᠰᠣᠶᠣᠯ ᠢ᠋ ᠲᠦᠭᠡᠭᠡᠬᠦ ᠵᠣᠷᠢᠯᠭ᠎ᠠ ᠲᠠᠢ ᠶᠦᠨᠢᠲ᠋ᠸᠯ ᠺᠯᠦ᠋ᠪ ᠦ᠋ᠨ ᠪᠦᠪᠡᠢ ᠬᠥᠲᠥᠯᠪᠦᠷᠢ ᠶ᠋ᠢᠨ ᠦᠯᠢᠭᠡᠷ ᠢ᠋ ᠰᠣᠨᠣᠰᠤᠭᠰᠠᠨ ᠳ᠋ᠤ᠌ ᠪᠠᠶᠠᠷᠯᠠᠯ᠎ᠠ!
ᠶᠦᠨᠢᠲ᠋ᠸᠯ ᠲᠦᠷᠦᠭᠦᠯᠡᠵᠦ ᠠᠯᠬᠤᠨ᠎ᠠ᠃
ᠮᠣᠩᠭᠣᠯ ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
ᠬᠢᠨᠠᠭᠴᠢ᠄ ᠳᠠᠪᠰᠢᠯᠲᠤ
