ᠬᠥᠭᠵᠢᠮ ᠦ᠋ᠨ ᠡᠬᠡᠰᠢᠭ- ᠳ· ᠨᠠᠴᠤᠭᠳᠣᠷᠵᠢХөгжмийн эгшиг-Д.Нацагдорж
ᠳ· ᠨᠠᠴᠤᠭᠳᠣᠷᠵᠢ
ᠬᠡᠵᠢᠶᠡᠨ ᠡᠴᠡ ᠨᠡᠭᠦᠳᠡᠯᠴᠢᠨ ᠮᠣᠩᠭᠣᠯ ᠤ᠋ᠨ ᠣᠷᠣᠨ ᠳ᠋ᠤ᠌ ᠰᠢᠨ᠎ᠡ ᠪᠦᠲᠦᠵᠦ ᠪᠠᠢᠭ᠎ᠠ ᠭᠠᠴᠠᠭ᠎ᠠ ᠲᠣᠰᠬᠣᠨ ᠪᠠᠢᠨ᠎ᠠ᠃ ᠰᠠᠨᠠᠮᠰᠠᠷ ᠦᠭᠡᠢ ᠪᠠᠢᠲᠠᠯ᠎ᠠ᠂ ᠮᠣᠳᠣᠨ ᠪᠠᠢᠰᠢᠩ ᠤ᠋ᠨ ᠴᠣᠩᠬᠣᠨ ᠤ᠋ ᠵᠠᠪᠰᠠᠷ ᠢ᠋ᠶ᠋ᠠᠷ ᠨᠢᠭᠡ ᠬᠥᠭᠵᠢᠮ ᠦ᠋ᠨ ᠡᠬᠡᠰᠢᠭ ᠰᠢᠷᠭᠤᠯᠠᠨ ᠣᠷᠣᠵᠤ ᠢᠷᠡᠭᠡᠳ᠂ ᠴᠢᠯᠠᠭᠤᠨ ᠤ᠋ ᠵᠢᠷᠦᠬᠡ ᠶ᠋ᠢ ᠮᠠᠭᠠᠵᠢᠯᠠᠨ ᠳᠣᠭᠳᠣᠯᠤᠭᠤᠯᠬᠤ ᠳ᠋ᠤ᠌᠂ ᠳᠠᠷᠤᠢ ᠰᠡᠳᠬᠢᠯ ᠨᠢ ᠲᠣᠭᠲᠠᠵᠤ ᠶᠠᠳᠠᠨ᠂ ᠲᠡᠭᠦᠨ ᠢ᠋ ᠳᠠᠭᠠᠭᠤᠯᠤᠨ ᠭᠠᠳᠠᠭ᠎ᠠ ᠭᠠᠷᠪᠠ᠃
ᠭᠠᠭᠴᠠᠬᠠᠨ ᠵᠠᠯᠠᠭᠤ ᠡᠷ᠎ᠡ᠂ ᠬᠣᠯᠠᠬᠢ ᠠᠭᠤᠯᠠ ᠶ᠋ᠢᠨ ᠠᠮᠠᠨ ᠤ᠋ ᠠᠮᠠᠰᠠᠷ ᠲᠤ᠌ ᠪᠠᠢᠭᠴᠢ ᠨᠢᠭᠡ ᠳ᠋ᠦᠩᠵᠡᠨ ᠮᠣᠳᠣ ᠶ᠋ᠢ
ᠨᠥᠬᠥᠷ ᠪᠣᠯᠭᠠᠵᠤ᠂ ᠲᠡᠭᠦᠨ ᠦ᠌ ᠳᠡᠭᠡᠷ᠎ᠡ ᠰᠠᠨᠳᠠᠢᠯᠠᠨ ᠰᠡᠮᠡᠬᠡᠷ ᠰᠠᠭᠤᠪᠠᠯ᠂ ᠴᠠᠭᠠᠨ ᠭᠡᠭᠡ ᠲᠡᠷᠲᠡᠭᠡ ᠠᠭᠤᠯᠠ ᠶ᠋ᠢᠨ ᠴᠢᠨᠠᠳᠤ ᠤᠷᠤᠭᠤ ᠵᠠᠮᠬᠠᠷᠠᠨ ᠣᠷᠣᠵᠤ᠂ ᠨᠢᠭᠡᠨ ᠡᠷᠭᠢᠨ ᠲᠣᠭᠣᠷᠢᠨ ᠪᠦᠷᠦᠢ ᠪᠠᠷᠤᠢ ᠪᠣᠯᠤᠭᠠᠳ᠂ ᠪᠠᠰᠠ ᠯᠠ ᠴᠢᠪ ᠴᠢᠮᠡᠭᠡ ᠦᠭᠡᠢ ᠭᠠᠭᠴᠠ ᠬᠦ᠌ ᠡᠰᠡᠷᠭᠦ ᠡᠲᠡᠭᠡᠳ ᠲᠦ᠍ ᠭᠠᠴᠠᠭᠠᠨ ᠤ᠋ ᠠᠢᠯ ᠤ᠋ᠨ ᠭᠡᠷ ᠲᠦ᠍ ᠥᠴᠦᠬᠡᠨ ᠭᠠᠯ ᠰᠦᠮᠡᠯᠵᠡᠬᠦ ᠨᠢ ᠭᠢᠯᠲᠦᠭᠡᠨᠡᠨ ᠦᠵᠡᠭᠳᠡᠵᠦ᠂ ᠨᠥᠭᠦᠭᠡ ᠲᠠᠯ᠎ᠠ ᠳ᠋ᠤ᠌ ᠪᠡᠯᠴᠢᠭᠡᠷ ᠲᠡᠭᠡᠨ ᠬᠣᠴᠣᠷᠤᠭᠰᠠᠨ ᠬᠡᠳᠦᠨ ᠢᠮᠠᠭ᠎ᠠ ᠬᠠᠳᠠᠨ ᠤ᠋ ᠢᠷᠣᠭᠠᠷ ᠲᠠᠬᠢ ᠪᠤᠲᠠ ᠶ᠋ᠢ ᠬᠡᠮᠡᠯᠢᠨ᠎ᠡ᠃
ᠵᠡᠭᠦᠨ ᠬᠣᠢᠲᠤ ᠵᠦᠭ ᠲᠦ᠍ ᠲᠠᠷᠢᠶᠠᠴᠢᠨ ᠡᠷ᠎ᠡ ᠬᠤᠭᠤᠷ ᠳᠡᠯᠡᠳᠴᠦ ᠪᠠᠢᠭ᠎ᠠ ᠶ᠋ᠢᠨ ᠠᠶᠠᠯᠭᠤ ᠬᠡᠰᠡᠭ ᠬᠡᠰᠡᠭ ᠢ᠋ᠶ᠋ᠡᠷ ᠰᠠᠢᠬᠠᠨ ᠦᠨᠦᠷ ᠲᠡᠢ ᠵᠥᠭᠡᠯᠡᠨ ᠰᠠᠯᠬᠢ ᠲᠠᠢ ᠨᠠᠭᠠᠳᠤᠯᠳᠤᠨ ᠢᠷᠡᠵᠦ᠂ ᠴᠢᠯᠠᠭᠤᠨ ᠤ᠋ ᠴᠢᠬᠢᠨ ᠳ᠋ᠦ᠍ ᠥᠷᠲᠡᠭᠡᠯᠡᠨ᠂ ᠰᠡᠳᠬᠢᠯ ᠦ᠋ᠨ ᠬᠢᠨᠢ ᠳᠣᠲᠣᠷ᠎ᠠ ᠤᠢᠳᠬᠠᠷ ᠪᠠᠶᠠᠷ ᠢ᠋ ᠬᠣᠣᠰᠯᠠᠭᠤᠯᠤᠨ ᠤᠨᠳᠤᠷᠤᠭᠤᠯᠵᠤ᠂ ᠬᠥᠭᠡᠷᠦᠬᠦᠢ ᠥᠴᠦᠬᠡᠨ ᠵᠢᠷᠦᠬᠡ ᠶ᠋ᠢ ᠤᠶᠠᠷᠠᠭᠤᠯᠤᠭᠠᠳ ᠲᠡᠭᠦᠨ ᠡᠴᠡ ᠬᠠᠵᠠᠭᠤ ᠶ᠋ᠢᠨ ᠪᠤᠯᠠᠭ ᠴᠤ᠌ ᠣᠷᠣᠵᠤ᠂ ᠲᠡᠭᠦᠨ ᠦ᠌ ᠢᠷᠠᠭᠤ ᠤᠷᠤᠰᠬᠠᠯ ᠲᠠᠢ ᠪᠥᠵᠢᠭᠯᠡᠯᠳᠦᠨ ᠣᠳᠤᠨ᠎ᠠ᠃
ᠨᠢᠭᠡ ᠪᠦᠯᠦᠭ ᠰᠤᠪᠤᠳ ᠤ᠋ᠨ ᠠᠶᠠᠯᠭᠤ ᠶ᠋ᠢ ᠠᠷᠠᠢᠬᠠᠨ ᠵᠣᠴᠢᠯᠠᠵᠤ ᠥᠩᠭᠡᠷᠡᠭᠦᠯᠪᠡᠴᠦ᠂ ᠳᠠᠷᠠᠭ᠎ᠠ ᠪᠠᠷ ᠪᠠᠰᠠ ᠨᠢᠭᠡ ᠰᠦᠷᠦᠭ ᠴᠡᠴᠡᠭ ᠦ᠋ᠨ ᠬᠥᠭ ᠠᠢᠯᠴᠢᠯᠠᠨ ᠢᠷᠡᠬᠦ ᠲᠤᠯᠠ ᠬᠡᠳᠦᠢᠨ ᠴᠢᠯᠠᠭᠤᠨ ᠤ᠋ ᠬᠦᠰᠡᠯ ᠮᠥᠷᠥᠭᠡᠳᠦᠯ᠂ ᠬᠤᠷᠢᠮ ᠳ᠋ᠤ᠌ ᠪᠡᠯᠡᠳᠬᠡᠭᠰᠡᠨ ᠰᠢᠷᠡᠭᠡᠨ ᠳᠡᠭᠡᠷᠡᠬᠢ ᠶ᠋ᠢᠨ ᠠᠳᠠᠯᠢ ᠵᠡᠷᠭᠡᠯᠡᠵᠦ ᠭᠱᠠᠨ ᠵᠠᠭᠤᠷ᠎ᠠ ᠥᠩᠭᠡᠷᠡᠭᠰᠡᠨ ᠢᠷᠡᠭᠡᠳᠦᠢ ᠶ᠋ᠢᠨ ᠬᠡᠷᠡᠭ ᠮᠢᠩᠭᠠᠨ ᠡᠬᠢ ᠲᠡᠢ ᠶᠠᠪᠤᠳᠠᠯ ᠦᠷᠭᠦᠯᠵᠢᠯᠡᠨ ᠰᠠᠨᠠᠭᠳᠠᠵᠤ᠂ ᠰᠡᠳᠬᠢᠯ ᠰᠦᠨᠡᠰᠦ ᠨᠢ ᠥᠷᠯᠥᠭᠡᠨ ᠦ᠌ ᠪᠠ ᠦᠳᠡᠰᠢ ᠶ᠋ᠢᠨ ᠰᠠᠢᠬᠠᠨ ᠣᠷᠣᠨ ᠤ᠋ ᠬᠣᠭᠣᠷᠣᠨᠳᠣ ᠰᠦᠯᠵᠢᠵᠦ᠂ ᠲᠩᠷᠢ ᠪᠠ ᠲᠠᠮᠤ ᠶ᠋ᠢᠨ ᠭᠠᠢᠬᠠᠮᠰᠢᠭᠲᠤ ᠣᠷᠣᠨ ᠨᠤᠭᠤᠳ ᠢ᠋ᠶ᠋ᠠᠷ ᠠᠢᠯᠴᠢᠯᠠᠨ᠂ ᠲᠡᠭᠦᠪᠡᠷ ᠬᠥᠨᠳᠡᠯᠡᠨ ᠭᠤᠯᠳᠤ ᠵᠤᠭᠠᠴᠠᠬᠤ ᠶ᠋ᠢ ᠬᠦᠰᠡᠨ᠎ᠡ᠃ ᠵᠢᠷᠦᠬᠡᠨ ᠦ᠌ ᠴᠢᠳᠬᠥᠷ ᠪᠠ ᠳᠠᠭᠢᠨᠢ ᠵᠡᠷᠭᠡ ᠶ᠋ᠢᠨ ᠶᠠᠩᠵᠤ ᠪᠦᠷᠢ ᠶ᠋ᠢᠨ ᠢᠨᠠᠭᠯᠠᠯ ᠤ᠋ᠨ ᠬᠠᠲᠤᠨ ᠬᠠᠭᠠᠳ ᠤ᠋ᠨ ᠤᠷᠤᠭᠤᠯ ᠳᠡᠭᠡᠷ᠎ᠡ ᠪᠥᠮᠪᠥᠷᠢᠨ ᠠᠯᠢ ᠵᠥᠭᠡᠯᠡᠨ ᠢ᠋ᠶ᠋ᠡᠷ ᠵᠠᠯᠭᠢᠭᠴᠢ ᠶ᠋ᠢᠨ ᠬᠠᠰ ᠤ᠋ᠨ ᠠᠮᠠᠨ ᠳ᠋ᠤ᠌ ᠳᠤᠷ᠎ᠠ ᠪᠠᠷ ᠨᠠᠭᠠᠳᠬᠤ ᠶ᠋ᠢ ᠡᠷᠡᠮᠡᠯᠵᠡᠨ᠎ᠡ᠃
ᠡᠢᠮᠦ ᠪᠠᠢᠳᠠᠯ ᠢ᠋ ᠬᠠᠪᠤᠷ ᠴᠠᠭ ᠤ᠋ᠨ ᠰᠡᠢᠮᠡᠬᠡᠢ ᠰᠠᠷ᠎ᠠ ᠰᠢᠨᠡᠳᠬᠡᠯ ᠦ᠋ᠨ ᠵᠢᠷᠦᠬᠡᠨ ᠦ᠌ ᠳᠣᠲᠣᠷ᠎ᠠ ᠬᠡᠵᠢᠶ᠎ᠡ ᠵᠤᠯᠠ ᠪᠠᠷᠢᠬᠤ ᠶ᠋ᠢ ᠬᠡᠯᠡᠵᠦ ᠥᠭᠬᠦ ᠪᠠᠰᠠ ᠪᠣᠯᠤᠭ᠎ᠠ ᠦᠭᠡᠢ ᠭᠡᠨ᠎ᠡ᠃ ᠠᠶ᠎ᠠ ᠣᠷᠴᠢᠯᠠᠩ ᠴᠢ ᠶᠠᠭᠤ ᠪᠣᠳᠣᠵᠤ ᠪᠠᠢᠨ᠎ᠠ?
ᠢᠩᠭᠢᠵᠦ ᠲᠡᠭᠡᠵᠦ ᠮᠠᠩᠬᠤᠷᠠᠭᠰᠠᠭᠠᠷ ᠭᠡᠨᠡᠳᠲᠡ ᠦᠵᠡᠬᠦ ᠳ᠋ᠦ᠍ ᠬᠥᠭᠵᠢᠮ ᠦ᠋ᠨ ᠳᠠᠭᠤ ᠴᠤ᠌ ᠵᠠᠮᠬᠠᠷᠠᠵᠠᠢ᠃ ᠰᠠᠯᠬᠢᠨ ᠤ᠋ ᠠᠮᠢᠰᠬᠤᠯ ᠴᠤ᠌ ᠰᠢᠷᠦᠭᠦᠳᠴᠡᠢ᠃ ᠰᠥᠨᠢ ᠶ᠋ᠢᠨ ᠬᠦᠷᠳᠦ ᠶᠠᠭᠠᠷᠠᠨ ᠳᠣᠪᠲᠣᠯᠪᠠ᠃ ᠵᠠᠯᠠᠭᠤ ᠡᠷ᠎ᠡ ᠨᠢᠭᠡᠨᠲᠡ ᠤᠷᠲᠤ ᠰᠡᠭᠦᠷᠡᠰᠦ ᠠᠯᠳᠠᠭᠠᠳ᠂ ᠡᠨᠡ ᠬᠦ᠌ ᠠᠷᠪᠠᠨ ᠲᠠᠪᠤᠨ ᠮᠢᠨᠦ᠋ᠲ ᠦ᠋ᠨ ᠵᠠᠭᠤᠷ᠎ᠠ ᠰᠡᠳᠬᠢᠯ ᠢ᠋ ᠪᠥᠮᠪᠥᠷᠢᠭᠦᠯᠦᠭᠰᠡᠨ ᠪᠠᠢᠳᠠᠯ ᠤ᠋ᠨ ᠬᠠᠷᠢᠭᠤ ᠶ᠋ᠢ ᠬᠡᠵᠢᠶ᠎ᠡ ᠪᠠ ᠬᠠᠮᠢᠭ᠎ᠠ ᠰᠣᠨᠣᠰᠤᠨ᠎ᠠ ᠭᠡᠵᠦ ᠭᠤᠨᠢᠭᠯᠠᠭᠰᠠᠭᠠᠷ ᠭᠡᠷ ᠲᠦ᠍ ᠣᠷᠣᠵᠤ ᠲᠡᠮᠳᠡᠭᠯᠡᠪᠡ᠃
1031 ᠣᠨ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠣᠳᠬᠠᠨᠰᠣ᠎ᠠ
