ᠬᠥᠳᠡᠭᠡ ᠲᠠᠯ᠎ᠠ ᠶ᠋ᠢᠨ ᠦᠵᠡᠰᠬᠦᠯᠡᠩ- ᠳ· ᠨᠠᠴᠤᠭᠳᠣᠷᠵᠢХөдөө талын үзэсгэлэн-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠳᠡᠭᠡ ᠲᠠᠯ᠎ᠠ ᠶ᠋ᠢᠨ ᠦᠵᠡᠰᠬᠦᠯᠡᠩ- ᠳ· ᠨᠠᠴᠤᠭᠳᠣᠷᠵᠢХөдөө талын үзэсгэлэн-Д.Нацагдорж

ᠬᠥᠳᠡᠭᠡ ᠲᠠᠯ᠎ᠠ ᠶ᠋ᠢᠨ ᠦᠵᠡᠰᠬᠦᠯᠡᠩ- ᠳ· ᠨᠠᠴᠤᠭᠳᠣᠷᠵᠢХөдөө талын үзэсгэлэн-Д.Нацагдорж

2024-06-13

413

               ᠳ· ᠨᠠᠴᠤᠭᠳᠣᠷᠵᠢ 

   ᠬᠥᠨᠳᠡᠢ ᠲᠠᠯ᠎ᠠ ᠶ᠋ᠢᠨ ᠵᠡᠷᠭᠡᠯᠭᠡᠨ ᠮᠢᠷᠠᠯᠵᠠᠨ ᠵᠢᠷᠪᠢᠭᠢᠨᠡᠬᠦ ᠶ᠋ᠢᠨ ᠳᠤᠮᠳᠠ ᠬᠡᠳᠦᠨ ᠶᠠᠭᠤᠮ᠎ᠠ ᠰᠦᠮᠡᠯᠵᠡᠨ ᠦᠵᠡᠭᠳᠡᠬᠦ ᠨᠢ ᠬᠠᠷᠢ ᠭᠠᠵᠠᠷ ᠤ᠋ᠨ ᠠᠶᠠᠨ ᠤ᠋ ᠬᠥᠮᠦᠨ ᠦ᠌ ᠨᠢᠳᠦᠨ ᠳ᠋ᠦ᠍ ᠶᠠᠭᠠᠬᠢᠨ ᠲᠠᠨᠢᠭᠳᠠᠨ᠎ᠠ᠃ ᠬᠤᠷᠳᠤᠯᠠᠨ ᠳᠣᠪᠲᠣᠯᠬᠤ ᠠᠭᠤᠷ ᠤ᠋ᠨ ᠲᠡᠷᠭᠡᠨ ᠦ᠌ ᠡᠮᠦᠨ᠎ᠡ ᠡᠴᠡ ᠨᠠᠮᠤᠷ ᠤ᠋ᠨ ᠰᠠᠯᠬᠢ ᠬᠦᠴᠦᠲᠡᠢ ᠦᠯᠢᠶᠡᠬᠦ ᠳ᠋ᠦ᠍ ᠬᠣᠶᠠᠷ ᠨᠢᠳᠦᠨ ᠳ᠋ᠦ᠍ ᠨᠢᠯᠪᠤᠰᠤ ᠭᠢᠯᠲᠦᠭᠡᠨᠡᠨ ᠬᠣᠯᠠ ᠶ᠋ᠢᠨ ᠪᠠᠷ᠎ᠠ ᠶ᠋ᠢ ᠬᠠᠷᠠᠵᠤ ᠶᠠᠳᠠᠨ᠎ᠠ᠃
ᠡᠪᠦᠭᠡᠨ ᠵᠢᠯᠤᠭᠠᠴᠢ ᠤᠬᠤᠰᠬᠢᠨ ᠬᠡᠢ ᠶ᠋ᠢ ᠨᠡᠮᠡᠬᠦ ᠳ᠋ᠦ᠍ ᠳᠥᠷᠪᠡᠨ ᠬᠦᠷᠳᠦ ᠴᠢᠯᠥᠭᠡ ᠵᠠᠪ ᠦᠭᠡᠢ ᠡᠷᠭᠢᠯᠳᠦᠨ᠎ᠡ᠃ ᠪᠥᠷᠲᠥᠯᠵᠡᠨ ᠬᠠᠷᠠᠭᠳᠠᠵᠠᠢ ᠪᠠᠷ᠎ᠠ ᠨᠢᠭᠡ ᠦᠶ᠎ᠡ ᠳᠠᠯᠳᠠ ᠣᠷᠣᠵᠤ ᠨᠢᠭᠡ ᠦᠶ᠎ᠡ ᠢᠯᠡ ᠭᠠᠷᠤᠨ᠎ᠠ᠃ ᠤᠳᠠᠯ ᠦᠭᠡᠢ ᠠᠯᠲᠠᠨ ᠭᠠᠨᠵᠢᠷ᠎ᠠ ᠨᠤᠭᠤᠳ ᠪᠥᠷᠲᠥᠯᠵᠡᠨ ᠴᠤᠬᠤᠢᠵᠤ ᠥᠷᠯᠥᠭᠡᠨ ᠦ᠌ ᠨᠠᠷᠠᠨ ᠤ᠋ ᠭᠡᠷᠡᠯ ᠳ᠋ᠦ᠍ ᠦᠵᠡᠰᠬᠦᠯᠡᠩ ᠲᠡᠢ ᠭᠢᠯᠠᠯᠵᠠᠨ᠎ᠠ᠃
   ᠲᠡᠷᠡ ᠬᠦ᠌ ᠬᠡᠢᠳ ᠦ᠋ᠨ ᠰᠤᠪᠤᠷᠭ᠎ᠠ ᠶ᠋ᠢᠨ ᠲᠡᠨᠳᠡ ᠭᠠᠢᠬᠠᠮᠰᠢᠭ ᠲᠠᠢ ᠮᠠᠨᠵᠢᠯᠭ᠎ᠠ ᠴᠠᠮᠬᠠᠭ  ᠲᠤ᠌ ᠡᠯᠭᠦᠭᠰᠡᠨ ᠬᠣᠩᠬᠠᠨ ᠤ᠋ ᠳᠠᠭᠤ ᠨᠢ ᠬᠠᠩᠭᠢᠨᠠᠨ ᠵᠢᠩᠭᠢᠨᠡᠨ᠎ᠡ᠃ ᠪᠦᠷᠢᠶ᠎ᠡ ᠪᠢᠰᠬᠢᠭᠦᠷ ᠦ᠋ᠨ ᠳᠠᠭᠤ ᠦᠷᠭᠦᠯᠵᠢᠯᠡᠨ ᠳᠦᠩᠭᠢᠨᠡᠨ᠎ᠡ᠃ ᠴᠠᠮ ᠵᠠᠬᠠᠷ ᠪᠥᠵᠢᠭᠯᠡᠵᠦ ᠪᠠᠢᠭ᠎ᠠ ᠶᠤᠮ ᠪᠠᠢᠨ᠎ᠠ᠃ ᠬᠥᠳᠡᠭᠡ ᠶ᠋ᠢᠨ ᠬᠥᠮᠦᠰ ᠬᠡᠳᠦ ᠬᠡᠳᠦᠨ ᠵᠠᠭᠤ ᠪᠠᠷ ᠬᠤᠷᠠᠯᠳᠤᠭᠠᠳ ᠡᠷᠢᠶᠡᠨ ᠮᠡᠷᠢᠶᠡᠨ ᠢ᠋ ᠡᠮᠦᠰᠴᠦ ᠡᠰᠢ ᠲᠡᠰᠢ ᠵᠥᠷᠢᠯᠳᠦᠨ᠎ᠡ᠃
   ᠰᠦᠯᠵᠢᠯᠳᠦᠨ ᠳᠠᠪᠬᠢᠯᠳᠤᠬᠤ ᠬᠥᠳᠡᠭᠡ ᠶ᠋ᠢᠨ ᠬᠥᠮᠦᠰ ᠦ᠋ᠨ ᠴᠡᠩᠭᠡᠯ ᠨᠢ ᠮᠢᠨᠦ ᠰᠡᠳᠬᠢᠯ ᠢ᠋ ᠳᠠᠷᠤᠢ ᠪᠠᠬᠠᠳᠤᠭᠤᠯᠵᠤ᠂ ᠰᠠᠩ ᠪᠠᠢᠰᠠ ᠶ᠋ᠢᠨ ᠮᠣᠷᠢᠨ ᠤ᠋ ᠰᠠᠢᠬᠠᠨ ᠨᠢ ᠮᠢᠨᠦ ᠳᠤᠷ᠎ᠠ ᠶ᠋ᠢ ᠬᠥᠪᠰᠥᠯᠵᠡᠭᠦᠯᠦᠨ ᠬᠥᠳᠡᠯᠭᠡᠨ᠎ᠡ᠃ ᠮᠣᠩᠭᠣᠯ ᠭᠠᠵᠠᠷ ᠮᠢᠨᠢ ᠠᠭᠤᠵᠢᠮ ᠶᠤᠮ ᠠ᠋᠃ ᠮᠠᠰᠢ ᠰᠠᠢᠬᠠᠨ ᠮᠣᠷᠢ ᠲᠠᠢ ᠶᠤᠮ ᠠ᠋᠃ ᠮᠣᠷᠢ ᠪᠠᠨ ᠤᠨᠤᠭᠠᠳ ᠳᠠᠪᠬᠢᠬᠤ ᠳ᠋ᠤ᠌ ᠮᠠᠨ ᠤ᠋ ᠴᠣᠭ ᠵᠠᠯᠢ ᠰᠡᠷᠭᠦᠨ᠎ᠡ᠃
   ᠡᠰᠢ ᠪᠡᠨ ᠰᠢᠷᠲᠡᠵᠦ ᠲᠠᠢᠰᠢ ᠪᠠᠨ ᠭᠥᠯᠢᠷᠡᠨ᠂ ᠡᠭᠦᠨ ᠢ᠋ ᠭᠠᠢᠬᠠᠵᠤ ᠲᠡᠭᠦᠨ ᠢ᠋ ᠪᠣᠳᠣᠭᠰᠠᠭᠠᠷ ᠶᠠᠪᠤᠲᠠᠯ᠎ᠠ᠂ ᠣᠯᠠᠨ ᠮᠣᠷᠢ ᠲᠠᠢ ᠬᠥᠮᠦᠰ ᠦ᠋ᠨ ᠳᠤᠮᠳᠠᠭᠤᠷ ᠨᠢᠭᠡᠨ ᠰᠠᠢᠬᠠᠨ ᠰᠠᠷᠠᠯ ᠮᠣᠷᠢᠨ ᠤ᠋ ᠲᠣᠯᠣᠭᠠᠢ ᠲᠡᠮᠡᠦᠯᠦᠨ ᠠᠮᠠ ᠨᠢ ᠠᠩᠭᠠᠯᠵᠠᠵᠤ᠂ ᠬᠣᠶᠠᠷ ᠴᠢᠬᠢ ᠨᠢ ᠰᠣᠯᠪᠢᠯᠴᠠᠨ ᠦᠵᠡᠭᠳᠡᠬᠦ ᠳ᠋ᠦ᠍ ᠬᠡᠳᠦᠢᠨ ᠮᠢᠨᠦ ᠬᠣᠶᠠᠷ ᠨᠢᠳᠦᠨ ᠳ᠋ᠦ᠍ ᠭᠡᠷᠡᠯᠲᠦᠨ ᠲᠤᠰᠪᠠ᠃ ᠨᠢᠭᠡ ᠵᠠᠯᠠᠭᠤ ᠬᠡᠦᠬᠡᠨ ᠵᠢᠯᠣᠭᠣ ᠶ᠋ᠢ ᠳᠤᠭᠲᠤᠷᠤᠨ ᠵᠢᠳᠬᠦᠭᠦᠯᠦᠭᠰᠡᠭᠡᠷ ᠭᠠᠷᠴᠤ ᠢᠷᠡᠬᠦ ᠨᠢ ᠵᠡᠷᠯᠢᠭ ᠪᠤᠭᠤ ᠶ᠋ᠢᠨ ᠠᠳᠠᠯᠢ ᠥᠩᠭᠡ ᠲᠡᠢ ᠪᠠ ᠴᠣᠭ ᠵᠠᠯᠢ ᠭᠡᠷᠡᠯᠲᠡᠢ ᠵᠢᠪᠬᠤᠯᠠᠩ ᠲᠠᠢ ᠨᠢ ᠲᠦᠮᠡᠨ ᠪᠠᠭᠠᠲᠤᠷ ᠡᠷᠡᠰ ᠦ᠋ᠨ ᠪᠣᠯᠪᠠᠴᠤ ᠵᠢᠷᠦᠬᠡ ᠶ᠋ᠢ ᠴᠡᠴᠡᠷᠡᠭᠦᠯᠦᠨ ᠳᠣᠭᠳᠣᠯᠤᠭᠤᠯᠵᠤ᠂ ᠲᠥᠪ ᠡᠷᠳᠡᠮᠲᠡᠨ ᠣᠶᠤᠲᠠᠨ ᠤ᠋ ᠪᠣᠯᠪᠠᠴᠤ ᠬᠦᠰᠡᠯ ᠢ᠋ ᠨᠢ ᠬᠣᠯᠢᠪᠠᠯᠵᠠᠭᠤᠯᠤᠨ ᠲᠠᠲᠠᠨ᠎ᠠ᠃
   ᠴᠠᠭᠠᠨ ᠰᠠᠷᠠᠯ ᠮᠣᠷᠢᠨ ᠤ᠋ ᠨᠢᠷᠤᠭᠤᠨ ᠳᠡᠭᠡᠷ᠎ᠡ ᠨᠣᠭᠣᠭᠠᠨ ᠭᠥᠯᠢᠮ ᠲᠡᠢ ᠪᠣᠷᠵᠢᠭᠢᠨ ᠶᠠᠩᠵᠤ ᠶ᠋ᠢᠨ ᠡᠮᠡᠭᠡᠯ ᠢ᠋ ᠲᠣᠬᠣᠭᠰᠠᠨ ᠨᠢ ᠬᠣᠯᠠᠬᠢ ᠭᠠᠵᠠᠷ ᠤ᠋ᠨ ᠬᠦᠯᠦᠭ ᠦ᠋ᠨ ᠥᠩᠭᠡ ᠢᠯᠭᠠᠷᠠᠨ ᠦᠵᠡᠰᠬᠦᠯᠡᠩ ᠪᠦᠷᠢᠳᠦᠭᠡᠳ᠂ ᠲᠡᠭᠦᠨ ᠦ᠌ ᠳᠡᠭᠡᠷ᠎ᠡ ᠵᠠᠯᠠᠭᠤ ᠥᠬᠢᠨ ᠬᠣᠷᠮᠣᠢ ᠶ᠋ᠢ ᠴᠡᠮᠴᠡᠢᠲᠡᠯ᠎ᠡ᠂ ᠭᠤᠶ᠎ᠠ ᠶ᠋ᠢ ᠮᠥᠯᠴᠢᠢᠯᠭᠡᠨ ᠣᠷᠢᠶᠠᠭᠠᠳ ᠬᠥᠨᠳᠡᠯᠡᠨ ᠰᠠᠭᠤᠵᠠᠢ᠃ ᠦᠵᠡᠪᠡᠯ ᠨᠠᠰᠤ ᠠᠷᠪᠠᠨ ᠨᠠᠢ᠍ᠮᠠ᠂ ᠵᠢᠰᠦ ᠰᠢᠨ᠎ᠡ ᠰᠠᠷᠠᠨ ᠤ᠋ ᠠᠳᠠᠯᠢ ᠬᠤᠷᠴᠠ ᠲᠤᠩᠭᠠᠯᠠᠭ ᠭᠡᠷᠡᠯᠲᠦᠨ᠎ᠡ᠃ ᠤᠷᠲᠤ ᠬᠠᠷ᠎ᠠ ᠭᠡᠵᠢᠭᠡ ᠶ᠋ᠢ ᠭᠤᠷᠪᠠ ᠪᠠᠷ ᠳᠠᠷᠤᠨ ᠤᠨᠵᠢᠭᠤᠯᠵᠤ᠂ ᠤᠯᠠᠪᠢᠷ ᠰᠢᠷ᠎ᠠ ᠳᠤᠷᠳᠤᠩ ᠠᠯᠴᠢᠭᠤᠷ ᠢ᠋ᠶ᠋ᠠᠨ ᠢ᠋ᠶ᠋ᠠᠷ ᠲᠣᠯᠣᠭᠠᠢ ᠪᠠᠨ ᠣᠷᠢᠶᠠᠨ᠂ ᠥᠷᠥᠭᠡᠰᠦᠨ ᠨᠢᠳᠦᠨ ᠦ᠌ ᠳᠡᠭᠡᠷ᠎ᠡ ᠲᠠᠯ᠎ᠠ ᠳᠡᠭᠡᠷ᠎ᠡ ᠬᠡᠯᠲᠡᠭᠡᠢ ᠵᠠᠩᠭᠢᠯᠠᠨ ᠦᠵᠦᠭᠦᠷ ᠢ᠋ ᠤᠨᠵᠢᠭᠤᠯᠤᠭᠰᠠᠨ ᠨᠢ ᠵᠠᠯᠠᠭᠤ ᠪᠦᠰᠡᠭᠦᠢ ᠶ᠋ᠢᠨ ᠳᠡᠭᠵᠢᠨ ᠪᠠᠢᠳᠠᠯ ᠢ᠋ ᠦᠵᠡᠭᠦᠯᠵᠡᠢ᠃ ᠴᠠᠢᠪᠤᠷ ᠥᠩᠭᠡ ᠲᠡᠢ ᠵᠥᠭᠡᠯᠡᠨ ᠴᠢᠷᠠᠢ ᠨᠢ ᠵᠤᠨ ᠤ᠋ ᠨᠠᠷᠠᠨ ᠳ᠋ᠤ᠌ ᠪᠣᠷᠣᠯᠠᠭᠠᠳ ᠬᠣᠶᠠᠷ ᠬᠠᠴᠠᠷ  ᠲᠤ᠌ ᠨᠢ ᠤᠯᠠᠭᠠᠨ ᠲᠤᠶᠠᠭ᠎ᠠ ᠲᠤᠰᠴᠠᠢ᠃ ᠬᠠᠷᠠᠬᠤ ᠨᠢᠳᠦᠨ ᠦ᠌ ᠬᠠᠷ᠎ᠠ ᠴᠠᠭᠠᠨ ᠨᠢ ᠬᠣᠣᠰᠯᠠᠭᠠᠳ᠂ ᠬᠣᠲᠠ ᠶ᠋ᠢᠨ ᠵᠠᠯᠠᠭᠤ ᠬᠥᠮᠦᠨ ᠦ᠌ ᠳᠡᠭᠡᠷ᠎ᠡ ᠡᠶᠡᠯᠳᠡᠭ ᠢ᠋ᠶ᠋ᠡᠷ ᠬᠥᠳᠡᠯᠬᠦ ᠳᠣᠳᠣᠮ ᠳ᠋ᠤ᠌ ᠮᠢᠨᠦ ᠨᠢᠳᠦ ᠡᠷᠬᠡ ᠦᠭᠡᠢ ᠳᠠᠭᠠᠯᠳᠤᠨ ᠳᠠᠪᠬᠢᠨ᠎ᠠ᠃
   ᠡᠩᠭᠡᠷ ᠨᠢᠳᠤᠷᠭ᠎ᠠ ᠶ᠋ᠢ ᠬᠠᠷ᠎ᠠ ᠲᠣᠷᠭ᠎ᠠ ᠪᠠᠷ ᠡᠮᠵᠢᠵᠦ᠂ ᠨᠠᠷᠢᠬᠠᠨ ᠬᠣᠰᠢᠮᠠᠭ ᠲᠠᠯᠪᠢᠭᠰᠠᠨ ᠬᠦᠷᠡᠩ ᠶᠠᠭᠠᠨ ᠴᠢᠰᠴᠡᠦ ᠳᠡᠪᠡᠯ ᠢ᠋ ᠡᠮᠦᠰᠦᠭᠰᠡᠨ᠂ ᠵᠡᠭᠦᠨ ᠬᠠᠨᠴᠤ ᠳᠣᠲᠣᠷ᠎ᠠ ᠠ᠋ᠴᠠ ᠨᠠᠷᠢᠬᠠᠨ ᠬᠤᠷᠤᠭᠤ ᠶ᠋ᠢ ᠴᠤᠬᠤᠢᠯᠭᠠᠨ ᠵᠢᠯᠣᠭᠣ ᠴᠤᠯᠪᠤᠭᠤᠷ ᠢ᠋ ᠬᠤᠭᠤᠰ ᠪᠠᠷᠢᠨ ᠠᠳᠬᠤᠭᠠᠳ᠂ ᠪᠠᠷᠠᠭᠤᠨ ᠬᠠᠨᠴᠤ ᠪᠠᠨ ᠰᠤᠯᠠ ᠲᠠᠯᠪᠢᠨ ᠲᠡᠭᠦᠨ ᠦ᠌ ᠳᠣᠲᠣᠷ᠎ᠠ ᠭᠠᠷ ᠢ᠋ᠶ᠋ᠠᠨ ᠨᠢᠭᠤᠨ ᠲᠠᠰᠢᠶ᠎ᠠ ᠪᠠᠨ ᠲᠤᠯᠵᠤ᠂ ᠪᠠᠭᠤᠯᠭᠠᠭᠰᠠᠨ ᠲᠣᠮᠣ ᠨᠢᠳᠤᠷᠭ᠎ᠠ ᠶ᠋ᠢ ᠳᠠᠯᠪᠠᠢᠯᠭᠠᠨ ᠪᠦᠷᠬᠦᠭᠦᠯᠦᠭᠰᠡᠨ ᠨᠢ ᠰᠢᠨ᠎ᠡ ᠴᠠᠭ ᠤ᠋ᠨ ᠬᠡᠭᠡᠨᠴᠢᠷ ᠪᠠᠢᠳᠠᠯ ᠢ᠋ ᠭᠠᠢᠬᠠᠭᠤᠯᠵᠠᠢ᠃ ᠬᠣᠭᠣᠯᠠᠢ ᠶ᠋ᠢᠨ ᠲᠣᠪᠴᠢ ᠶ᠋ᠢ ᠵᠠᠳᠠᠭᠠᠢ ᠲᠠᠯᠪᠢᠭᠰᠠᠨ ᠤ᠋ ᠳᠣᠲᠣᠭᠤᠷ ᠬᠠᠷ᠎ᠠ ᠳᠤᠷᠳᠤᠩ  ᠢ᠋ᠶ᠋ᠠᠷ ᠪᠥᠭᠡᠷᠡᠩᠬᠡᠢᠯᠡᠨ ᠡᠮᠵᠢᠭᠰᠡᠨ ᠴᠠᠢᠪᠤᠷ ᠰᠢᠷ᠎ᠠ ᠳᠤᠷᠳᠤᠩ ᠴᠠᠮᠴᠠᠨ ᠤ᠋ ᠵᠠᠬ᠎ᠠ ᠴᠤᠬᠤᠢᠵᠤ᠂ ᠲᠡᠭᠦᠨ ᠦ᠌ ᠳᠣᠲᠣᠷ᠎ᠠ ᠨᠢᠮᠭᠡᠨ ᠴᠠᠭᠠᠨ ᠬᠥᠷᠥᠰᠥ ᠲᠡᠢ ᠭᠤᠸ᠎ᠠ ᠬᠦᠵᠦᠭᠦᠦ ᠦᠵᠡᠭᠳᠡᠬᠦ᠁ ᠶᠦᠮ᠃
   ᠰᠢᠷ᠎ᠠ ᠪᠡᠵᠢᠭᠡᠷ ᠪᠦᠰᠡ ᠶ᠋ᠢ ᠱᠠᠪ ᠬᠢᠲᠡᠯ᠎ᠡ ᠣᠷᠢᠶᠠᠭᠠᠳ᠂ ᠤᠭᠠᠯᠵᠠ ᠲᠠᠢ ᠱᠦᠩᠭᠦᠷ ᠭᠤᠲᠤᠯ ᠢ᠋ ᠳᠥᠷᠦᠭᠡᠨ ᠦ᠌ ᠳᠤᠮᠳᠠ ᠳᠡᠰ ᠬᠢᠲᠡᠯ᠎ᠡ ᠵᠢᠭᠢᠭᠰᠡᠨ ᠨᠢ ᠲᠠᠯ᠎ᠠ ᠶ᠋ᠢᠨ ᠢᠳᠡᠷ ᠮᠠᠬᠠᠪᠣᠳ ᠢ᠋ ᠪᠠᠬᠠᠷᠬᠠᠭᠤᠯᠵᠠᠢ᠃ ᠵᠠᠯᠠᠭᠤ ᠬᠥᠮᠦᠨ ᠲᠡᠭᠦᠨ ᠦ᠌ ᠵᠠᠮ ᠢ᠋ ᠬᠥᠨᠳᠡᠯᠡᠨ ᠰᠠᠭᠠᠳᠤᠭᠤᠯᠵᠤ ᠬᠡᠳᠦᠨ ᠦᠭᠡ ᠠᠰᠠᠭᠤᠨ ᠬᠡᠯᠡᠯᠴᠡᠬᠦ ᠳ᠋ᠦ᠍ ᠲᠠᠯ᠎ᠠ ᠭᠠᠵᠠᠷ ᠤ᠋ᠨ ᠪᠠᠭ᠎ᠠ ᠥᠬᠢᠨ ᠵᠢᠯᠣᠭᠣ ᠶ᠋ᠢ ᠲᠠᠲᠠᠵᠤ᠂ ᠳᠤᠷ᠎ᠠ ᠲᠠᠢ ᠪᠠᠷ ᠲᠦᠳᠡᠭᠡᠯᠵᠡᠨ ᠬᠠᠷᠢᠭᠤᠯᠤᠨ ᠥᠴᠢᠵᠦ ᠡᠨᠡ ᠲᠡᠷᠡ ᠶ᠋ᠢ ᠯᠠᠪᠯᠠᠨ ᠰᠣᠨᠢᠷᠬᠠᠨ᠎ᠠ᠃
   ᠲᠡᠰᠢᠶ᠎ᠡ ᠨᠢ ᠲᠡᠪᠬᠡᠢᠵᠦ᠂ ᠬᠠᠪᠢᠷᠭᠠᠨ ᠤ᠋ ᠶᠠᠰᠤ ᠨᠢ ᠵᠤᠷᠠᠢᠭᠰᠠᠨ ᠢᠯᠭᠤᠨ ᠰᠠᠷᠠᠯ ᠮᠣᠷᠢ ᠨᠢ ᠲᠣᠭᠲᠠᠵᠤ ᠶᠠᠳᠠᠨ᠂ ᠭᠤᠸ᠎ᠠ ᠰᠠᠢᠬᠠᠨ ᠳᠥᠷᠪᠡᠨ ᠬᠥᠯ ᠢ᠋ᠶ᠋ᠡᠷ ᠢ᠋ᠶ᠋ᠡᠨ ᠡᠭᠡᠯᠵᠢᠯᠡᠨ ᠭᠠᠵᠠᠷ ᠴᠠᠪᠴᠢᠵᠤ᠂ ᠤᠷᠠᠨ ᠰᠠᠢᠬᠠᠨ ᠲᠣᠯᠣᠭᠠᠢ ᠪᠠᠨ ᠡᠰᠢ ᠳᠠᠰᠢ ᠰᠡᠵᠢᠬᠦ ᠨᠢ ᠠᠭᠠᠷ ᠲᠤ᠌ ᠳᠡᠭᠳᠡᠵᠦ᠂ ᠡᠭᠦᠯᠡᠨ ᠳ᠋ᠦ᠍ ᠤᠮᠪᠠᠨ ᠠᠯᠳᠠᠬᠤ ᠪᠣᠯᠪᠠᠴᠤ ᠳᠡᠭᠡᠷ᠎ᠡ ᠨᠢ ᠤᠨᠤᠭᠰᠠᠨ ᠦᠵᠡᠰᠬᠦᠯᠡᠩᠲᠦ ᠥᠬᠢᠨ ᠠᠵᠢᠭ ᠦᠭᠡᠢ ᠰᠠᠭᠤᠵᠤ ᠦᠭᠦᠯᠡᠯᠳᠦᠬᠦ ᠪᠥᠭᠡᠳ ᠦᠭᠡ ᠬᠡᠯᠡᠯᠴᠡᠨ ᠬᠢᠴᠢᠶᠡᠩᠭᠦᠢᠯᠡᠨ ᠠᠭᠠᠰᠢᠯᠠᠬᠤ ᠨᠢ ᠪᠠᠭ᠎ᠠ ᠬᠡᠦᠬᠡᠳ ᠮᠡᠲᠦ ᠬᠥᠩᠭᠡᠮᠰᠦᠭ ᠡᠶᠡᠪᠡᠷᠭᠦ᠂ ᠬᠠᠰ ᠤ᠋ᠨ ᠥᠩᠭᠡ ᠲᠡᠢ ᠳᠥᠷᠪᠡᠯᠵᠢᠨ ᠴᠠᠭᠠᠨ ᠰᠢᠲᠦ  ᠪᠡᠨ ᠢᠷᠠᠯᠵᠠᠭᠤᠯᠤᠨ ᠦᠶ᠎ᠡ ᠦᠶ᠎ᠡ ᠢᠨᠢᠶᠡᠮᠰᠦᠭᠯᠡᠨ ᠮᠦᠰᠢᠶᠡᠨ᠎ᠡ᠃
   ᠬᠡᠭᠡᠷ᠎ᠡ ᠲᠠᠯ᠎ᠠ ᠶ᠋ᠢᠨ ᠳᠤᠮᠳᠠ ᠬᠥᠨᠳᠡᠯᠡᠨ ᠭᠤᠯᠳᠤ ᠳᠠᠪᠬᠢᠵᠤ᠂ ᠬᠥᠳᠡᠭᠡ ᠶ᠋ᠢᠨ ᠰᠠᠷᠠᠭᠤᠯ ᠳ᠋ᠤ᠌ ᠪᠡᠶ᠎ᠡ ᠪᠡᠨ ᠭᠠᠢᠬᠠᠭᠤᠯᠤᠭᠰᠠᠨ ᠡᠢᠮᠦ ᠨᠢᠭᠡ ᠦᠵᠡᠰᠬᠦᠯᠡᠩᠲᠦ ᠥᠬᠢᠨ ᠲᠡᠢ ᠤᠴᠠᠷᠠᠭᠠᠳ ᠬᠡᠷᠬᠢᠨ ᠰᠡᠳᠬᠢᠯ ᠬᠥᠳᠡᠯᠬᠦ ᠦᠭᠡᠢ ᠪᠠᠢᠵᠤ ᠪᠣᠯᠬᠤ ᠠᠵᠢ᠃ ᠴᠢᠨᠡᠭᠡ ᠪᠡᠷ ᠢ᠋ᠶ᠋ᠡᠨ ᠬᠢᠴᠢᠶᠡᠩᠭᠦᠢᠯᠡᠨ ᠬᠡᠯᠡᠯᠴᠡᠵᠦ ᠰᠣᠨᠢᠷᠬᠠᠯ ᠢ᠋ ᠲᠠᠯᠪᠢᠨ᠎ᠠ᠃ ᠥᠨᠳᠥᠷ ᠬᠠᠨ ᠤ᠋ ᠥᠪᠥᠷ ᠢ᠋ᠶ᠋ᠡᠷ ᠨᠤᠲᠤᠭᠯᠠᠳᠠᠭ ᠭᠡᠨ᠎ᠡ᠃ ᠥᠨᠥᠳᠥᠷ ᠲᠡᠨᠳᠡ ᠪᠠᠭᠤᠭᠰᠠᠨ ᠭᠡᠵᠦ ᠡᠮᠦᠨ᠎ᠡ ᠬᠥᠨᠳᠡᠢ ᠪᠡᠷ
ᠤᠭᠠᠯᠵᠠᠯᠠᠭᠰᠠᠨ ᠡᠷᠢᠶᠡᠨ ᠮᠠᠢᠬᠠᠨ ᠪᠦᠷᠦᠭ ᠪᠠᠷᠤᠭ ᠦᠵᠡᠭᠳᠡᠬᠦ ᠶ᠋ᠢ ᠵᠢᠭᠠᠭᠠᠳ ᠳᠠᠷᠤᠢ ᠮᠣᠷᠢ ᠪᠠᠨ ᠲᠠᠰᠢᠭᠤᠷᠳᠠᠨ ᠬᠠᠷᠠᠢᠯᠭᠠᠵᠤ ᠢᠰᠬᠡᠷᠦᠨ᠃ ᠬᠠᠲᠠᠷᠢᠭᠤᠯᠤᠭᠰᠠᠭᠠᠷ ᠣᠳᠪᠠ᠃ ᠬᠡᠷᠪᠡ ᠪᠢ ᠮᠣᠷᠢ ᠲᠠᠢ ᠪᠣᠯᠤᠭᠠᠳ ᠵᠠᠪ ᠲᠠᠢ ᠶᠠᠪᠤᠭᠰᠠᠨ ᠪᠣᠯ ᠳᠠ ᠁ 
                 1931 ᠣᠨ

   ᠦᠰᠦᠭ ᠠᠮᠢᠯᠠᠭᠤᠯᠤᠭᠴᠢ᠄ ᠢᠳᠰᠢᠩᠬᠣᠷᠯᠣ᠂  ᠭᠦᠨᠳᠦᠰᠠᠩᠪᠤᠤ ᠨᠠᠷᠠᠨᠲᠤᠶᠠᠭ᠎ᠠ
   ᠬᠢᠨᠠᠭᠴᠢ᠄ ᠰᠡᠬᠡᠭᠡᠷᠡᠯ᠂ ᠴᠠᠬᠠᠷ ᠪᠠᠲᠤ᠂ ᠣᠳᠬᠠᠨᠰᠣ᠎ᠠ