ᠡᠵᠡᠷᠬᠡᠭ ᠲᠦᠷᠢᠮᠡᠬᠡᠢ ᠶ᠋ᠢᠨ ᠪᠠᠢᠯᠳᠤᠭᠠᠨ- ᠳ· ᠨᠠᠴᠤᠭᠳᠣᠷᠵᠢЭзэрхэг түрэмгийн байлдаан-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠡᠷᠬᠡᠭ ᠲᠦᠷᠢᠮᠡᠬᠡᠢ ᠶ᠋ᠢᠨ ᠪᠠᠢᠯᠳᠤᠭᠠᠨ- ᠳ· ᠨᠠᠴᠤᠭᠳᠣᠷᠵᠢЭзэрхэг түрэмгийн байлдаан-Д.Нацагдорж

ᠡᠵᠡᠷᠬᠡᠭ ᠲᠦᠷᠢᠮᠡᠬᠡᠢ ᠶ᠋ᠢᠨ ᠪᠠᠢᠯᠳᠤᠭᠠᠨ- ᠳ· ᠨᠠᠴᠤᠭᠳᠣᠷᠵᠢЭзэрхэг түрэмгийн байлдаан-Д.Нацагдорж

2024-06-13

284

            ᠳ· ᠨᠠᠴᠤᠭᠳᠣᠷᠵᠢ 

       ᠡᠨᠡᠲᠡᠭᠡ ᠠᠭᠤᠯᠠ ᠶ᠋ᠢᠨ ᠡᠩᠭᠡᠷ ᠲᠦ᠍ ᠪᠢ ᠦᠬᠡᠷ ᠫᠤᠤ ᠶ᠋ᠢᠨ ᠪᠢᠯᠳᠠᠨ ᠠ᠋ᠴᠠ ᠴᠣᠬᠢᠮᠠᠭᠴᠠ ᠲᠡᠷᠲᠡᠭᠡ ᠲᠠᠯ᠎ᠠ ᠶ᠋ᠢᠨ ᠬᠠᠵᠠᠭᠤ ᠳ᠋ᠤ᠌ ᠴᠢᠨᠦ ᠴᠢᠰᠤ ᠶ᠋ᠢ ᠤᠷᠤᠰᠬᠠᠨ᠎ᠠ᠃ ᠡᠨᠡ ᠬᠣᠶᠠᠷ ᠬᠡᠨ ᠪᠣᠢ ᠭᠡᠪᠡᠯ ᠬᠣᠶᠠᠭᠤᠯᠠ ᠪᠡᠶ᠎ᠡ ᠶ᠋ᠢᠨ ᠬᠦᠴᠦ ᠶ᠋ᠢ ᠦᠨᠡᠯᠡᠭᠴᠢ ᠵᠠᠯᠠᠭᠤ ᠠᠷᠠᠳ ᠶᠤᠮ᠃ ᠬᠥᠨᠳᠡᠢ ᠲᠠᠯ᠎ᠠ ᠳ᠋ᠤ᠌ ᠭᠠᠰᠠᠯᠬᠤ ᠳᠠᠭᠤ ᠲᠩᠷᠢ ᠳ᠋ᠦ᠍ ᠲᠤᠯᠤᠭᠠᠳ᠂ ᠥᠴᠦᠬᠡᠨ ᠲᠤᠭᠤᠯᠭ᠎ᠠ ᠨᠤᠭᠤᠳ ᠬᠣᠭᠣᠰᠣᠨ ᠠᠭᠠᠷ ᠲᠤ᠌ ᠪᠥᠵᠢᠭᠯᠡᠬᠦ ᠶ᠋ᠢᠨ ᠦᠶ᠎ᠡ ᠳ᠋ᠦ᠍ ᠬᠥᠷᠥᠩᠭᠡᠲᠡᠨ ᠪᠠᠶᠠᠴᠤᠳ ᠲᠠᠪᠠᠯᠢᠭ ᠠᠰᠠᠷ ᠤ᠋ᠨ ᠳᠡᠭᠡᠷ᠎ᠡ ᠮᠣᠷᠢᠯᠠᠵᠤ ᠨᠠᠢᠷᠯᠠᠨ᠂ ᠴᠡᠴᠡᠭ ᠰᠠᠴᠤᠨ ᠨᠠᠭᠠᠳᠴᠤ᠂ ᠠᠷᠠᠳ ᠤ᠋ᠨ ᠴᠢᠰᠤ ᠪᠠᠷ ᠨᠡᠷᠡᠭᠰᠡᠨ ᠠᠷᠢᠬᠢ ᠶ᠋ᠢ ᠠᠮᠲᠠᠲᠠᠢᠬᠠᠨ ᠢ᠋ᠶ᠋ᠠᠷ ᠰᠢᠮᠡᠨ ᠬᠥᠯᠴᠥᠭᠦᠷᠡᠵᠦ ᠰᠡᠳᠬᠢᠯ ᠢ᠋ᠶ᠋ᠡᠨ ᠪᠠᠶᠠᠰᠤᠭᠤᠯᠤᠨ᠎ᠠ᠃ ᠥᠰᠢᠶ᠎ᠡ ᠴᠤ᠌ ᠦᠭᠡᠢ ᠠᠲᠠᠭ᠎ᠠ ᠴᠤ᠌ ᠦᠭᠡᠢ᠂ ᠭᠡᠮ ᠴᠤ᠌ ᠦᠭᠡᠢ ᠬᠣᠣᠷ ᠴᠤ᠌ ᠦᠭᠡᠢ ᠣᠯᠠᠨ ᠠᠷᠠᠳ ᠤ᠋ᠨ ᠬᠡᠦᠬᠡᠳ ᠦ᠋ᠳ ᠬᠠᠷᠢᠯᠴᠠᠨ ᠲᠡᠮᠡᠴᠡᠯᠳᠦᠵᠦ᠂ ᠨᠢᠭᠡ ᠨᠢ ᠨᠥᠭᠦᠭᠡ ᠪᠡᠨ ᠫᠤᠤᠳᠠᠨ᠂ ᠨᠥᠭᠦᠭᠡ ᠨᠢ ᠨᠢᠭᠡ ᠶ᠋ᠢ ᠪᠡᠨ ᠵᠢᠳᠠᠯᠠᠬᠤ ᠶ᠋ᠢ ᠦᠵᠡᠪᠡᠯ ᠦᠨᠡᠬᠡᠷ ᠵᠢᠷᠦᠬᠡ ᠡᠪᠳᠦᠯ ᠲᠡᠢ᠃ ᠨᠢᠭᠡ ᠬᠡᠳᠦᠨ ᠡᠵᠡᠷᠬᠡᠭ ᠡᠲᠡᠭᠡᠳ ᠦ᠋ᠨ ᠮᠡᠬᠡᠯᠡᠯ ᠳ᠋ᠦ᠍ ᠬᠠᠭᠤᠷᠲᠠᠵᠤ ᠶᠠᠪᠤᠭ᠎ᠠ ᠶ᠋ᠢ ᠶᠠᠭᠠᠬᠢᠨ ᠳᠠᠷᠤᠢ ᠮᠡᠳᠡᠵᠦ ᠭᠡᠮᠰᠢᠨ᠎ᠡ᠃ ᠬᠡᠳᠦᠢᠨ ᠶᠠᠰᠤᠨ ᠠᠭᠤᠯᠠ ᠪᠣᠰᠴᠤ᠂ ᠴᠢᠰᠤᠨ ᠳᠠᠯᠠᠢ ᠤᠷᠤᠰᠤᠨ᠂ ᠵᠣᠪᠠᠯᠠᠩᠲᠤ ᠠᠮᠢᠰᠬᠤᠯ ᠶᠢᠷᠲᠢᠨᠴᠦ ᠶ᠋ᠢ ᠪᠦᠷᠬᠦᠭᠰᠡᠨ ᠦ᠌ ᠬᠣᠢᠨ᠎ᠠ᠂ ᠲᠡᠳᠡᠨ ᠦ᠌ ᠪᠤᠯᠠᠰᠢ ᠶ᠋ᠢᠨ ᠳᠡᠭᠡᠷᠡᠬᠢ ᠬᠤᠪᠠᠬᠠᠢ ᠴᠠᠭᠠᠨ ᠮᠣᠳᠣ ᠨᠤᠭᠤᠳ ᠨᠢ ᠰᠠᠷᠠᠢᠨ ᠦᠵᠡᠭᠳᠡᠵᠦ᠂ ᠬᠥᠮᠦᠨ ᠦ᠌ ᠰᠡᠳᠬᠢᠯ ᠢ᠋ ᠰᠡᠷᠳ᠋ᠬᠢᠨ ᠤᠢᠳᠬᠠᠷᠯᠠᠭᠤᠯᠤᠭᠰᠠᠭᠠᠷ ᠪᠠᠢᠨ᠎ᠠ᠃
ᠠᠶ᠎ᠠ ᠬᠥᠷᠥᠩᠭᠡᠲᠡᠨ ᠡᠲᠡᠭᠡᠳ ᠦ᠋ᠨ ᠡᠭᠦᠰᠬᠡᠭᠰᠡᠨ ᠪᠠ ᠳᠠᠬᠢᠨ ᠡᠭᠦᠰᠬᠡᠬᠦ ᠶ᠋ᠢ ᠵᠠᠪᠳᠤᠨ ᠪᠠᠢᠭ᠎ᠠ ᠬᠣᠣᠷᠲᠤ ᠪᠠᠢᠯᠳᠤᠭᠠᠨ ᠢ᠋ ᠬᠣᠷᠣᠰᠤᠨ ᠵᠠᠨᠤᠯᠲᠠᠶ᠎ᠠ᠃
            1931 ᠣᠨ ᠤ᠋1 ᠳ᠋ᠦ᠍ᠭᠡᠷ ᠰᠠᠷ᠎ᠠ ᠶ᠋ᠢᠨ15

  ᠦᠰᠦᠭ ᠠᠮᠢᠯᠠᠭᠤᠯᠤᠭᠴᠢ᠄ ᠨᠡᠭᠦᠳᠡᠯ
  ᠬᠢᠨᠠᠭᠴᠢ᠄ ᠣᠳᠬᠠᠨᠰᠣ᠎ᠠ