ᠬᠠᠷ᠎ᠠ ᠰᠢᠪᠠᠭᠤᠨ ᠲᠠᠪᠠᠭХар шувуун таваг ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠰᠢᠪᠠᠭᠤᠨ ᠲᠠᠪᠠᠭХар шувуун таваг

ᠬᠠᠷ᠎ᠠ ᠰᠢᠪᠠᠭᠤᠨ ᠲᠠᠪᠠᠭХар шувуун таваг

2024-06-13

331

ᠬᠠᠷ᠎ᠠ ᠰᠢᠪᠠᠭᠤᠨ ᠲᠠᠪᠠᠭ

                ᠦᠶᠡᠲᠦ ᠤᠷᠭᠤᠮᠠᠯ ᠤ᠋ᠨ ᠢᠵᠠᠭᠤᠷ 
      ᠪᠤᠲᠠᠯᠠᠨ ᠤᠷᠭᠤᠬᠤ ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠰᠢᠯᠤᠭᠤᠨ ᠪᠤᠶᠤ ᠣᠵᠣᠭᠣᠷ ᠲᠠᠭᠠᠨ ᠲᠠᠰᠢᠭᠤ᠂ 30—40cm ᠥᠨᠳᠥᠷ᠂ ᠮᠠᠰᠢ ᠨᠠᠷᠢᠨ᠃ ᠨᠠᠪᠴᠢᠨ ᠤ᠋ ᠲᠣᠭᠳᠣᠢ ᠨᠢ ᠡᠰᠢ ᠪᠡᠨ ᠰᠤᠯᠠᠬᠠᠨ ᠪᠠᠭᠯᠠᠨ᠎ᠠ᠂ ᠦᠰᠦ ᠦᠭᠡᠢ ᠪᠤᠶᠤ ᠲᠠᠷᠠᠮᠠᠭ ᠵᠥᠭᠡᠯᠡᠨ ᠦᠰᠦ ᠲᠡᠢ᠂ ᠤᠭ ᠤ᠋ᠨ ᠬᠡᠰᠡᠭ ᠡᠴᠡ ᠪᠤᠰᠤᠳ ᠨᠢ ᠪᠦᠷ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠣᠬᠣᠷ ;  ᠨᠠᠪᠴᠢᠨ ᠤ᠋ ᠬᠡᠯᠡ ᠨᠢ ᠬᠠᠭᠤᠷᠠᠢ ᠲᠣᠷᠭᠠᠨ ᠬᠠᠯᠢᠰᠤᠯᠢᠭ᠂ 0.5—1mm ᠤᠷᠲᠤ᠃ ᠨᠠᠪᠴᠢ ᠨᠢ ᠲᠡᠭᠰᠢᠬᠡᠨ ᠬᠠᠪᠲᠠᠭᠠᠢ᠂ 2—8cm ᠤᠷᠲᠤ᠂ 1—5mm ᠥᠷᠭᠡᠨ᠂ ᠱᠣᠪᠣᠭᠣᠷ ᠦᠵᠦᠭᠦᠷ ᠲᠡᠢ᠂ ᠲᠣᠭᠣᠷᠢᠭ ᠪᠤᠶᠤ ᠵᠢᠷᠦᠬᠡᠨ ᠬᠡᠯᠪᠡᠷᠢᠲᠦ ᠤᠭ ᠲᠠᠢ᠂ ᠬᠣᠶᠠᠷ ᠲᠠᠯ᠎ᠠ ᠳ᠋ᠤᠨᠢ ᠪᠦᠷ ᠲᠠᠷᠠᠮᠠᠭ ᠦᠰᠦ ᠲᠡᠢ ᠪᠤᠶᠤ ᠠᠷᠤ ᠳ᠋ᠤᠨᠢ ᠦᠰᠦ ᠦᠭᠡᠢ᠃ ᠴᠠᠴᠤᠭ ᠬᠡᠯᠪᠡᠷᠢᠲᠦ ᠪᠠᠭ ᠴᠡᠴᠡᠭ ᠨᠢ 2—4᠂ ᠡᠰᠢᠨ ᠦ᠌ ᠣᠷᠣᠢ ᠳ᠋ᠤ᠌ ᠪᠠᠭᠯᠠᠷᠠᠨ ᠤᠷᠭᠤᠨ᠎ᠠ᠂ ᠡᠰᠡᠬᠦᠯ᠎ᠡ ᠬᠠᠮᠤᠭ ᠤ᠋ᠨ ᠳᠣᠣᠷᠠᠬᠢ ᠨᠢᠭᠡ ᠨᠢ ᠨᠡᠯᠢᠶᠡᠳ ᠵᠠᠢᠲᠠᠢ ᠪᠠᠢᠳᠠᠭ᠂ 2—8cm ᠤᠷᠲᠤ ;  ᠲᠦᠷᠦᠭᠦᠦ ᠶ᠋ᠢᠨ ᠲᠡᠩᠭᠡᠯᠢᠭ ᠨᠢ ᠳᠠᠯᠠᠪᠴᠢ ᠲᠠᠢ᠂ 0.8—1.2mm ᠥᠷᠭᠡᠨ᠂ ᠪᠠᠬᠠᠨ ᠳᠣᠯᠭᠢᠶᠠᠯᠠᠭᠰᠠᠨ ᠰᠢᠷᠦᠭᠦᠨ ᠬᠥᠪᠡᠭᠡ ᠲᠡᠢ ;  ᠵᠢᠵᠢᠭ ᠲᠦᠷᠦᠭᠦᠦ ᠨᠢ 1.8—2.3mm ᠤᠷᠲᠤ᠂ ᠴᠠᠢᠪᠤᠷ ᠨᠣᠭᠣᠭᠠᠨ ᠪᠤᠶᠤ ᠪᠣᠷᠣᠪᠲᠤᠷ᠂ ᠪᠠᠭ ᠴᠡᠴᠡᠭ ᠦ᠋ᠨ ᠲᠡᠩᠭᠡᠯᠢᠭ ᠦ᠋ᠨ ᠦᠶ᠎ᠡ ᠪᠦᠷᠢ ᠳ᠋ᠦ᠍ 2—3 ᠪᠠᠷ ᠤᠷᠭᠤᠨ᠎ᠠ᠂ ᠵᠢᠵᠢᠭ ᠲᠦᠷᠦᠭᠦᠦ ᠶ᠋ᠢᠨ ᠪᠠᠷᠢᠭᠤᠯ ᠨᠢ ᠦᠰᠦ ᠦᠭᠡᠢ ᠪᠤᠶᠤ ᠪᠠᠬᠠᠨ ᠰᠢᠷᠦᠭᠦᠨ᠂ ᠦᠵᠦᠭᠦᠷ ᠨᠢ ᠲᠣᠮᠣᠷᠠᠵᠤ ᠪᠥᠭᠡᠷᠡᠩᠬᠡᠢ ᠲᠠᠪᠠᠭ ᠮᠡᠲᠦ ᠪᠣᠯᠵᠠᠢ ; ᠨᠢᠭᠡᠳᠦᠭᠡᠷ ᠬᠠᠯᠢᠰᠤ ᠨᠢ ᠮᠠᠰᠢ ᠵᠢᠵᠢᠭ᠂ ᠲᠤᠩᠭᠠᠯᠠᠭ ᠲᠣᠷᠭᠠᠨ ᠬᠠᠯᠢᠰᠤᠯᠢᠭ᠂ ᠰᠤᠳᠠᠯ ᠦᠭᠡᠢ᠂ ᠬᠣᠶᠠᠳᠤᠭᠠᠷ ᠬᠠᠯᠢᠰᠤ ᠨᠢ ᠵᠢᠵᠢᠭ ᠲᠦᠷᠦᠭᠦᠦ ᠲᠡᠢ ᠪᠡᠨ ᠢᠵᠢᠯ ᠪᠤᠶᠤ ᠪᠠᠬᠠᠨ ᠣᠬᠣᠷ᠂ ᠭᠤᠷᠪᠠᠨ ᠰᠤᠳᠠᠯ ᠲᠠᠢ᠂ ᠰᠤᠳᠠᠯ ᠤ᠋ᠨ ᠬᠣᠭᠣᠷᠣᠨᠳᠣ ᠪᠣᠯᠤᠨ ᠬᠥᠪᠡᠭᠡ ᠳ᠋ᠦ᠍ᠨᠢ ᠪᠠᠰᠠ ᠰᠢᠳᠠᠮ ᠬᠡᠯᠪᠡᠷᠢᠲᠦ ᠦᠰᠦ ᠲᠡᠢ᠃ ᠭᠠᠳᠠᠷ ᠬᠡᠪᠡᠭ ᠨᠢ ᠲᠠᠪᠤᠨ ᠰᠤᠳᠠᠯ ᠲᠠᠢ᠃  ᠰᠤᠳᠠᠯ  ᠤ᠋ᠨ  ᠬᠣᠭᠣᠷᠣᠨᠳᠣ  ᠪᠣᠯᠤᠨ  ᠬᠥᠪᠡᠭᠡ  ᠳ᠋ᠦ᠍ᠨᠢ  ᠪᠠᠰᠠ  ᠰᠢᠳᠠᠮ  ᠬᠡᠯᠪᠡᠷᠢᠲᠦ  ᠦᠰᠦ  ᠲᠡᠢ ᠃ ᠠᠮᠤ ᠵᠢᠮᠢᠰ ᠨᠢ ᠪᠣᠯᠪᠠᠰᠤᠷᠠᠪᠠᠯ ᠬᠠᠷᠠᠪᠲᠤᠷ ᠬᠦᠷᠡᠩ ᠪᠣᠯᠤᠨ᠎ᠠ᠃
      ᠶᠡᠷᠦ ᠳ᠋ᠡᠭᠡᠨ ᠭᠣᠣᠯ ᠤ᠋ᠨ ᠬᠥᠪᠡᠭᠡ᠂ ᠲᠠᠷᠢᠶᠠᠨ ᠤ᠋ ᠵᠠᠭᠠᠭ᠂ ᠴᠢᠭᠢᠭᠲᠡᠢ ᠠᠲᠠᠷ ᠬᠡᠭᠡᠷ᠎ᠡ᠂ ᠡᠯᠡᠰᠦᠷᠬᠡᠭ ᠭᠠᠵᠠᠷ ᠳᠤ ᠪᠦᠷ ᠤᠷᠭᠤᠨ᠎ᠠ᠃
       ᠮᠠᠨ ᠤ᠋ ᠤᠯᠤᠰ ᠤ᠋ᠨ ᠡᠯ᠎ᠡ ᠮᠣᠵᠢ᠂ ᠣᠷᠣᠨ ᠳ᠋ᠤ᠌ ᠪᠦᠷ ᠤᠷᠭᠤᠳᠠᠭ᠃
        ᠪᠡᠯᠴᠢᠭᠡᠷ ᠡᠪᠡᠰᠦ᠃

        ᠬᠢᠲᠠᠳ ᠨᠡᠷ᠎ᠡ᠄止血马唐
        ᠠᠩᠭ᠌ᠯᠢ ᠨᠡᠷ᠎ᠡ᠄ Digitaria ischaemum (Schreb.) Muhl.

             ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
             ᠬᠢᠨᠠᠭᠴᠢ᠄ ᠫᠤ· ᠴᠠᠭᠠᠨ