ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠨᠢᠭᠡ) Сэрүүхэн тал нутаг – <свис> Вальтер Босгард ( Walter Bosshard)- Нэгдүгээр бүлэг・Анхны аялал (1) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠨᠢᠭᠡ) Сэрүүхэн тал нутаг – <свис> Вальтер Босгард ( Walter Bosshard)- Нэгдүгээр бүлэг・Анхны аялал (1)

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠨᠢᠭᠡ) Сэрүүхэн тал нутаг – <свис> Вальтер Босгард ( Walter Bosshard)- Нэгдүгээр бүлэг・Анхны аялал (1)

ᠠᠩᠭᠢᠯᠠᠯ:ᠲᠤᠭᠤᠵᠢ ᠷᠣᠮᠠᠨ
2024-06-12

373

ᠨᠢᠭᠡᠳᠦᠭᠡᠷ ᠪᠦᠯᠦᠭ ᠂ ᠠᠩᠬᠠᠨ ᠤ ᠠᠶᠠᠯᠠᠯ

ᠨᠢᠭᠡ ᠂ ᠴᠠᠭᠠᠨ ᠬᠡᠷᠡᠮ ᠦᠨ ᠴᠠᠭᠠᠳᠤ ᠲᠠᠯ᠎ᠠ ᠳᠤ


       ᠰᠥᠨᠢ ᠳᠤᠮᠳᠠ ᠶ᠋ᠢᠨ ᠦᠶᠡᠰ ᠢ᠋ᠶ᠋ᠡᠷ ᠪᠢᠳᠡ ᠴᠢᠭᠤᠯᠤᠯᠲᠤ ᠬᠠᠭᠠᠯᠭ᠎ᠠ ᠳ᠋ᠤ᠌ ᠬᠦᠷᠦᠯ᠎ᠡ᠃ ᠲᠠᠯ᠎ᠠ ᠨᠤᠲᠤᠭ ᠤ᠋ᠨ ᠵᠢᠬᠡᠭᠦᠨ ᠰᠠᠯᠬᠢ ᠣᠢᠷ᠎ᠠ ᠬᠠᠪᠢ ᠶ᠋ᠢᠨ ᠠᠭᠤᠯᠠᠰ ᠠ᠋ᠴᠠ ᠵᠢᠪᠠᠷᠯᠠᠵᠤ᠂ ᠭᠦᠨ ᠨᠣᠢᠷᠰᠤᠭᠰᠠᠨ ᠬᠣᠲᠠ ᠶ᠋ᠢᠨ ᠬᠣᠭ ᠯᠠᠭ ᠲᠠᠢ ᠵᠡᠭᠡᠯᠢ ᠪᠡᠷ ᠦᠯᠢᠶᠡᠨ᠎ᠡ᠃ ᠪᠤᠭᠤᠷᠤᠯ ᠲᠣᠯᠣᠭᠠᠢ ᠲᠠᠢ ᠱᠠᠰᠢᠨ ᠳᠡᠯᠭᠡᠷᠡᠭᠦᠯᠦᠭᠴᠢ ᠰᠦᠢᠳ᠋ᠸᠷᠪᠣᠮ ᠪᠢᠳᠡᠨ ᠢ᠋ ᠭᠠᠯᠲᠤ ᠲᠡᠷᠭᠡᠨ ᠦ᠌ ᠵᠣᠭᠰᠣᠭᠠᠯ ᠠ᠋ᠴᠠ ᠲᠣᠰᠴᠤ ᠠᠪᠤᠭᠠᠳ᠂ ᠡᠩᠬᠦᠯ ᠳᠤᠩᠬᠤᠯ ᠨᠠᠷᠢᠬᠠᠨ ᠭᠤᠳᠤᠮᠵᠢ ᠪᠠᠷ ᠬᠣᠲᠠ ᠶ᠋ᠢᠨ ᠵᠠᠬ᠎ᠠ ᠳ᠋ᠤ᠌ ᠪᠠᠢᠷᠢᠯᠠᠭ᠎ᠠ ᠭᠡᠷ ᠤᠷᠤᠭᠤ ᠪᠠᠨ ᠳᠠᠭᠠᠭᠤᠯᠵᠤ ᠶᠠᠪᠤᠯ᠎ᠠ᠃ ᠡᠨᠡ ᠬᠦ᠌ ᠪᠢᠳᠡᠨ ᠢ᠋ ᠠᠴᠢᠶᠠᠯᠠᠭᠰᠠᠨ ᠬᠠᠭᠤᠴᠢᠨ ᠮᠣᠷᠢᠨ ᠲᠡᠷᠭᠡ ᠨᠡᠯᠢᠶᠡᠳ ᠶᠠᠪᠤᠭᠰᠠᠨ ᠤ᠋ ᠳᠠᠷᠠᠭ᠎ᠠ ᠭᠡᠨᠡᠳᠲᠡ ᠬᠠᠷᠠᠩᠭᠤᠢ ᠶ᠋ᠢᠨ ᠳᠤᠮᠳᠠ ᠨᠢᠭᠡᠨ ᠥᠨᠳᠥᠷ ᠬᠡᠷᠡᠮ ᠳ᠋ᠦ᠍ ᠲᠤᠯᠪᠠ᠃ 
       — ᠡᠭᠦᠨ ᠦ᠌ ᠴᠠᠭᠠᠨ᠎ᠠ ᠨᠢ ᠬᠠᠭᠤᠴᠢᠨ ᠵᠠᠰᠠᠭ ᠤ᠋ᠨ ᠣᠷᠳᠣᠨ ᠤ᠋ ᠠᠰᠠᠷ ᠪᠠᠢᠭ᠎ᠠ ᠶᠤᠮ ᠭᠡᠵᠦ ᠰᠦᠢᠳ᠋ᠸᠷᠪᠣᠮ ᠲᠠᠢᠯᠪᠤᠷᠢᠯᠠᠨ ᠬᠡᠯᠡᠪᠡ᠃ ᠮᠢᠨᠦ ᠬᠤᠪᠢ ᠳ᠋ᠤ᠌ ᠠᠪᠴᠤ ᠬᠡᠯᠡᠪᠡᠯ ᠬᠥᠮᠦᠨ ᠦ᠌ ᠳᠠᠭᠤ ᠣᠯᠵᠤ ᠰᠣᠨᠣᠰᠤᠭᠰᠠᠨ ᠳ᠋ᠠᠭᠠᠨ ᠪᠠᠶᠠᠷᠯᠠᠪᠠ᠃ ᠬᠠᠵᠠᠭᠤ ᠬᠠᠪᠢ ᠪᠠᠷ ᠶᠠᠳᠠᠵᠤ ᠭᠠᠭᠴᠠ ᠴᠤ᠌ ᠭᠡᠷᠡᠯ ᠲᠡᠢ ᠴᠣᠩᠬᠣ ᠠᠯᠠᠭ᠎ᠠ᠃ ᠴᠠᠭᠠᠨ᠎ᠠ ᠨᠢ ᠬᠥᠮᠦᠨ ᠠᠮᠢᠳᠤᠷᠠᠵᠤ ᠪᠠᠢᠨ᠎ᠠ ᠭᠡᠵᠦ ᠢᠲᠡᠭᠡᠮᠡᠷ ᠦᠭᠡᠢ ᠡᠴᠢᠨ᠎ᠡ ᠳᠠᠯᠳᠠ ᠬᠠᠷᠠᠩᠭᠤᠢ ᠭᠤᠳᠤᠮᠵᠢ ᠪᠠᠷ ᠴᠢᠮᠡᠭᠡ ᠦᠭᠡᠢᠬᠡᠨ ᠠᠶᠠᠯᠠᠬᠤ ᠳ᠋ᠤ᠌ ᠳᠣᠲᠣᠷ᠎ᠠ ᠨᠢᠭᠡ ᠯᠡ ᠡᠪ ᠦᠭᠡᠢ ᠠᠵᠢ᠃ ᠲᠡᠷᠭᠡ ᠥᠭᠡᠳᠡ ᠮᠠᠴᠤᠵᠤ ᠬᠢᠬᠤᠲᠤᠨᠠᠨ ᠳᠤᠤᠭᠠᠷᠤᠭᠰᠠᠭᠠᠷ ᠪᠠᠢᠪᠠ᠃ 
       — ᠪᠢᠳᠡ ᠪᠠᠭᠤᠭᠠᠳ ᠠᠯᠬᠤᠪᠠᠯ ᠶᠠᠮᠠᠷ ᠪᠣᠢ?  ᠭᠡᠵᠦ ᠵᠤᠨ ᠮᠠᠷᠺᠤᠧᠨ᠋ᠲ ᠶᠠᠷᠢᠪᠠ᠃ 
       — ᠣᠳᠣᠬᠠᠨ ᠬᠦᠷᠦᠯ᠎ᠡ ᠭᠡᠵᠦ ᠰᠦᠢᠳ᠋ᠸᠷᠪᠣᠮ ᠲᠡᠭᠦᠨ ᠳ᠋ᠦ᠍ ᠬᠠᠷᠢᠭᠤᠯᠬᠤ ᠶ᠋ᠢᠨ ᠵᠡᠷᠭᠡ ᠮᠣᠷᠢᠨ ᠲᠡᠷᠭᠡ ᠭᠡᠷᠡᠯ ᠠᠰᠠᠭᠠᠭᠰᠠᠨ ᠧᠦ᠋ᠷᠣᠫᠠ ᠮᠠᠶᠢᠭ ᠤ᠋ᠨ ᠪᠠᠢᠰᠢᠩ ᠤ᠋ᠨ ᠡᠮᠦᠨ᠎ᠡ ᠬᠦᠷᠴᠦ ᠵᠣᠭᠰᠣᠪᠠ᠃ ᠡᠨᠡ ᠬᠦ᠌ ᠰᠥᠨᠢ ᠶ᠋ᠢᠨ ᠲᠠᠨᠢᠯ ᠪᠤᠰᠤ ᠨᠠᠪᠲᠠᠢᠭᠰᠠᠨ ᠪᠠᠢᠰᠢᠩ ᠤ᠋ᠳ ᠵᠢᠴᠢ ᠠᠶᠤᠮᠰᠢᠭᠲᠠᠢ ᠬᠡᠷᠡᠮ ᠨᠢ ᠠᠮᠧᠷᠢᠺᠠ ᠪᠦᠰᠡᠭᠦᠢ ᠶ᠋ᠢᠨ ᠬᠠᠯᠠᠭᠤᠮᠰᠤᠭ ᠤᠭᠲᠤᠯᠭ᠎ᠠ ᠪᠠᠷ ᠭᠡᠷ ᠲᠦ᠋ᠨᠢ ᠣᠷᠣᠭᠠᠳ ᠪᠦᠷ ᠴᠦ᠍ ᠮᠠᠷᠲᠠᠭᠳᠠᠪᠠ᠃ 
       ᠵᠤᠨ ᠮᠠᠷᠺᠤᠧᠨ᠋ᠲ ᠪᠣᠯ ᠠᠩᠬ᠎ᠠ ᠤᠳᠠᠭ᠎ᠠ ᠠᠽᠢᠶ᠎ᠠ ᠳ᠋ᠤ᠌ ᠢᠷᠡᠵᠦ ᠪᠠᠢᠭ᠎ᠠ ᠶᠤᠮ᠃ ᠠᠷᠪᠠᠭᠠᠳ ᠡᠳᠦᠷ ᠦ᠋ᠨ ᠡᠮᠦᠨ᠎ᠡ ᠲᠡᠷᠡ ᠨᠢᠦ᠋ ᠶᠣᠷᠺ ᠳᠠᠬᠢ ᠨᠠᠢᠵᠠ ᠶ᠋ᠢᠨ ᠢ᠋ᠶ᠋ᠡᠨ ᠯᠠᠷᠰᠣᠨ ᠤ᠋ ᠲᠤᠬᠠᠢ ᠪᠢᠴᠢᠭᠰᠡᠨ ᠨᠣᠮ ᠢ᠋ ᠪᠠᠷᠢᠭᠰᠠᠭᠠᠷ ᠨᠠᠳᠠ ᠳᠡᠭᠡᠷ᠎ᠡ ᠢᠷᠡᠭᠡᠳ : 
       — ᠪᠢ ᠶᠠᠭᠠᠬᠢᠭᠰᠠᠨ ᠴᠤ᠌ ᠲᠡᠷᠡ ᠮᠣᠩᠭᠣᠯ ᠤ᠋ᠨ ᠬᠦᠩ ᠳᠡᠭᠡᠷ᠎ᠡ ᠬᠦᠷᠦᠨ᠎ᠡ᠂ ᠵᠠᠪᠠᠯ ᠲᠡᠭᠦᠨ ᠲᠡᠢ ᠲᠠᠨᠢᠯᠴᠠᠨ᠎ᠠ ᠭᠡᠪᠡ᠃ 
       — ᠯᠠᠷᠰᠣᠨ ᠮᠣᠩᠭᠣᠯ ᠳ᠋ᠤ᠌ ᠪᠠᠢᠭ᠎ᠠ ᠂ ᠪᠡᠭᠡᠵᠢᠩ ᠡᠴᠡ ᠪᠦᠷ ᠬᠡᠳᠦᠨ ᠡᠳᠦᠷ ᠦ᠋ᠨ ᠵᠠᠢ ᠲᠠᠢ ᠰᠢᠦ ᠳᠡ ᠭᠡᠵᠦ ᠬᠠᠷᠢᠭᠤᠯᠬᠤ ᠳ᠋ᠤ᠌ ᠮᠠᠨᠢ : 
       — ᠲᠡᠭᠷᠢ ᠶ᠋ᠢᠨ ᠬᠠᠶᠠᠭᠠᠨ᠎ᠠ ᠠᠮᠢᠳᠤᠷᠠᠵᠤ ᠪᠠᠢᠭᠰᠠᠨ ᠴᠤ᠌ ᠪᠢ ᠵᠠᠪᠠᠯ ᠬᠦᠷᠴᠦ ᠠᠭᠤᠯᠵᠠᠨ᠎ᠠ ᠭᠡᠯ᠎ᠡ᠃ 
       — ᠲᠠ ᠲᠡᠭᠡᠭᠡᠳ ᠯᠠᠷᠰᠣᠨ ᠠ᠋ᠴᠠ ᠶᠠᠭᠤ ᠬᠦᠰᠡᠵᠦ ᠪᠠᠢᠭ᠎ᠠ ᠪᠢᠯᠡ ? 
       — ᠶᠠᠭᠤ ᠴᠤ᠌ ᠬᠦᠰᠡᠬᠦ ᠦᠭᠡᠢ᠂ ᠬᠥᠮᠦᠨ ᠵᠠᠪᠠᠯ ᠥᠪᠡᠷ ᠦ᠋ᠨ ᠬᠠᠷᠠᠨ᠎ᠠ ᠭᠡᠵᠦ ᠬᠦᠰᠡᠭᠰᠡᠨ ᠶᠠᠭᠤᠮ᠎ᠠ ᠪᠠᠨ ᠡᠨᠡ ᠨᠠᠰᠤᠨ ᠳ᠋ᠠᠭᠠᠨ ᠪᠡᠶᠡᠯᠡᠭᠦᠯᠵᠦ ᠪᠠᠢᠬᠤ ᠯᠠ ᠬᠡᠷᠡᠭᠲᠡᠢ᠃ 
       ᠲᠡᠷᠡ ᠦᠶ᠎ᠡ ᠳ᠋ᠦ᠍ ᠵᠤᠨ ᠮᠠᠷᠺᠤᠧᠨ᠋ᠲ 《ᠭᠠᠷᠠᠭ ᠤ᠋ᠨ ᠵᠢᠷᠭᠤᠭᠠᠨ ᠤ᠋ ᠣᠷᠣᠢ ᠶ᠋ᠢᠨ ᠰᠡᠳᠬᠦᠯ 》 ᠳ᠋ᠦ᠍ ᠵᠣᠬᠢᠶᠠᠯ ᠪᠢᠴᠢᠵᠦ ᠪᠠᠢᠭᠰᠠᠨ ᠪᠣᠯᠬᠣᠷ ᠪᠢ ᠲᠡᠭᠦᠨ ᠳ᠋ᠦ᠍ ᠬᠠᠨᠳᠤᠨ : 
       — ᠲᠠ ᠰᠢᠨ᠎ᠡ ᠷᠣᠮᠠᠨ ᠳ᠋ᠠᠭᠠᠨ ᠪᠣᠷᠣ ᠮᠠᠲ᠋ᠧᠷᠢᠶᠠᠯ ᠡᠷᠢᠵᠦ ᠪᠠᠢᠭ᠎ᠠ ᠪᠢᠵᠡ ᠳᠡ ᠭᠡᠰᠡᠨ᠃ 
       — ᠲᠡᠭᠡᠵᠦ ᠶᠠᠷᠢᠭᠰᠠᠨ ᠴᠤ᠌ ᠪᠣᠯᠤᠨ᠎ᠠ ᠭᠡᠳ ᠴᠠᠭᠠᠳᠤᠬᠢ ᠮᠠᠨᠢ ᠪᠠᠭ᠎ᠠ ᠵᠣᠭᠰᠣᠰᠬᠢᠭᠰᠡᠨ ᠢ᠋ᠶ᠋ᠡᠨ ᠳᠣᠭᠳᠣᠯᠤᠭᠰᠠᠨ ᠰᠡᠳᠬᠢᠯ ᠢ᠋ᠶ᠋ᠡᠨ ᠳᠠᠷᠤᠵᠤ ᠶᠠᠳᠠᠨ :
       — ᠪᠢ ᠵᠠᠪᠠᠯ ᠮᠣᠩᠭᠣᠯ ᠨᠤᠲᠤᠭ ᠢ᠋ ᠦᠵᠡᠬᠦ ᠶᠣᠰᠣᠲᠠᠢ᠃ ᠲᠡᠮᠡᠭᠡᠨ ᠵᠢᠩ᠂ ᠮᠣᠩᠭᠣᠯ ᠮᠣᠷᠢᠳ᠂ ᠲᠠᠯ᠎ᠠ ᠨᠤᠲᠤᠭ᠂ ᠮᠢᠩᠭ᠎ᠠ ᠪᠠᠷ ᠪᠡᠯᠴᠢᠬᠦ ᠬᠣᠨᠢᠳ ᠵᠢᠴᠢ ᠴᠢᠩᠭᠢᠰ ᠬᠠᠭᠠᠨ᠂ ᠬᠤᠪᠢᠯᠠᠢ ᠬᠠᠭᠠᠨ ᠤ᠋ ᠬᠣᠢᠴᠢᠰ! ᠪᠢ ᠡᠢᠮᠦ ᠣᠢᠷᠠᠬᠠᠨ ᠢᠷᠡᠴᠢᠬᠡᠭᠡᠳ ᠣᠴᠢᠬᠤ ᠦᠭᠡᠢ ᠪᠠᠢᠵᠤ ᠪᠣᠯᠬᠤ ᠦᠭᠡᠢ᠃ ᠲᠠ ᠴᠦ᠍ ᠪᠣᠭᠴᠣ ᠴᠦᠩᠬᠦ ᠪᠡᠨ ᠲᠢᠭᠯᠡᠭᠡᠳ ᠨᠠᠳᠠ ᠲᠠᠢ ᠬᠠᠮᠲᠤ ᠠᠶᠠᠯᠠᠭᠠᠷᠠᠢ !  ᠭᠡᠪᠡ᠃ 
       ᠡᠨᠡ ᠨᠢ ᠶᠣᠰᠣᠲᠠᠢ ᠯᠠ ᠮᠢᠨᠦ ᠰᠠᠨᠠᠭᠠᠨ ᠳ᠋ᠤ᠌ ᠨᠡᠢᠴᠡᠭᠰᠡᠨ ᠬᠡᠷᠡᠭ ᠪᠣᠯᠵᠠᠢ᠃ ᠴᠢᠭᠤᠯᠤᠯᠲᠤ ᠬᠠᠭᠠᠯᠭ᠎ᠠ ᠬᠦᠷᠬᠦ ᠴᠠᠭ ᠢ᠋ᠶ᠋ᠠᠨ ᠴᠠᠬᠢᠯᠭᠠᠨ ᠢ᠋ᠶ᠋ᠠᠷ ᠮᠡᠳᠡᠭᠳᠡᠭᠰᠡᠨ ᠦ᠌ ᠰᠡᠭᠦᠯᠡᠷ ᠦᠳᠡ ᠶ᠋ᠢᠨ ᠬᠣᠢᠨ᠎ᠠ ᠶ᠋ᠢᠨ ᠰᠢᠷᠭᠠᠯ ᠨᠠᠷᠠᠨ ᠢ᠋ᠶ᠋ᠠᠷ ᠨᠠᠢᠵᠠ ᠨᠥᠬᠥᠳ ᠦ᠋ᠨ ᠢ᠋ᠶ᠋ᠡᠨ ᠤᠴᠠᠷᠠᠵᠤ ᠮᠡᠳᠡᠬᠦ ᠠᠶᠤᠯ ᠲᠦᠭᠰᠢᠭᠦᠷᠢ ᠶ᠋ᠢᠨ ᠲᠤᠬᠠᠢ ᠰᠡᠷᠡᠮᠵᠢᠯᠡᠭᠦᠯᠬᠦ ᠶ᠋ᠢ ᠬᠠᠢᠬᠤᠷᠤᠯ ᠦᠭᠡᠢ ᠪᠡᠭᠡᠵᠢᠩ ᠡᠴᠡ ᠠᠶᠠᠷᠯᠠᠯ᠎ᠠ᠃ ᠲᠤᠬᠠᠢ ᠶ᠋ᠢᠨ ᠦᠶ᠎ᠡ ᠳ᠋ᠦ᠍ ᠴᠠᠭ ᠤ᠋ᠨ ᠪᠠᠢᠳᠠᠯ ᠤ᠋ᠨ ᠲᠤᠬᠠᠢ ᠵᠢᠷᠳᠠᠮ ᠴᠢᠮᠡᠭᠡ ᠴᠤᠤᠷᠬᠠᠯ ᠤ᠋ᠳ ᠡᠨᠡᠬᠦ ᠡᠷᠲᠡᠨ ᠦ᠌ ᠬᠣᠲᠠ ᠶ᠋ᠢ ᠳᠦᠭᠦᠷᠭᠡᠵᠦ ᠣᠷᠬᠢᠭᠰᠠᠨ ᠴᠠᠭ ᠪᠠᠢᠯ᠎ᠠ᠃ ᠴᠢᠭᠤᠯᠤᠯᠲᠤ ᠬᠠᠭᠠᠯᠭ᠎ᠠ ᠳ᠋ᠤ᠌ ᠬᠦᠷᠳᠡᠭ ᠭᠠᠯᠲᠤ ᠲᠡᠷᠭᠡ ᠭᠡᠵᠦ ᠶᠣᠰᠣᠲᠠᠢ ᠯᠠ ᠣᠨ ᠵᠢᠯ ᠢ᠋ ᠡᠯᠡᠭᠡᠨ ᠬᠠᠭᠤᠴᠢᠷᠠᠵᠤ ᠴᠠᠭ ᠦᠶ᠎ᠡ ᠡᠴᠡ ᠬᠣᠴᠣᠷᠤᠭᠰᠠᠨ ᠸᠠᠭᠣᠨ ᠨᠤᠭᠤᠳ ᠪᠠᠢᠵᠤ᠂ ᠬᠥᠳᠡᠯᠬᠦ ᠪᠣᠯᠭᠠᠨ ᠶᠠᠷᠵᠢᠬᠢᠨᠠᠨ ᠳᠤᠤᠭᠠᠷᠴᠤ᠂ ᠶᠠᠭ ᠯᠠ ᠬᠡᠳᠦᠨ ᠲᠠᠢᠰᠢ ᠪᠠᠨ ᠰᠠᠯᠤᠨ ᠵᠠᠳᠠᠷᠠᠬᠤ ᠠ᠋ᠴᠠ ᠡᠮᠦᠨ᠎ᠡ ᠡᠴᠦᠰ ᠦ᠋ᠨ ᠳᠣᠬᠢᠶ᠎ᠠ ᠪᠠᠨ ᠥᠭᠴᠦ ᠪᠠᠢᠭ᠎ᠠ ᠮᠡᠲᠦ ᠠᠵᠢ᠃ ᠭᠤᠷᠪᠠᠳᠤᠭᠠᠷ ᠳᠡᠰ ᠦ᠋ᠨ ᠸᠠᠭᠣᠨ ᠳ᠋ᠤ᠌ ᠮᠠᠢᠮᠠᠢᠴᠢᠳ᠂ ᠴᠡᠷᠢᠭ ᠡᠷᠡᠰ ᠂ ᠪᠦᠰᠡᠭᠦᠢ ᠬᠡᠦᠬᠡᠳ ᠢ᠋ᠶ᠋ᠡᠷ ᠳᠦᠭᠦᠷᠴᠦ ᠮᠠᠢᠮᠠᠢᠴᠢᠳ ᠤ᠋ᠨ ᠳᠦᠭᠦᠷᠡᠩ ᠴᠢᠬᠢᠭᠰᠡᠨ ᠪᠠᠭᠯᠠᠭ᠎ᠠ ᠪᠣᠭᠣᠳᠠᠯ ᠤ᠋ᠨ ᠳᠤᠮᠳᠠ ᠪᠢᠳᠡ ᠮᠤᠩᠭᠠᠨᠢᠭᠰᠠᠭᠠᠷ ᠪᠠᠢᠵᠤ ᠥᠪᠡᠷ ᠦ᠋ᠨ ᠭᠡᠰᠡᠨ ᠲᠣᠬᠢᠲᠠᠢ ᠰᠢᠭ᠋ ᠪᠠᠢᠷᠢ ᠪᠠᠨ ᠣᠯᠵᠤ ᠠᠪᠤᠯ᠎ᠠ᠃ ᠡᠳᠡᠭᠡᠷ ᠪᠠᠶᠠᠨ ᠮᠠᠢᠮᠠᠢᠴᠢᠳ ᠴᠠᠭ ᠲᠥᠷᠥ ᠶ᠋ᠢᠨ ᠰᠠᠮᠠᠭᠤᠨ ᠳ᠋ᠤ᠌ ᠳᠡᠭᠡᠷᠡᠮ ᠲᠡᠢ ᠤᠴᠠᠷᠠᠪᠠᠯ ᠪᠠᠭ᠎ᠠ ᠮᠥᠩᠭᠥ ᠪᠡᠷ ᠠᠮᠠᠷᠬᠠᠨ ᠮᠤᠯᠲᠤᠷᠠᠬᠤ ᠶ᠋ᠢ ᠰᠠᠨᠠᠵᠤ᠂ ᠠᠷᠭ᠎ᠠ ᠦᠭᠡᠢ ᠯᠡ ᠶᠠᠳᠠᠭᠤ ᠬᠥᠮᠦᠰ ᠰᠢᠭ ᠬᠤᠪᠴᠠᠯᠠᠵᠠᠭᠠᠵᠠᠢ᠃ ᠴᠠᠭ ᠠ᠋ᠴᠠ ᠪᠠᠨ ᠬᠡᠲᠦᠷᠡᠲᠡᠯ᠎ᠡ ᠦᠢᠯᠡᠴᠢᠯᠡᠭᠰᠡᠨ ᠭᠠᠯᠲᠤ ᠲᠡᠷᠭᠡ ᠮᠠᠨᠢ ᠤᠭᠤᠬᠢᠯᠠᠭᠰᠠᠭᠠᠷ ᠬᠥᠳᠡᠯᠬᠦ ᠳ᠋ᠦ᠍ ᠵᠦᠭ ᠪᠣᠯᠭᠠᠨ ᠠ᠋ᠴᠠ ᠵᠢᠵᠢᠬᠢᠨᠡᠭᠰᠡᠨ ᠳᠠᠭᠤ ᠭᠠᠷᠴᠤ ᠶᠠᠭ ᠯᠠ《ᠪᠢ ᠴᠦ᠍ ᠡᠪᠦᠭᠡᠷᠡᠭᠰᠡᠨ ! ᠲᠠ ᠨᠠᠷ ᠤ᠋ᠨ ᠠᠮᠤᠷ ᠲᠦᠪᠰᠢᠨ ᠢ᠋ ᠪᠠᠲᠤᠯᠠᠵᠤ ᠴᠢᠳᠠᠬᠤ ᠦᠭᠡᠢ ᠰᠢᠦ ! 》 ᠭᠡᠬᠦ ᠰᠢᠭ ᠪᠠᠢᠯ᠎ᠠ᠃ 
       ᠨᠠᠨᠺᠸᠦ ᠳ᠋ᠦ᠍ ᠪᠤᠬ᠎ᠠ ᠲᠡᠷᠭᠡ ᠪᠡᠨ ᠰᠣᠯᠢᠭᠠᠳ᠂ ᠲᠡᠨᠳᠡ ᠡᠴᠡ ᠰᠢᠮᠡᠯᠢᠭ ᠬᠥᠷᠥᠰᠥ ᠲᠡᠢ ᠥᠭᠡᠳᠡᠷᠬᠡᠦ ᠳᠠᠪᠠᠭ᠎ᠠ ᠶ᠋ᠢ ᠳᠠᠪᠠᠵᠤ ᠡᠬᠢᠯᠡᠯ᠎ᠡ᠃ ᠡᠭᠦᠨ ᠦ᠌ ᠴᠠᠭᠠᠨ᠎ᠠ ᠯᠠ ᠲᠡᠨᠢᠭᠡᠷ ᠠᠭᠤᠳᠠᠮ ᠮᠣᠩᠭᠣᠯ ᠤ᠋ᠨ ᠲᠠᠯ᠎ᠠ ᠨᠤᠲᠤᠭ ᠪᠠᠢᠬᠤ ᠶᠣᠰᠣᠲᠠᠢ᠃ ᠠᠮᠧᠷᠢᠺᠠ ᠶ᠋ᠢᠨ ᠬᠦᠨᠳᠦ ᠨᠦᠰᠡᠷ ᠪᠤᠬ᠎ᠠ ᠲᠡᠷᠭᠡ ᠭᠠᠯᠲᠤ ᠲᠡᠷᠭᠡ ᠶ᠋ᠢᠨ ᠣᠯᠠᠨ ᠸᠠᠭᠣᠨ ᠢ᠋ ᠴᠢᠷᠦᠨ ᠤᠯᠠᠮ ᠨᠠᠷᠢᠰᠴᠤ ᠪᠠᠢᠭ᠎ᠠ ᠬᠣᠲᠣᠭᠣᠷ ᠢ᠋ ᠳᠠᠭᠠᠨ ᠳᠣᠪᠲᠣᠯᠤᠨ᠎ᠠ᠃ ᠵᠠᠮ ᠤ᠋ᠨ ᠬᠠᠵᠠᠭᠤᠳᠠᠬᠢ ᠭᠣᠣᠯ ᠤ᠋ᠨ ᠬᠥᠨᠳᠡᠢ ᠶ᠋ᠢᠨ ᠤᠰᠤ ᠨᠢ ᠰᠢᠷᠭᠢᠵᠦ᠂ ᠡᠷᠲᠡ ᠤᠵᠠᠭᠤᠷ ᠤ᠋ᠨ ᠵᠢᠩ ᠦ᠋ᠨ ᠴᠣᠪᠣᠭᠠᠨ ᠤ᠋ ᠵᠠᠮ ᠢ᠋ᠶ᠋ᠠᠷ ᠭᠠᠭᠴᠠ ᠨᠢᠭᠡ ᠮᠣᠷᠢᠲᠠᠢ ᠪᠤᠶᠤ ᠡᠯᠵᠢᠭᠡᠳᠡᠢ ᠠᠶᠠᠨᠴᠢᠨ ᠠᠶᠠᠯᠠᠨ᠎ᠠ᠃ ᠳᠡᠮᠡᠭᠡᠲᠡᠢ ᠨᠢ ᠲᠡᠷᠡ ᠳᠣᠳᠣᠮ ᠢ᠋ᠶ᠋ᠠᠨ ᠶᠡᠬᠡ ᠴᠥᠭᠡᠨ᠃ ᠠᠭᠤᠯᠠ ᠶ᠋ᠢᠨ ᠪᠠᠯ ᠳ᠋ᠤ᠌ ᠰᠦᠷᠦᠭ ᠬᠣᠨᠢ ᠬᠠᠪᠤᠷ ᠤ᠋ᠨ ᠨᠣᠭᠣᠬ᠎ᠠ ᠬᠥᠭᠡᠭᠡᠨ ᠪᠡᠯᠴᠢᠨ᠎ᠡ ᠃ ᠤᠳᠠᠯ ᠦᠭᠡᠢ ᠴᠠᠭᠠᠨ ᠬᠡᠷᠡᠮ ᠦ᠋ᠨ ᠳᠥᠷᠪᠡᠯᠵᠢᠨ ᠪᠡᠬᠢᠯᠡᠯᠲᠡ ᠨᠦ᠍ᠭᠥᠳ ᠬᠠᠷᠠᠭᠳᠠᠵᠤ ᠡᠬᠢᠯᠡᠯ᠎ᠡ᠃ ᠡᠨᠡ ᠬᠦ᠌ 2000 ᠭᠠᠷᠤᠢ ᠵᠢᠯ ᠦ᠋ᠨ ᠲᠡᠦᠬᠡ ᠲᠡᠢ ᠶᠡᠬᠡ ᠪᠠᠷᠢᠯᠭ᠎ᠠ ᠶᠠᠭ ᠯᠠ ᠨᠢᠭᠡ ᠮᠡᠩ ᠮᠣᠭᠠᠢ ᠮᠡᠲᠦ ᠠᠭᠤᠯᠠ ᠶ᠋ᠢᠨ ᠣᠷᠣᠢ ᠠ᠋ᠴᠠ ᠬᠣᠲᠣᠭᠣᠷ ᠬᠦᠷᠲᠡᠯ᠎ᠡ ᠂ ᠭᠣᠣᠯ ᠤ᠋ᠨ ᠬᠥᠨᠳᠡᠢ ᠡᠴᠡ ᠲᠠᠯ᠎ᠠ ᠳᠣᠪᠣᠴᠠᠭ ᠬᠦᠷᠲᠡᠯ᠎ᠡ ᠦᠷᠭᠦᠯᠵᠢᠯᠡᠵᠦ ᠂ ᠬᠠᠶᠠ ᠰᠠᠯᠪᠤᠷᠢᠯᠠᠨ ᠬᠠᠶᠠ ᠨᠡᠢᠯᠡᠨ᠎ᠡ᠃ ( ᠵᠢᠷᠤᠭ 6) ᠃  

         ( ᠵᠢᠷᠤᠭ 5)   ( ᠵᠢᠷᠤᠭ 6)   


       ᠨᠠᠨᠺᠸᠦ ᠪᠣᠭᠣᠮᠲᠠ ᠳ᠋ᠤ᠌ ᠠᠩᠬ᠎ᠠ ᠤᠳᠠᠭ᠎ᠠ ᠨᠡᠯᠢᠶᠡᠳ ᠤᠳᠠᠭᠠᠨ ᠵᠣᠭᠰᠣᠯ᠎ᠠ᠃ ᠮᠥᠨ ᠡᠨᠡ ᠬᠦ᠌ ᠨᠠᠷᠢᠬᠠᠨ ᠠᠭᠤᠯᠠᠨ ᠬᠠᠪᠴᠢᠯ ᠢ᠋ᠶ᠋ᠠᠷ ᠳᠡᠭᠡᠷ᠎ᠡ ᠦᠶ᠎ᠡ ᠳ᠋ᠦ᠍ ᠮᠣᠩᠭᠣᠯ ᠤ᠋ᠨ ᠳᠠᠢᠴᠢᠳ ᠳᠠᠭᠠᠷᠢᠨ ᠣᠷᠣᠵᠤ᠂ ᠪᠡᠭᠡᠵᠢᠩ ᠦ᠋ᠨ ᠥᠩ ᠰᠢᠮᠡᠯᠢᠭ ᠨᠤᠲᠤᠭ ᠤᠰᠤ ᠶ᠋ᠢ ᠡᠵᠡᠯᠡᠨ ᠠᠪᠤᠭᠰᠠᠨ ᠪᠢᠯᠡ᠃ ᠡᠨᠡ ᠠᠭᠤᠯᠠᠨ ᠬᠠᠪᠴᠢᠯ ᠢ᠋  ᠬᠡᠨ ᠡᠵᠡᠮᠰᠢᠵᠦ ᠴᠢᠳᠠᠪᠠᠯ ᠪᠦᠬᠦ ᠬᠢᠲᠠᠳ ᠤ᠋ᠨ ᠤᠮᠠᠷᠠᠲᠤ ᠬᠡᠰᠡᠭ ᠢ᠋ ᠣᠯᠤᠯ᠎ᠠ ᠭᠡᠰᠡᠨ ᠦᠭᠡ᠃ ᠬᠤᠪᠢᠯᠠᠢ ᠬᠠᠭᠠᠨ ᠎— ᠲᠠᠯ᠎ᠠ ᠨᠤᠲᠤᠭ ᠤ᠋ᠨ ᠡᠨᠡ ᠬᠦ᠌ ᠨᠡᠷᠡᠲᠦ ᠬᠥᠪᠡᠭᠦᠨ ᠢ᠋ ᠡᠨᠳᠡᠬᠢ ᠥᠨᠢᠷ ᠪᠠᠶᠠᠯᠢᠭ ᠭᠠᠵᠠᠷ ᠲᠠᠷᠢᠶ᠎ᠠ ᠳᠠᠭᠤᠳᠠᠨ ᠢᠷᠡᠭᠦᠯᠵᠦ᠂ ᠡᠨᠳᠡᠬᠢ ᠬᠣᠲᠠ ᠬᠥᠳᠡᠭᠡ ᠶ᠋ᠢ ᠬᠡᠳᠦ ᠬᠡᠳᠦᠨ ᠦᠶ᠎ᠡ ᠪᠡᠷ ᠵᠠᠬᠢᠷᠤᠭᠤᠯᠤᠭᠠᠳ᠂ ᠬᠠᠮᠤᠭ ᠤ᠋ᠨ ᠰᠡᠭᠦᠯ ᠳ᠋ᠦ᠍ᠨᠢ ᠲᠡᠳᠡ ᠡᠨᠳᠡᠬᠢ ᠠᠮᠢᠳᠤᠷᠠᠯ ᠳ᠋ᠤ᠌ ᠳᠠᠰᠬᠤ ᠶ᠋ᠢ ᠳᠠᠭᠠᠯᠳᠤᠨ ᠲᠡᠮᠡᠴᠡᠯ ᠦ᠋ᠨ ᠵᠣᠷᠢᠭ ᠰᠦᠯᠳᠡ ᠨᠢ ᠴᠦ᠍ ᠪᠠᠭᠤᠷᠠᠵᠤ᠂ ᠲᠠᠯ᠎ᠠ ᠨᠤᠲᠤᠭ ᠤ᠋ᠨ ᠰᠢᠨ᠎ᠡ ᠲᠡᠮᠡᠴᠡᠯᠳᠦᠭᠡᠨ ᠳ᠋ᠡᠭᠡᠨ ᠣᠷᠣᠵᠠᠢ᠃ ᠬᠡᠨ ᠬᠡᠷᠪᠡ ᠤᠤᠭᠠᠯ ᠨᠤᠲᠤᠭ ᠢ᠋ᠶ᠋ᠠᠨ ᠰᠠᠨᠠᠪᠠᠯ ᠡᠨᠡ ᠬᠦ᠌ ᠠᠭᠤᠯᠠᠨ ᠬᠠᠪᠴᠢᠯ ᠢ᠋ᠶ᠋ᠠᠷ ᠮᠣᠩᠭᠣᠯ ᠤ᠋ᠨ ᠥᠨᠳᠥᠷᠯᠢᠭ ᠲᠡᠭᠡᠨ ᠪᠤᠴᠠᠳᠠᠭ ᠪᠢᠯᠡ᠃  
       ᠡᠨᠳᠡ ᠵᠠᠷᠢᠮ ᠬᠡᠰᠡᠭ ᠲᠡᠭᠡᠨ ᠴᠠᠭᠠᠨ ᠬᠡᠷᠡᠮ ᠳᠥᠷᠪᠡ ᠲᠠᠪᠤ ᠪᠤᠶᠤ ᠴᠢᠨᠠᠭᠰᠢᠯᠠᠪᠠᠯ ᠵᠢᠷᠭᠤᠭ᠎ᠠ ᠳᠣᠯᠣᠭᠠᠨ ᠳᠠᠪᠬᠤᠷ ᠪᠠᠷᠢᠭᠳᠠᠵᠤ᠂ ᠡᠨᠡ ᠳᠣᠲᠣᠷ᠎ᠠ ᠪᠠᠨ ᠬᠣᠯᠪᠣᠯᠳᠤᠭᠰᠠᠨ ᠵᠠᠮ᠂ ᠳᠥᠷᠪᠡᠯᠵᠢᠨ ᠪᠡᠬᠢᠯᠡᠯᠲᠡ ᠨᠥᠬᠥᠳ᠂ ᠳᠠᠢᠰᠤᠨ ᠢ᠋ ᠴᠢᠮᠡᠭᠡᠯᠡᠬᠦ ᠴᠠᠢᠵᠠ᠂ ᠳᠠᠪᠬᠤᠷ ᠳᠠᠪᠬᠤᠷ ᠡᠭᠦᠳᠡ ᠬᠠᠭᠠᠯᠭ᠎ᠠ ᠨᠤᠭᠤᠳ ᠪᠠᠢᠵᠤ᠂ ᠰᠥᠨᠢ ᠳ᠋ᠡᠭᠡᠨ ᠪᠦᠬᠦ ᠬᠠᠭᠠᠯᠭ᠎ᠠ ᠪᠠᠨ ᠳᠠᠷᠤᠳᠠᠭ ᠶᠤᠮ᠃  
       ᠲᠡᠮᠡᠭᠡᠨ ᠵᠢᠩ ᠡᠨᠡᠭᠦᠷ ᠠᠶᠠᠯᠠᠬᠤ ᠪᠠᠨ ᠪᠦᠷ ᠴᠦ᠍ ᠵᠣᠭᠰᠣᠵᠠᠢ᠃ ᠤᠴᠢᠷ ᠨᠢ ᠠᠶᠠᠨᠴᠢᠳ ᠠᠶᠠᠯᠠᠨ ᠵᠣᠷᠴᠢᠬᠤ ᠪᠤᠶᠤ ᠠᠷᠠᠯᠵᠢᠶᠠᠴᠢᠳ ᠲᠤ᠌ ᠪᠠᠷᠠᠭ᠎ᠠ ᠪᠠᠨ ᠵᠥᠭᠡᠭᠡᠪᠦᠷᠢᠯᠡᠬᠦ ᠳ᠋ᠡᠭᠡᠨ ᠴᠥᠮ ᠨᠡᠩ ᠲᠦᠷᠭᠡᠨ ᠪᠥᠭᠡᠳ ᠨᠡᠩ ᠬᠢᠮᠳᠠ ᠭᠠᠯᠲᠤ ᠲᠡᠷᠭᠡ ᠶ᠋ᠢ ᠰᠣᠩᠭᠣᠬᠤ ᠪᠣᠯᠵᠠᠢ᠃  
       ᠴᠠᠭ ᠦᠶ᠎ᠡ ᠶᠠᠭᠤᠲᠠᠢ ᠶᠡᠬᠡ ᠬᠤᠪᠢᠷᠠᠵᠤ ᠪᠠᠢᠭ᠎ᠠ ᠠᠵᠢ! ᠴᠠᠭᠠᠨ ᠬᠡᠷᠡᠮ ᠢ᠋ ᠡᠭᠦᠳᠦᠨ ᠪᠠᠢᠭᠤᠯᠤᠭᠴᠢ᠂ ᠬᠣᠶᠠᠷ ᠮᠢᠩᠭ᠎ᠠ ᠭᠠᠷᠤᠢ ᠵᠢᠯ ᠦ᠋ᠨ ᠡᠮᠦᠨᠡᠬᠢ ᠡᠨᠡ ᠬᠦ᠌ ᠭᠠᠢᠬᠠᠮᠰᠢᠭᠲᠤ ᠪᠠᠷᠢᠯᠭ᠎ᠠ ᠶ᠋ᠢ ᠴᠣᠭᠴᠠᠯᠠᠭᠰᠠᠨ ᠴᠢᠨ ᠱᠢ ᠬᠤᠸᠠᠩ ᠳ᠋ᠤ᠌ ᠭᠠᠭᠴᠠ ᠬᠥᠰᠢᠶ᠎ᠡ ᠥᠷᠥᠭᠡᠰᠦᠨ ᠬᠥᠷᠥᠭ ᠪᠣᠰᠬᠠᠭ᠎ᠠ ᠦᠭᠡᠢ ᠪᠠᠢᠬᠤ ᠳ᠋ᠤ᠌ ᠬᠢᠲᠠᠳ ᠤ᠋ᠳ ᠣᠳᠣ ᠬᠠᠷᠢᠨ ᠡᠷᠲᠡ ᠦᠶ᠎ᠡ ᠶ᠋ᠢᠨ ᠬᠢᠯᠢ ᠪᠡᠨ ᠬᠠᠮᠠᠭᠠᠯᠠᠵᠤ ᠪᠠᠢᠭᠰᠠᠨ ᠲᠠᠢ ᠶᠠᠭ ᠡᠰᠡᠷᠭᠦ ᠪᠡᠷ ᠨᠢ ᠨᠠᠨᠺᠸᠤ ᠪᠠᠷ ᠳᠠᠭᠠᠷᠢᠭᠰᠠᠨ ᠲᠡᠮᠦᠷ ᠵᠠᠮ ᠢ᠋ ᠵᠠᠰᠠᠭᠰᠠᠨ ᠪᠥᠭᠡᠳ ᠡᠨᠡ ᠬᠦ᠌ ᠲᠡᠮᠦᠷ ᠵᠠᠮ ᠤ᠋ᠨ ᠶᠡᠷᠦᠩᠬᠡᠢ ᠲᠥᠰᠦᠪᠯᠡᠭᠴᠢ ᠶ᠋ᠢ ᠴᠢᠩ ᠯᠦᠩ ᠴᠢᠶᠣᠤ ᠥᠷᠲᠡᠭᠡᠨ ᠦ᠌ ᠬᠠᠵᠠᠭᠤ ᠳ᠋ᠤ᠌ ᠳᠡᠭᠵᠢᠨ ᠶᠣᠰᠣᠯᠠᠯ ᠤ᠋ᠨ ᠬᠦᠷᠮ᠎ᠡ ᠲᠡᠢ ᠬᠦᠷᠡᠯ ᠴᠢᠳᠬᠤᠮᠠᠯ ᠢ᠋ᠶ᠋ᠠᠷ ᠪᠣᠰᠬᠠᠵᠤ ᠲᠠᠯᠪᠢᠵᠠᠢ᠃ ᠡᠨᠡ ᠬᠦ᠌ ᠰᠢᠨ᠎ᠡ ᠴᠠᠭ ᠤ᠋ᠨ ᠬᠥᠰᠢᠶ᠎ᠡ ᠶ᠋ᠢᠨ ᠠᠷᠤ ᠪᠠᠷ ᠬᠢ ᠠᠭᠤᠯᠠ ᠨᠢᠷᠤᠭᠤᠳ ᠤ᠋ᠨ ᠳᠡᠭᠡᠭᠦᠷ ᠲᠣᠮᠣ ᠮᠥᠷᠲᠡᠭᠡᠨ ᠰᠦᠷ ᠵᠢᠪᠬᠤᠯᠠᠩᠲᠠᠢ ᠤᠷᠲᠤ ᠴᠠᠭᠠᠨ ᠬᠡᠷᠡᠮ ᠦᠷᠭᠦᠯᠵᠢᠯᠡᠨ᠎ᠡ᠃ ᠡᠨᠳᠡᠬᠢ ᠴᠠᠭᠠᠨ ᠬᠡᠷᠡᠮ ᠢ᠋ ᠵᠠᠰᠠᠵᠤ ᠰᠢᠨᠡᠳᠬᠡᠭᠰᠡᠨ ᠲᠤᠯᠠ ᠵᠢᠯ ᠪᠦᠷᠢ ᠳᠡᠯᠡᠬᠡᠢ ᠶ᠋ᠢᠨ ᠣᠯᠠᠨ ᠭᠠᠵᠠᠷ ᠠ᠋ᠴᠠ ᠵᠢᠭᠤᠯᠴᠢᠯᠠᠭᠴᠢᠳ ᠨᠠᠨᠺᠸᠤ ᠪᠣᠭᠣᠮᠲᠠ ᠳ᠋ᠤ᠌ ᠢᠷᠡᠵᠦ ᠭᠠᠯ ᠲᠡᠷᠭᠡᠨ ᠡᠴᠡ ᠪᠡᠨ ᠪᠠᠭᠤᠭᠠᠳ ᠭᠠᠢᠬᠠᠨ ᠰᠣᠨᠢᠷᠬᠠᠳᠠᠭ ᠠᠵᠤᠭᠤ᠃  
       ᠴᠠᠭᠠᠨ ᠬᠡᠷᠡᠮ ᠦ᠋ᠨ ᠴᠠᠭᠠᠳᠤ ᠲᠠᠯ᠎ᠠ ᠠ᠋ᠴᠠ ᠮᠣᠩᠭᠣᠯ ᠤ᠋ᠨ ᠲᠠᠯ᠎ᠠ ᠨᠤᠲᠤᠭ ᠡᠬᠢᠯᠡᠪᠡ᠃ ᠡᠨᠳᠡ ᠲᠡᠨᠳᠡ ᠬᠠ ᠶᠠ ᠦᠭᠡᠢ ᠵᠢᠵᠢᠭᠬᠡᠨ ᠬᠡᠰᠡᠭ ᠲᠡᠢ ᠲᠠᠷᠢᠶ᠎ᠠ ᠬᠠᠷᠠᠭᠳᠠᠨ᠎ᠠ᠃ ᠬᠡᠳᠦᠨ ᠠᠷᠪᠠᠨ ᠵᠢᠯ ᠦ᠋ᠨ ᠡᠮᠦᠨ᠎ᠡ ᠡᠴᠡ ᠡᠬᠢᠯᠡᠭᠡᠳ ᠡᠨᠳᠡ ᠪᠠᠰᠠ ᠬᠢᠲᠠᠳ ᠤ᠋ᠨ ᠨᠡᠭᠦᠳᠡᠯᠴᠢᠨ ᠢᠷᠭᠡᠳ ᠨᠡᠭᠦᠳᠡᠯᠯᠡᠨ ᠢᠷᠡᠵᠦ ᠡᠵᠡᠯᠡᠭᠡᠳ ᠲᠠᠷᠢᠶᠠᠯᠠᠵᠤ ᠡᠬᠢᠯᠡᠭᠰᠡᠨ ᠪᠠᠢᠨ᠎ᠠ᠃ ᠬᠣᠲᠠ ᠪᠠᠯᠭᠠᠳ᠂ ᠲᠣᠰᠬᠣᠳ ᠨᠢ ᠥᠨᠳᠥᠷ ᠬᠦᠷᠢᠶᠡᠨ ᠦ᠌ ᠳᠣᠲᠣᠷ᠎ᠠ ᠪᠠᠢᠷᠢᠯᠠᠵᠤ᠂ ᠳᠠᠭᠠᠷᠢᠯᠲᠠ ᠠ᠋ᠴᠠ ᠰᠡᠷᠭᠡᠢᠯᠡᠵᠡᠢ᠃ ᠲᠠᠷᠢᠶᠠᠨ ᠤ᠋ ᠨᠢᠯᠬ᠎ᠠ ᠴᠢᠬᠢ ᠨᠦ᠍ᠭᠦᠳ ᠨᠣᠭᠣᠭᠠᠷᠠᠵᠤ ᠬᠠᠷᠠᠭᠳᠠᠨ᠎ᠠ᠃ ᠮᠣᠳᠣᠳ ᠤᠯᠠᠮ ᠠ᠋ᠴᠠ ᠤᠯᠠᠮ ᠴᠥᠭᠡᠷᠡᠵᠦ᠂ ᠠᠯᠤᠰ ᠤ᠋ᠨ ᠪᠡᠯᠴᠢᠭᠡᠷ ᠳᠠᠬᠢ ᠬᠣᠨᠢᠳ ᠦᠳᠡᠰᠢ ᠶ᠋ᠢᠨ ᠨᠠᠷᠠᠨ ᠤ᠋ ᠲᠤᠶᠠᠭᠠᠨ ᠳ᠋ᠤ᠌ ᠶᠠᠭ ᠯᠠ ᠲᠣᠮᠣ ᠴᠠᠭᠠᠨ ᠴᠡᠴᠡᠭ ᠦ᠋ᠳ ᠰᠢᠭ ᠬᠠᠷᠠᠭᠳᠠᠨ᠎ᠠ᠃ ᠪᠦᠬᠦ ᠨᠢ ᠤᠨᠠᠭᠰᠠᠨ ᠲᠡᠮᠡᠭᠡᠳ ᠲᠡᠮᠦᠷ ᠵᠠᠮ ᠠ᠋ᠴᠠ ᠵᠠᠢᠳᠠᠭᠤᠬᠠᠨ ᠬᠦᠵᠦᠭᠦᠦ ᠰᠤᠩᠭᠠᠨ ᠢᠳᠡᠰᠢᠯᠡᠨ᠎ᠡ᠃ ᠡᠨᠡ ᠬᠦ᠌ ᠭᠠᠩ ᠬᠠᠭᠤᠷᠠᠢ ᠮᠥᠷᠲᠡᠭᠡᠨ ᠠᠷᠠᠮᠠᠭ ᠲᠠᠷᠠᠮᠠᠭ ᠡᠪᠡᠰᠦ ᠲᠡᠢ ᠪᠠᠢᠭᠠᠯᠢ ᠶ᠋ᠢᠨ ᠥᠩᠭᠡ ᠦᠵᠡᠮᠵᠢ ᠨᠢ ᠬᠥᠮᠦᠰ ᠲᠦ᠍ ᠶᠡᠬᠡ ᠡᠷᠲᠡ ᠦᠶ᠎ᠡ ᠶ᠋ᠢᠨ ᠲᠥᠷᠥᠭᠳᠡᠯ ᠢ᠋ ᠣᠯᠭᠣᠨ᠎ᠠ᠃  
       ᠨᠠᠷᠠ ᠳᠣᠷᠣᠭᠰᠢᠯᠠᠭᠰᠠᠭᠠᠷ ᠪᠠᠷᠠᠭᠤᠨ ᠬᠣᠢᠰᠢ ᠲᠡᠭᠷᠢ ᠶ᠋ᠢᠨ ᠬᠠᠶᠠᠭᠠᠨ ᠳ᠋ᠤ᠌ ᠬᠦᠷᠬᠦ ᠳ᠋ᠦ᠍ ᠮᠠᠨᠠᠭᠠᠨ ᠤ᠋ ᠴᠡᠷᠢᠭ ᠦ᠋ᠳ ᠪᠣᠯᠤᠨ ᠲᠡᠮᠦᠷ ᠵᠠᠮ ᠤ᠋ᠨ ᠠᠵᠢᠯᠲᠠᠳ ᠠᠷᠠᠰᠤᠨ ᠳᠡᠪᠡᠯ ᠳ᠋ᠡᠭᠡᠨ ᠴᠢᠩᠭ᠎ᠠ ᠭᠡᠭᠴᠢ ᠰᠢᠷᠭᠤᠨ᠎ᠠ᠃ ᠵᠠᠯᠭᠠᠭᠠᠳ ᠰᠥᠨᠢ ᠶ᠋ᠢᠨ ᠬᠥᠰᠢᠭᠡ ᠨᠣᠭᠣᠭᠠᠨ ᠲᠠᠷᠢᠶ᠎ᠠ᠂ ᠵᠦᠯᠭᠡ ᠵᠢᠴᠢ ᠲᠣᠰᠬᠣᠳ ᠢ᠋ ᠪᠦᠷᠬᠦᠨ ᠬᠠᠮᠤᠭ ᠤ᠋ᠨ ᠰᠡᠭᠦᠯ ᠳ᠋ᠦ᠍ᠨᠢ ᠠᠭᠤᠯᠠᠰ ᠤ᠋ᠨ ᠣᠷᠭᠢᠯ ᠢ᠋ ᠵᠠᠯᠭᠢᠪᠠ᠃ ᠵᠥᠪᠬᠡᠨ ᠸᠠᠭᠣᠨ ᠤ᠋ ᠥᠷᠥᠭᠡᠨ ᠳᠠᠬᠢ ᠰᠦᠢᠯᠡᠭᠯᠡᠨ ᠠᠮᠢᠰᠬᠤᠯᠯᠠᠬᠤ᠂ ᠲᠠᠮᠠᠬᠢᠯᠠᠬᠤ ᠵᠢᠴᠢ ᠵᠣᠭᠰᠣᠯ ᠦᠭᠡᠢ ᠶᠠᠷᠢᠯᠳᠤᠬᠤ ᠨᠢ ᠡᠨᠡ ᠬᠦ᠌ ᠮᠢᠩᠭ᠎ᠠ ᠲᠦᠮᠡᠨ ᠵᠢᠯ ᠦ᠋ᠨ ᠲᠤᠷᠰᠢᠬᠢ ᠲᠠᠯ᠎ᠠ ᠨᠤᠲᠤᠭ ᠤ᠋ᠨ ᠨᠠᠮᠵᠢᠭᠤᠨ ᠢ᠋ ᠡᠪᠳᠡᠨ᠎ᠡ᠃  
       ᠭᠠᠯᠲᠤ ᠲᠡᠷᠭᠡ ᠮᠣᠩᠭᠣᠯ ᠨᠤᠲᠤᠭ ᠤ᠋ᠨ ᠬᠡᠴᠡ ᠳ᠋ᠦ᠍ ᠬᠦᠷᠪᠡ᠃ ᠡᠨᠡ ᠬᠦ᠌ ᠲᠡᠮᠦᠷ ᠵᠠᠮ ᠤ᠋ᠨ ᠱᠤᠭᠤᠮ ᠨᠢ ᠴᠢᠨᠠᠭᠰᠢ ᠪᠠᠨ ᠦᠷᠭᠦᠯᠵᠢᠯᠡᠭᠰᠡᠭᠡᠷ᠂ ᠬᠠᠭᠤᠴᠢᠨ ᠳᠢᠭᠯᠢᠮ ᠳ᠋ᠡᠭᠡᠨ ᠲᠡᠰᠴᠦ ᠠᠮᠢᠳᠤᠷᠠᠵᠤ ᠪᠠᠢᠭᠰᠠᠨ ᠠᠳᠠᠭᠢ ᠶ᠋ᠢᠨ ᠬᠥᠮᠦᠰ ᠢ᠋ ᠠᠯᠪᠠᠲᠠᠨ ᠰᠢᠨ᠎ᠡ ᠴᠠᠭ ᠦᠶ᠎ᠡ ᠶ᠋ᠢᠨ ᠶᠠᠭᠠᠷᠠᠤ ᠡᠷᠴᠢᠮᠲᠡᠢ᠂ ᠳᠡᠪᠵᠢᠶᠡᠨ ᠱᠤᠤᠭᠢᠶᠠᠨ ᠲᠠᠢ ᠠᠮᠢᠳᠤᠷᠠᠯ ᠳ᠋ᠤ᠌ ᠣᠷᠣᠭᠤᠯᠬᠤ ᠪᠣᠯᠤᠨ᠎ᠠ᠃ ᠢᠩᠭᠢᠭᠡᠳ ᠦᠶ᠎ᠡ ᠶ᠋ᠢᠨ ᠦᠶ᠎ᠡ ᠳ᠋ᠦ᠍ ᠤᠯᠠᠮᠵᠢᠯᠠᠭᠳᠠᠨ ᠢᠷᠡᠭᠰᠡᠨ ᠤᠯᠠᠮᠵᠢᠯᠠᠯ ᠰᠣᠯᠢᠭᠳᠠᠬᠤ ᠪᠣᠯᠤᠨ᠎ᠠ᠃ ᠴᠢᠭᠤᠯᠤᠯᠲᠤ ᠬᠠᠭᠠᠯᠭ᠎ᠠ ᠨᠢ ᠡᠨᠡ ᠬᠦ᠌ ᠲᠡᠮᠡᠴᠡᠯ ᠦ᠋ᠨ ᠥᠩᠭᠡᠷᠡᠯᠲᠡ ᠶ᠋ᠢᠨ ᠤᠯᠠ ᠮᠥᠷ ᠢ᠋ ᠬᠠᠷᠠᠭᠤᠯᠵᠤ ᠪᠠᠢᠨ᠎ᠠ᠃ ᠲᠣᠮᠣ ᠮᠥᠷᠲᠡᠭᠡᠨ ᠭᠡᠷᠡᠯ ᠭᠡᠭᠡ ᠲᠡᠢ ᠭᠠᠯᠲᠤ ᠲᠡᠷᠭᠡᠨ ᠦ᠌ ᠥᠷᠲᠡᠭᠡ ᠨᠢ ᠰᠢᠨ᠎ᠡ ᠴᠠᠭ ᠦᠶ᠎ᠡ ᠶ᠋ᠢᠨ ᠬᠢ ᠭᠡᠬᠦ ᠳ᠋ᠦ᠍ ᠵᠠᠮ ᠤ᠋ᠨ ᠬᠠᠵᠠᠭᠤ ᠳ᠋ᠤ᠌ ᠪᠠᠰᠠ ᠬᠠᠭᠤᠴᠢᠨ ᠴᠠᠭ ᠤ᠋ᠨ ᠲᠡᠮᠡᠭᠡᠨ ᠵᠢᠩ ᠪᠣᠢ᠃ ᠡᠢᠮᠦ ᠰᠢᠨ᠎ᠡ ᠬᠠᠭᠤᠴᠢᠨ ᠡᠰᠡᠷᠭᠦᠴᠡᠯᠳᠦᠭᠰᠡᠨ ᠪᠠᠢᠳᠠᠯ ᠨᠢ ᠬᠥᠮᠦᠨ ᠢ᠋ ᠶᠣᠰᠣᠲᠠᠢ ᠪᠤᠳᠤᠯᠢᠶᠠᠨᠲᠠᠢ ᠪᠣᠳᠣᠯ ᠳ᠋ᠤ᠌ ᠬᠥᠲᠥᠯᠦᠨ ᠣᠷᠣᠭᠤᠯᠤᠨ᠎ᠠ᠃ ᠲᠡᠨᠳᠡᠬᠢ ᠨᠠᠮᠬᠠᠨ ᠪᠠᠢᠰᠢᠩ ᠤ᠋ᠳ ᠲᠤ᠌ ᠲᠥᠷᠥᠭᠰᠡᠨ ᠬᠥᠮᠦᠰ ᠲᠡᠨᠳᠡ ᠪᠡᠨ ᠰᠢᠷᠭᠤᠨ ᠠᠮᠢᠳᠤᠷᠠᠵᠠᠭᠠᠨ᠎ᠠ᠃ ᠬᠠᠷᠢᠨ ᠡᠨᠳᠡᠬᠢ ᠱᠠᠰᠢᠨ ᠰᠤᠷᠲᠠᠯᠴᠢᠯᠠᠬ᠍ᠴᠢᠳ ᠤ᠋ᠨ ᠥᠨᠳᠥᠷ ᠰᠦᠷᠯᠢᠭ ᠪᠠᠢᠰᠢᠩ ᠨᠢ ᠥᠷᠥᠨᠡᠳᠠᠬᠢᠨ ᠤ᠋ ᠪᠠᠷᠢᠯᠭ᠎ᠠ ᠶ᠋ᠢᠨ ᠲᠣᠬᠢᠯᠢᠭ ᠲᠠᠭᠠᠯᠠᠮᠵᠢᠲᠠᠢ ᠶ᠋ᠢ ᠬᠠᠷᠠᠭᠤᠯᠤᠨ᠎ᠠ᠃ ᠰᠢᠨ᠎ᠡ ᠴᠠᠭ ᠦᠶ᠎ᠡ ᠨᠢ ᠭᠠᠯᠲᠤ ᠲᠡᠷᠭᠡᠨ ᠦ᠌ ᠥᠷᠲᠡᠭᠡᠨ ᠡᠴᠡ ᠡᠬᠢᠯᠡᠨ ᠬᠣᠲᠠ ᠶ᠋ᠢᠨ ᠨᠠᠷᠢᠨ ᠭᠤᠳᠤᠮᠵᠢ ᠪᠠᠷ ᠳᠠᠮᠵᠢᠨ᠂ ᠳᠥᠷᠪᠡᠨ ᠵᠦᠭ ᠨᠠᠢ᠍ᠮᠠᠨ ᠵᠣᠪᠬᠢᠰ ᠠ᠋ᠴᠠ᠂ ᠦᠨᠡᠲᠦ ᠪᠠᠷᠠᠭ᠎ᠠ ᠠᠴᠢᠵᠤ ᠢᠷᠡᠭᠰᠡᠨ ᠲᠡᠮᠡᠭᠡᠳ ᠵᠢᠴᠢ ᠲᠡᠳᠡᠨ ᠦ᠌ ᠡᠵᠡᠳ ᠪᠦᠬᠦᠢ ᠲᠡᠮᠡᠭᠡᠨ ᠵᠢᠩ ᠦ᠋ᠨ ᠬᠣᠲᠠ ᠬᠦᠷᠲᠡᠯ᠎ᠡ ᠦᠷᠭᠦᠯᠵᠢᠯᠡᠨ᠎ᠡ᠃