ᠡᠭᠡᠰᠢᠭ ᠭᠡᠢᠭᠦᠯᠦᠭᠴᠢ – ᠶᠣᠨᠳᠣᠨ ᠤ ᠪᠢᠯᠢᠭ᠌ - ᠪᠠᠭᠠᠲᠤᠷ - Эгшиг гийгүүлэгч –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠭᠡᠰᠢᠭ ᠭᠡᠢᠭᠦᠯᠦᠭᠴᠢ – ᠶᠣᠨᠳᠣᠨ ᠤ ᠪᠢᠯᠢᠭ᠌ - ᠪᠠᠭᠠᠲᠤᠷ - Эгшиг гийгүүлэгч –Ёндоны Билиг - Баатар

ᠡᠭᠡᠰᠢᠭ ᠭᠡᠢᠭᠦᠯᠦᠭᠴᠢ – ᠶᠣᠨᠳᠣᠨ ᠤ ᠪᠢᠯᠢᠭ᠌ - ᠪᠠᠭᠠᠲᠤᠷ - Эгшиг гийгүүлэгч –Ёндоны Билиг - Баатар

2024-06-11

277

ᠡᠭᠡᠰᠢᠭ ᠭᠡᠢᠭᠦᠯᠦᠭᠴᠢ


 ᠬᠡᠴᠡᠭᠦᠦ ᠨᠡᠷᠡᠲᠦ ᠶ᠋ᠢᠨ ᠭᠤᠷᠪᠠᠳᠤᠭᠠᠷ ᠬᠥᠪᠡᠭᠦᠨ 
 ᠭᠡᠨᠡᠲᠡᠢ ᠮᠤᠩᠬᠠᠭ ᠪᠢ ᠥᠪᠡᠷ ᠢ᠋ᠶ᠋ᠡᠨ ᠡᠬᠡᠰᠢᠭ 
 ᠭᠡᠷᠭᠡᠢ ᠲᠡᠷᠡ ᠬᠠᠢᠷᠠᠲᠤ ᠮᠢᠨᠢ ᠭᠡᠢᠭᠦᠯᠦᠭᠴᠢ 
 ᠪᠢᠳᠡ ᠬᠣᠶᠠᠷ ᠤ᠋ᠨ ᠬᠡᠦᠬᠡᠳ ᠠᠴᠢᠨᠠᠷ ᠮᠢᠨᠢ 
 ᠪᠦᠭᠦᠳᠡᠭᠡᠷ ᠢ᠋ᠶ᠋ᠡᠨ ᠯᠡ ᠯᠠᠪᠲᠠᠢ ᠪᠠᠳᠠᠷᠠᠩᠭᠤᠢ 
 ᠮᠥᠩᠬᠡ ᠲᠡᠭᠷᠢ ᠶ᠋ᠢᠨ ᠴᠠᠭᠠᠨ ᠲᠣᠯᠣᠭᠠᠢ 
 ᠬᠣᠷᠢᠨ ᠰᠠᠶ᠎ᠠ ᠬᠥᠬᠡ ᠲᠣᠯᠪᠣᠲᠠᠳ ᠮᠢᠨᠢ 
 ᠬᠠᠮᠤᠭ ᠢᠰᠡᠭᠡᠢ ᠲᠤᠭᠤᠷᠭᠠᠲᠠᠳ ᠮᠢᠨᠢ 
 ᠶᠠᠷᠢᠶᠠᠨ ᠦᠭᠡᠢ ᠪᠦᠭᠦᠳᠡ ᠪᠡᠷ ᠢ᠋ᠶ᠋ᠡᠨ ᠯᠡ 
 ᠮᠢᠷᠠᠯᠵᠠᠭᠰᠠᠨ ᠣᠳᠣᠳ ᠲᠠᠢ ᠣᠷᠴᠢᠯᠠᠩ ᠠ᠋ 
 ᠢᠷᠠᠭᠤ ᠰᠠᠢᠬᠠᠨ ᠰᠠᠴᠤᠷᠠᠩᠭᠤᠢ ᠰᠠᠨᠰᠠᠷ ᠮᠢᠨᠢ 
 ᠢᠲᠡᠭᠡᠯ ᠢᠪᠡᠭᠡᠯ ᠦ᠋ᠨ ᠯᠤᠲᠤ ᠰᠠᠮᠪᠠᠷ᠎ᠠ! 
 ᠠᠪᠤᠷᠭᠤ ᠠᠯᠲᠠᠨ ᠡᠨᠡ ᠰᠠᠮᠪᠠᠷ᠎ᠠ ᠳ᠋ᠤ᠌ 
 ᠠᠶᠤᠤᠯᠢᠬᠠᠢ ᠶ᠋ᠢᠨ ᠴᠢᠩᠭᠢᠰ ᠦᠰᠦᠭ ᠢ᠋ᠶ᠋ᠡᠨ 
 ᠠᠷᠠᠳ ᠮᠣᠩᠭᠣᠯ ᠤ᠋ᠨ ᠬᠡᠦᠬᠡᠳ ᠦ᠋ᠳ 
 ᠠ ᠠ᠋ ᠢ ᠠᠶᠠᠯᠠᠭᠤᠯᠤᠩᠬᠠᠨ ᠪᠢᠴᠢᠳᠡᠭ  
 ᠠᠶ᠎ᠠ᠂ ᠡᠨᠡ ᠶᠠᠭᠤᠲᠠᠢ ᠨᠠᠮᠤᠭᠤᠬᠠᠨ 
 ᠠᠶ᠎ᠠ᠂ ᠡᠨᠡ ᠶᠠᠭᠤᠲᠠᠢ ᠢᠷᠠᠭᠤᠬᠠᠨ 
 ᠠᠶ᠎ᠠ᠂ ᠡᠨᠡ ᠶᠠᠭᠤᠲᠠᠢ ᠰᠣᠨᠣᠰᠬᠤᠯᠠᠩ 
 ᠠᠶ᠎ᠠ᠂ ᠡᠨᠡ ᠶᠠᠭᠤᠲᠠᠢ ᠳᠠᠭᠤᠷᠢᠰᠬᠤᠯᠠᠩ 
 ᠠᠶ᠎ᠠ᠂ ᠠᠶᠤᠩᠭ᠎ᠠ ᠰᠢᠭ᠋ ᠯᠡ ᠨᠢᠵᠢᠭᠢᠨᠡᠬᠦᠢ 
 ᠠᠶ᠎ᠠ᠂ ᠰᠣᠯᠣᠩᠭ᠎ᠠ ᠰᠢᠭ᠋ ᠯᠡ ᠭᠡᠷᠡᠯᠲᠦᠬᠦᠢ 
 ᠠᠶ᠎ᠠ᠂ ᠪᠤᠮᠠᠨ ᠭᠠᠯᠪᠠ ᠨᠢᠵᠢᠭᠢᠨᠡᠨ ᠪᠠᠳᠠᠷᠠ 
 ᠠᠢ ᠳᠠ ᠬᠥᠭᠡᠷᠦᠬᠦᠢ᠂ ᠮᠣᠩᠭᠣᠯ ᠤ᠋ᠨ ᠵᠠᠯᠠᠭᠤᠰ 
 ᠠᠶ᠎ᠠ᠂ ᠶᠠᠭᠤᠲᠠᠢ ᠰᠡᠷᠭᠦᠯᠡᠩ ᠵᠢᠪᠬᠤᠯᠠᠩ 
 ᠠᠢ ᠳᠠ ᠮᠥᠨ᠂ ᠡᠨᠡ ᠠᠮᠢᠳᠤᠷᠠᠯ ᠲᠡᠮᠡᠴᠡᠯ 
 ᠠᠷᠤᠤᠬᠠᠨ ᠭᠣᠶᠣᠬᠠᠨ ᠶᠠᠭᠤᠲᠠᠢ ᠡᠷᠡᠯᠬᠡᠭ!  
 ᠶᠡᠷᠦᠨᠢ ᠯᠡ ᠵᠥᠪᠬᠡᠨ 
 ᠮᠠᠨ ᠤ᠋ ᠮᠣᠩᠭᠣᠯ ᠯᠠ 
 ᠶᠢᠷᠲᠢᠨᠴᠦ ᠳ᠋ᠦ᠍ ᠬᠣᠣᠰ ᠦᠭᠡᠢ 
 ᠮᠤᠨᠳᠠᠭ ᠦᠨᠳᠦᠰᠦᠲᠡᠨ ᠶᠦᠮ ᠳᠡ 
 ᠮᠣᠬᠣᠰᠢ ᠦᠭᠡᠢ ᠮᠥᠬᠥᠰᠢ ᠦᠭᠡᠢ 
 ᠮᠢᠲᠠᠷᠠᠰᠢ ᠦᠭᠡᠢ ᠡᠷᠬᠡᠰᠢᠶᠡᠭ᠍ᠳᠡᠰᠢ ᠦᠭᠡᠢ 
 ᠭᠠᠩᠳᠠᠰᠢ ᠦᠭᠡᠢ ᠪᠠᠭᠤᠷᠠᠰᠢ ᠦᠭᠡᠢ 
 ᠰᠢᠨᠲᠠᠷᠠᠰᠢ ᠦᠭᠡᠢ ᠳᠡᠢᠯᠦᠭᠳᠡᠰᠢ ᠦᠭᠡᠢ 
 ᠰᠢᠨ᠎ᠡ ᠵᠠᠭᠤᠨ ᠰᠢᠨ᠎ᠡ ᠮᠢᠩᠭᠠᠨ ᠤ᠋ 
 ᠰᠢᠨ᠎ᠡ ᠰᠡᠷᠭᠦᠨ ᠮᠠᠨᠳᠤᠯᠲᠠ 
 ᠶᠠᠭᠤᠲᠠᠢ ᠰᠠᠢᠬᠠᠨ ᠶᠠᠭᠤᠲᠠᠢ ᠴᠦ᠍ 
 ᠶᠣᠰᠣᠲᠠᠢ ᠴᠦ᠍ ᠰᠠᠢᠬᠠᠨ ᠠ᠋ 

            2024᠂ 06᠂ 11   03᠄ 31᠃  ᠦᠦᠷ᠃ 

             ᠬᠥᠬᠡᠬᠣᠲᠠᠨ᠎ᠠ ᠬᠢᠴᠢᠶᠡᠩᠭᠦᠢ ᠪᠦᠲᠦᠭᠡᠪᠡᠢ᠃