ᠬᠠᠷᠠᠩᠭᠤᠢ ᠬᠠᠳᠠ- ᠳ· ᠨᠠᠴᠤᠭᠳᠣᠷᠵᠢХаранхуй хад-Д.Нацагдорж
ᠬᠠᠷᠠᠩᠭᠤᠢ ᠬᠠᠳᠠ
ᠳ· ᠨᠠᠴᠤᠭᠳᠣᠷᠵᠢ
ᠵᠤᠨ ᠤ᠋ ᠰᠥᠨᠢ ᠪᠣᠭᠣᠨᠢ ᠲᠤᠯᠠ ᠥᠷᠯᠥᠭᠡᠨ ᠦ᠌ ᠨᠠᠢ᠍ᠮᠠᠨ ᠴᠠᠭ ᠲᠤ᠌ ᠨᠠᠷᠠ ᠨᠢᠭᠡᠨᠲᠡ ᠳᠡᠭᠡᠷ᠎ᠡ ᠭᠠᠷᠴᠠᠢ᠃ ᠤᠨᠲᠠᠭᠰᠠᠨ ᠨᠣᠢᠷ ᠠ᠋ᠴᠠ ᠠᠷᠠᠢᠬᠠᠨ ᠰᠡᠷᠢᠮᠡᠭᠴᠡ᠂ ᠨᠢᠭᠡ ᠶᠠᠩᠵᠤᠤᠷ ᠠᠰᠠᠭᠠᠵᠤ ᠰᠠᠪᠰᠠᠪᠠ᠃ ᠴᠢᠯᠡᠭᠰᠡᠨ ᠪᠡᠶ᠎ᠡ ᠶ᠋ᠢ ᠲᠠᠢᠪᠤᠷᠠᠭᠤᠯᠤᠨ᠂ ᠲᠦᠷ ᠵᠠᠭᠤᠷ᠎ᠠ ᠬᠡᠪᠲᠡᠬᠦ ᠶ᠋ᠢᠨ ᠵᠠᠪᠰᠠᠷ᠂ ᠡᠨᠡ ᠡᠳᠦᠷ ᠦ᠋ᠨ ᠡᠯᠳᠡᠪ ᠬᠡᠷᠡᠭ ᠢ᠋ ᠪᠣᠳᠣᠬᠤ ᠪᠥᠭᠡᠳ ᠡᠳᠦᠷ ᠦ᠋ᠨ ᠲᠡᠮᠳᠡᠭᠯᠡᠯ ᠦ᠋ᠨ ᠳᠡᠪᠲᠡᠷ ᠢ᠋ᠶ᠋ᠡᠨ ᠳᠡᠷᠡ ᠳᠣᠣᠷ᠎ᠠ ᠠ᠋ᠴᠠ ᠪᠠᠨ ᠠᠪᠴᠤ ᠦᠵᠡᠪᠡᠯ ᠾᠢᠮᠢᠺ ᠬᠠᠷᠠᠨᠳᠠ ᠪᠠᠷ ᠪᠢᠴᠢᠭᠰᠡᠨ ᠬᠡᠳᠦᠨ ᠦᠰᠦᠭ ᠪᠠᠷᠤᠭ ᠪᠦᠷᠦᠭ ᠦᠵᠡᠭᠳᠡᠬᠦ ᠳ᠋ᠦ᠍ ᠲᠡᠭᠦᠨ ᠢ᠋ ᠰᠢᠯᠦᠰᠦ ᠪᠡᠷ ᠢ᠋ᠶ᠋ᠡᠨ ᠨᠣᠷᠭᠠᠨ᠂ ᠤᠯᠠᠮ ᠢ᠋ᠶ᠋ᠠᠷ ᠠᠵᠢᠭᠯᠠᠪᠠᠯ᠄《ᠨᠠᠢ᠍ᠮᠠᠳᠤᠭᠠᠷ ᠰᠠᠷ᠎ᠠ ᠶ᠋ᠢᠨ ᠭᠤᠴᠢᠨ ᠤ᠋ ᠪᠢᠮᠪᠠ ᠭᠠᠷᠠᠭ᠂ ᠬᠠᠷᠠᠩᠭᠤᠢ ᠬᠠᠳᠠ᠃ ᠨᠢᠨᠠ》 ᠭᠡᠳᠡᠭ ᠬᠡᠳᠦᠨ ᠦᠭᠡᠰ ᠢ᠋ ᠲᠡᠮᠳᠡᠭᠯᠡᠭᠰᠡᠨ ᠪᠠᠢᠬᠤ ᠨᠢ ᠤᠳᠬ᠎ᠠ ᠪᠠ ᠤᠴᠢᠷ ᠲᠣᠳᠣᠷᠬᠠᠢ ᠦᠭᠡᠢ᠂ ᠶᠠᠭᠤᠨ ᠤ᠋ ᠲᠤᠬᠠᠢ ᠪᠢᠴᠢᠭᠰᠡᠨ ᠨᠢ ᠣᠭᠲᠣ ᠮᠠᠷᠲᠠᠭᠳᠠᠭᠰᠠᠨ ᠲᠤᠯᠠ ᠳᠠᠬᠢᠨ ᠨᠢᠭᠡ ᠤᠳᠠᠭ᠎ᠠ ᠠᠯᠭᠤᠷᠬᠠᠨ ᠢ᠋ᠶ᠋ᠠᠷ ᠤᠩᠰᠢᠵᠤ᠂ ᠡᠴᠦᠰ ᠦ᠋ᠨ ᠦᠰᠦᠭ ᠳᠡᠭᠡᠷ᠎ᠡ ᠨᠢ ᠬᠦᠷᠪᠡᠯ ᠨᠢᠨᠠ ᠭᠡᠳᠡᠭ ᠨᠢ ᠮᠢᠨᠦ ᠬᠠᠭᠤᠴᠢᠨ ᠠᠮᠠᠷᠠᠭ ᠥᠬᠢᠨ ᠦ᠌ ᠨᠡᠷ᠎ᠡ᠂ ᠴᠠᠬᠢᠯᠭᠠᠨ ᠠᠳᠠᠯᠢ ᠬᠣᠷᠣᠮᠬᠠᠨ ᠵᠠᠭᠤᠷ᠎ᠠ ᠮᠢᠨᠦ ᠲᠠᠷᠢᠬᠢᠨ ᠤ᠋ ᠳᠣᠲᠣᠷ᠎ᠠ ᠭᠡᠷᠡᠯᠲᠦᠭᠰᠡᠨ ᠪᠥᠭᠡᠳ᠂ ᠮᠥᠨ ᠥᠬᠢᠨ ᠢ᠋ ᠲᠦᠰᠢᠵᠦ ᠬᠠᠢᠯᠠᠰᠤ ᠮᠣᠳᠣᠨ ᠤ᠋ ᠰᠡᠭᠦᠳᠡᠷ ᠲᠦ᠍ ᠰᠠᠭᠤᠵᠤ ᠪᠠᠢᠭᠰᠠᠨ ᠴᠠᠭ ᠭᠡᠨᠡᠳᠲᠡ ᠰᠠᠨᠠᠭᠳᠠᠨ᠂ ᠰᠣᠷᠮᠤᠤᠰᠤᠨ ᠤ᠋ ᠰᠡᠭᠦᠳᠡᠷ ᠲᠦ᠍ ᠦᠵᠡᠭᠳᠡᠬᠦ ᠳ᠋ᠦ᠍ ᠳᠠᠷᠤᠢ ᠰᠡᠳᠬᠢᠯ ᠬᠥᠳᠡᠯᠵᠦ᠂ ᠤᠯᠠᠮ ᠢ᠋ᠶ᠋ᠠᠷ ᠡᠷᠲᠡ ᠪᠠ ᠣᠳᠣ᠂ᠬᠣᠯᠠ ᠪᠠ ᠣᠢᠷ᠎ᠠ ᠶ᠋ᠢ ᠤᠯᠠᠷᠢᠭᠤᠯᠤᠨ ᠪᠣᠳᠣᠬᠤ ᠳᠣᠳᠣᠮ ᠢ᠋ᠶ᠋ᠠᠨ ᠡᠢᠨ ᠲᠡᠢᠨ ᠤᠶᠠᠷᠠᠨ ᠮᠡᠯᠮᠡᠷᠡᠵᠦ᠂ ᠵᠡᠭᠦᠳᠦ ᠮᠡᠲᠦ ᠪᠣᠯᠤᠨ ᠵᠡᠷᠭᠡᠯᠡᠭᠰᠡᠭᠡᠷ᠂ ᠭᠱᠠᠨ ᠵᠠᠭᠤᠷ᠎ᠠ ᠦᠷᠭᠡᠯᠡᠵᠦ᠂ ᠲᠠᠲᠠᠵᠤ ᠪᠠᠢᠭ᠎ᠠ ᠲᠠᠮᠠᠬᠢᠨ ᠤ᠋ ᠦᠨᠡᠰᠦ ᠬᠡᠩᠬᠦᠳᠡᠭ ᠳᠡᠭᠡᠷ᠎ᠡ ᠤᠨᠠᠬᠤ ᠳ᠋ᠤ᠌ ᠭᠡᠳᠡᠷᠭᠦ ᠴᠤ᠌ᠴᠢᠨ ᠰᠡᠷᠢᠬᠦ ᠳ᠋ᠦ᠍᠂ ᠤᠭ ᠲᠡᠮᠳᠡᠭᠯᠡᠯ ᠦ᠋ᠨ ᠤᠴᠢᠷ ᠤᠳᠬ᠎ᠠ ᠶᠠᠭᠤ ᠪᠣᠯᠬᠤ ᠶ᠋ᠢ ᠡᠷᠭᠢᠴᠡᠭᠦᠯᠪᠡ᠃
ᠡᠭᠦᠨ ᠳ᠋ᠦ᠍ ᠶᠠᠭᠤᠨ ᠤ᠋ ᠤᠷᠢᠳ ᠮᠥᠨ ᠬᠦ᠌ ᠪᠢᠴᠢᠭᠰᠡᠨ ᠬᠥᠮᠦᠨ ᠦ᠌ ᠨᠡᠷ᠎ᠡ ᠳᠡᠭᠡᠷ᠎ᠡ ᠡᠴᠡ ᠡᠬᠢᠯᠡᠨ ᠪᠣᠳᠣᠪᠠᠯ ᠨᠢᠨᠠ ᠭᠡᠭᠴᠢ ᠨᠢᠭᠡ ᠵᠠᠯᠠᠭᠤ ᠴᠡᠪᠡᠷᠬᠡᠨ ᠥᠬᠢᠨ ᠪᠥᠭᠡᠳ ᠳᠣᠯᠣᠭᠠᠨ ᠵᠢᠯ ᠦ᠋ᠨ ᠤᠷᠢᠳ ᠪᠢ ᠲᠡᠭᠦᠨ ᠲᠡᠢ ᠬᠢᠵᠠᠭᠠᠷ ᠦᠭᠡᠢ ᠢᠨᠠᠭᠯᠠᠨ ᠬᠠᠨᠢᠯᠠᠭᠰᠠᠨ ᠪᠣᠯᠪᠠᠴᠤ᠂ ᠳᠠᠷᠠᠭ᠎ᠠ ᠪᠠᠷ ᠬᠣᠶᠠᠷ ᠪᠡᠶ᠎ᠡ ᠠᠭᠤᠯᠠ ᠳᠠᠯᠠᠢ ᠶ᠋ᠢᠨ ᠲᠡᠷᠲᠡᠭᠡ ᠡᠨᠡᠲᠡᠢ ᠳ᠋ᠦ᠍ ᠵᠠᠪᠰᠠᠷᠯᠠᠭᠳᠠᠨ ᠰᠡᠳᠬᠢᠯ ᠵᠢᠷᠦᠬᠡ ᠲᠠᠰᠢᠶᠠᠯᠠᠭᠳᠠᠭᠰᠠᠨ ᠪᠢᠯᠡ᠃ ᠬᠣᠵᠢᠮ ᠬᠠᠢᠷᠠᠲᠠᠢ ᠨᠢᠨᠠ ᠬᠠᠮᠢᠭ᠎ᠠ ᠣᠳᠤᠭᠰᠠᠨ ᠢ᠋ ᠮᠡᠳᠡᠬᠦ ᠦᠭᠡᠢ᠂ ᠬᠡᠳᠦᠢ ᠪᠡᠷ ᠡᠷᠢᠨ ᠰᠤᠷᠪᠤᠯᠵᠢᠯᠠᠭᠰᠠᠨ ᠪᠣᠯᠪᠠᠴᠤ ᠡᠰᠡ ᠣᠯᠤᠭᠠᠳ ᠠᠯᠮᠠᠢᠷᠠᠨ ᠭᠠᠢᠬᠠᠭᠰᠠᠭᠠᠷ ᠪᠠᠢᠪᠠ᠃
ᠭᠡᠲᠡᠯ᠎ᠡ ᠡᠨᠡ ᠥᠷᠯᠥᠭᠡ ᠰᠠᠨᠠᠮᠰᠠᠷ ᠦᠭᠡᠢ ᠡᠳᠦᠷ ᠦ᠋ᠨ ᠲᠡᠮᠳᠡᠭᠯᠡᠯ ᠢ᠋ ᠦᠵᠡᠬᠦ ᠳ᠋ᠦ᠍ ᠦᠯᠦ ᠮᠡᠳᠡᠭᠳᠡᠬᠦ ᠤᠳᠬ᠎ᠠ ᠪᠦᠬᠦᠢ ᠬᠡᠳᠦᠨ ᠦᠰᠦᠭ ᠦ᠋ᠨ ᠳᠣᠲᠣᠷ᠎ᠠ ᠲᠡᠭᠦᠨ ᠦ᠌ ᠨᠡᠷ᠎ᠡ ᠪᠠᠢᠬᠤ ᠶ᠋ᠢ ᠦᠵᠡᠭᠡᠳ᠂ ᠵᠢᠷᠦᠬᠡᠨ ᠦ᠌ ᠳᠣᠲᠣᠷ᠎ᠠ ᠵᠤᠯᠠ ᠪᠠᠳᠠᠷᠠᠪᠠ᠃ ᠡᠷᠭᠢᠴᠡᠭᠦᠯᠦᠨ ᠰᠠᠨᠠᠪᠠᠯ᠂ ᠡᠳᠡᠭᠡᠷ ᠬᠡᠳᠦᠨ ᠦᠭᠡᠰ ᠨᠢ ᠲᠡᠭᠦᠨ ᠦ᠌ ᠪᠡᠶ᠎ᠡ ᠨᠠᠳᠠ ᠠ᠋ᠴᠠ ᠰᠠᠯᠬᠤ ᠳ᠋ᠤ᠌ ᠮᠢᠨᠦ ᠳᠡᠪᠲᠡᠷ ᠳᠡᠭᠡᠷ᠎ᠡ ᠲᠡᠮᠳᠡᠭᠯᠡᠵᠦ ᠥᠭᠭᠦᠭᠰᠡᠨ ᠰᠠᠨᠠᠭᠤᠯᠭ᠎ᠠ ᠯᠠᠪ ᠮᠥᠨ ᠭᠡᠵᠦ ᠰᠠᠶᠢ ᠮᠡᠳᠡᠪᠡᠴᠦ᠂ ᠶᠠᠭᠤ ᠭᠡᠰᠡᠨ ᠤᠳᠬ᠎ᠠ ᠨᠢ ᠪᠠᠰᠠᠯᠠ ᠳᠠᠯᠳᠠ ᠶᠤᠮ᠃ ᠥᠨᠥ ᠰᠠᠨᠠᠮᠰᠠᠷ ᠦᠭᠡᠢ ᠠᠪᠴᠤ ᠪᠣᠳᠣᠪᠠᠯ ᠨᠢᠨᠠ ᠪᠣᠯᠪᠠᠯ᠂ ᠡᠩ ᠦ᠋ᠨ ᠬᠥᠮᠦᠨ ᠪᠢᠰᠢ ᠪᠥᠭᠡᠳ ᠡᠷᠳᠡᠮᠲᠡᠨ ᠥᠬᠢᠨ ᠮᠥᠨ ᠲᠤᠯᠠ ᠡᠨᠡ ᠬᠦ᠌ ᠪᠢᠴᠢᠭᠰᠡᠨ ᠨᠢ ᠯᠠᠪ ᠨᠢᠭᠡ ᠤᠴᠢᠷ ᠲᠠᠢ ᠪᠢᠵᠡ᠃ ᠡᠭᠦᠨ ᠦ᠌ ᠤᠴᠢᠷ ᠢ᠋ ᠣᠯᠪᠠᠯ ᠨᠢᠨᠠ ᠮᠢᠨᠢ ᠮᠠᠭᠠᠳ ᠭᠡᠵᠦ ᠰᠡᠳᠬᠢᠮᠡᠭᠴᠡ᠂ ᠨᠢᠭᠡ ᠠᠶᠠᠭ᠎ᠠ ᠴᠠᠢ ᠠᠪᠴᠢᠷᠠᠭᠤᠯᠤᠨ ᠤᠤᠭᠤᠭᠠᠳ᠂ ᠮᠥᠨ ᠬᠡᠪᠲᠡᠭᠡ ᠬᠡᠪ ᠢ᠋ᠶ᠋ᠡᠷ ᠤᠭ ᠲᠡᠮᠳᠡᠭᠯᠡᠯ ᠦ᠋ᠨ ᠤᠳᠬ᠎ᠠ ᠶ᠋ᠢ ᠰᠢᠨᠵᠢᠯᠡᠨ ᠪᠣᠯᠪᠠᠰᠤᠷᠠᠭᠤᠯᠵᠤ ᠡᠬᠢᠯᠡᠪᠡ᠃ ᠡᠨᠡ ᠦᠶ᠎ᠡ ᠳ᠋ᠦ᠍ ᠮᠠᠨ ᠤ᠋ ᠲᠣᠭᠣᠭᠠᠴᠢ ᠶᠡᠬᠡ ᠯᠡ ᠰᠦᠷᠡᠬᠡᠢ ᠴᠢᠷᠠᠢ ᠭᠠᠷᠭᠠᠵᠤ ᠨᠠᠳᠠ ᠠ᠋ᠴᠠ ᠠᠰᠠᠭᠤᠨ᠎ᠠ᠃
— ᠠᠢ ᠳ᠋ᠠᠩᠵᠢᠶᠠᠳ ᠶᠠᠭᠠᠬᠢᠭᠰᠠᠨ᠃ ᠪᠡᠶ᠎ᠡ ᠡᠪᠡᠳᠦᠭᠰᠡᠨ ᠤᠤ ?
— ᠦᠭᠡᠢ᠂ ᠵᠦᠭᠡᠷ᠃
—ᠠᠢ ᠪᠢ ᠠᠶᠤᠵᠤ ᠪᠠᠢᠨ᠎ᠠ ᠪᠢᠰᠢ ᠤᠤ᠃ ᠴᠢᠷᠠᠢ ᠮᠠᠭᠤ ᠪᠠᠢᠨ᠎ᠠ᠃
— ᠵᠦᠭᠡᠷ᠂ ᠶᠠᠳᠠᠷᠠᠵᠤ ᠪᠠᠢᠨ᠎ᠠ᠃
ᠳᠠᠷᠠᠭ᠎ᠠ ᠪᠠᠷ ᠪᠤᠷᠤᠭᠤ ᠬᠠᠷᠠᠨ ᠬᠡᠪᠲᠡᠵᠦ᠂ ᠬᠥᠨᠵᠢᠯᠡ ᠪᠡᠨ ᠲᠣᠯᠣᠭᠠᠢ ᠳᠡᠭᠡᠭᠦᠷ ᠢ᠋ᠶ᠋ᠡᠨ ᠨᠥᠮᠥᠷᠦᠭᠡᠳ ᠴᠢᠨᠠᠭᠰᠢ ᠪᠣᠳᠣᠪᠠ᠃ ᠮᠠᠨ ᠤ᠋ ᠲᠣᠭᠣᠭᠠᠴᠢ ᠠᠶ᠎ᠠ ᠭᠡᠳ ᠭᠠᠷᠴᠤ ᠣᠳᠪᠠ᠃
ᠨᠢᠭᠡ ᠴᠠᠭ ᠣᠷᠴᠢᠮ ᠵᠦᠢᠯ ᠵᠦᠢᠯ ᠢ᠋ᠶ᠋ᠡᠷ ᠵᠡᠷᠭᠡᠴᠡᠭᠦᠯᠦᠭᠰᠡᠨ ᠦ᠌ ᠬᠣᠢᠨ᠎ᠠ ᠠᠷᠠᠢ ᠭᠡᠵᠦ ᠨᠢᠭᠡ ᠰᠡᠳᠦᠪ ᠣᠯᠤᠭᠰᠠᠨ ᠪᠥᠭᠡᠳ ᠶᠠᠭᠤ ᠭᠡᠪᠡᠯ᠂ ᠨᠠᠢ᠍ᠮᠠᠳᠤᠭᠠᠷ ᠰᠠᠷ᠎ᠠ ᠶ᠋ᠢᠨ ᠭᠤᠴᠢᠨ ᠤ᠋ ᠪᠢᠮᠪᠠ ᠭᠠᠷᠠᠭ ᠭᠡᠰᠡᠨ ᠨᠢ ᠪᠣᠯᠵᠣᠭ᠎ᠠ ᠲᠠᠯᠪᠢᠭᠰᠠᠨ ᠡᠳᠦᠷ ᠪᠣᠯᠤᠨ᠎ᠠ᠃ ᠬᠠᠷᠠᠩᠭᠤᠢ ᠬᠠᠳᠠ ᠭᠡᠵᠦ ᠶᠠᠭᠠᠬᠢᠪᠠᠴᠤ ᠨᠢᠭᠡ ᠭᠠᠵᠠᠷ ᠪᠠᠢᠵᠤ ᠲᠣᠬᠢᠷᠠᠬᠤ ᠲᠤᠯᠠ ᠯᠠᠪ ᠲᠡᠢᠮᠦ ᠭᠠᠵᠠᠷ ᠠᠭᠤᠯᠵᠠᠬᠤ ᠶᠤᠮ ᠪᠠᠢᠨ᠎ᠠ ᠭᠡᠵᠦ ᠰᠡᠳᠬᠢᠭᠰᠡᠨ ᠪᠥᠭᠡᠳ ᠪᠠᠰᠠ ᠳᠠᠬᠢᠨ ᠨᠢᠭᠡ ᠤᠳᠠᠭ᠎ᠠ ᠰᠢᠯᠭᠠᠵᠤ ᠪᠣᠳᠣᠪᠠᠯ᠂ ᠶᠡᠷᠦ ᠡᠭᠦᠨ ᠡᠴᠡ ᠵᠠᠢᠯᠠᠬᠤ ᠦᠭᠡᠢ ᠪᠣᠯᠤᠭᠠᠳ ᠬᠤᠸᠠᠩᠯᠢ ᠶ᠋ᠢ ᠠᠪᠴᠤ ᠦᠵᠡᠪᠡᠯ᠂ ᠨᠠᠢ᠍ᠮᠠᠳᠤᠭᠠᠷ ᠰᠠᠷ᠎ᠠ ᠶ᠋ᠢᠨ ᠭᠤᠴᠢᠨ ᠪᠢᠮᠪᠠ ᠭᠠᠷᠠᠭ ᠶᠠᠭ ᠡᠨᠡ ᠡᠳᠦᠷ ᠪᠣᠯᠤᠭᠰᠠᠨ ᠲᠤᠯᠠ ᠳᠠᠷᠤᠢ ᠶᠠᠭᠠᠷᠠᠪᠴᠢᠯᠠᠨ ᠪᠣᠰᠤᠮᠠᠭᠴᠠ᠂ ᠮᠣᠷᠢ ᠶ᠋ᠢ ᠪᠠᠷᠢᠵᠤ ᠡᠮᠡᠭᠡᠯᠯᠡ ᠭᠡᠵᠦ ᠲᠣᠭᠣᠭᠠᠴᠢ ᠳ᠋ᠤ᠌ ᠬᠡᠯᠡᠪᠡᠯ᠂ ᠲᠡᠭᠦᠨ ᠦ᠌ ᠪᠡᠶ᠎ᠡ ᠡᠮᠦᠨ᠎ᠡ ᠡᠴᠡ ᠶᠡᠬᠡ ᠨᠢᠳᠦ ᠭᠠᠷᠭᠠᠵᠤ《ᠶᠠᠭᠠᠬᠢᠭᠰᠠᠨ᠂ ᠳ᠋ᠠᠩᠵᠢᠶᠠᠳ》 ᠭᠡᠵᠦ ᠠᠮᠠᠨ ᠳ᠋ᠠᠭᠠᠨ ᠰᠢᠪᠡᠨᠡᠭᠰᠡᠭᠡᠷ ᠭᠠᠷᠴᠤ ᠤᠳᠤᠭᠠᠳ᠄《ᠠᠢ ᠡᠮᠡᠭᠡᠯᠯᠡᠭᠰᠡᠨ ᠰᠢᠦ!》 ᠭᠡᠵᠦ ᠭᠠᠳᠠᠨ᠎ᠠ ᠬᠠᠰᠬᠢᠷᠴᠤ ᠪᠠᠢᠨ᠎ᠠ᠃ ᠮᠢᠨᠦ ᠪᠡᠶ᠎ᠡ ᠳᠠᠷᠤᠢ ᠳ᠋ᠤ᠌ ᠲᠠᠰᠢᠭᠤᠷ ᠢ᠋ ᠠᠪᠤᠨ᠂ ᠱᠠᠯᠠᠮᠠᠭᠠᠢᠯᠠᠨ ᠭᠠᠷᠴᠤ ᠮᠣᠷᠢᠨ ᠳᠡᠭᠡᠷ᠎ᠡ ᠮᠣᠷᠳᠠᠭᠰᠠᠨ ᠪᠣᠯᠪᠠᠴᠤ ᠠᠯᠢ ᠵᠦᠭ ᠲᠦ᠍ ᠣᠳᠬᠤ ᠪᠠ《ᠬᠠᠷᠠᠩᠭᠤᠢ ᠬᠣᠲᠠ》 ᠭᠡᠭᠴᠢ ᠨᠢ ᠶᠠᠮᠠᠷ ᠶᠢᠷᠲᠢᠨᠴᠦ ᠳ᠋ᠦ᠍ ᠣᠷᠣᠰᠢᠵᠤ ᠪᠠᠢᠬᠤ ᠶ᠋ᠢ ᠣᠭᠲᠣᠬᠠᠨ ᠴᠤ᠌ ᠮᠡᠳᠡᠬᠦ ᠦᠭᠡᠢ ᠲᠤᠯᠠ ᠳᠡᠮᠡᠢ ᠯᠡ ᠮᠣᠷᠢᠨ ᠤ᠋ ᠪᠠᠨ ᠬᠣᠶᠠᠷ ᠴᠢᠬᠢ ᠶ᠋ᠢ ᠰᠢᠷᠲᠡᠨ ᠭᠠᠢᠬᠠᠵᠤ ᠨᠡᠯᠢᠶᠡᠳ ᠤᠳᠠᠪᠠ᠃ ᠡᠭᠦᠨ ᠳ᠋ᠦ᠍ ᠮᠠᠨ ᠤ᠋ ᠲᠣᠭᠣᠭᠠᠴᠢ ᠬᠠᠵᠠᠭᠤ ᠠ᠋ᠴᠠ᠄《ᠠᠢ ᠶᠠᠪᠤᠬᠤ ᠦᠭᠡᠢ ᠶᠠᠭᠠᠬᠢᠭᠰᠠᠨ᠂ ᠶᠠᠭᠤ ᠮᠠᠷᠲᠠᠭᠰᠠᠨ?》 ᠭᠡᠵᠦ ᠥᠭᠦᠯᠡᠵᠦ ᠪᠠᠢᠨ᠎ᠠ᠃ ᠭᠡᠲᠡᠯ᠎ᠡ ᠮᠢᠨᠦ ᠮᠣᠷᠢ ᠤᠳᠠᠭᠠᠨ ᠵᠣᠭᠰᠣᠬᠤ ᠳ᠋ᠤ᠌ ᠬᠥᠯ ᠨᠢ ᠴᠢᠯᠡᠭᠰᠡᠨ ᠪᠠ ᠤᠭᠠ᠋ᠴᠠ ᠣᠮᠣᠭᠯᠠᠩ ᠮᠣᠷᠢ ᠲᠤᠯᠠ ᠡᠰᠢ ᠳᠠᠰᠢ ᠲᠡᠮᠡᠦᠯᠦᠨ ᠲᠣᠭᠲᠠᠵᠤ ᠶᠠᠳᠠᠬᠤ ᠳ᠋ᠤ᠌ ᠵᠢᠯᠣᠭᠣ ᠪᠠᠨ ᠰᠤᠯᠠᠳᠬᠠᠬᠤ ᠳ᠋ᠤ᠌ ᠲᠡᠷᠡ ᠪᠠᠷᠠᠭᠤᠨ ᠡᠮᠦᠨ᠎ᠡ ᠵᠦᠭ ᠠᠯᠬᠤᠯᠠᠪᠠ᠃ ᠡᠭᠦᠨ ᠳ᠋ᠦ᠍ ᠪᠢ ᠨᠢᠭᠡ ᠵᠡᠷᠭᠡ ᠪᠣᠳᠣᠭᠠᠳ ᠮᠣᠷᠢᠨ ᠤ᠋ ᠬᠠᠮᠢᠭ᠎ᠠ ᠴᠢᠭᠯᠡᠭᠰᠡᠨ ᠵᠦᠭ ᠲᠦ᠍ ᠰᠢᠭᠤᠳ ᠶᠠᠪᠤᠪᠠ᠃ ᠡᠰᠢ ᠳᠠᠰᠢ ᠪᠥᠷᠲᠥᠢᠭᠰᠡᠨ ᠶᠠᠭᠤᠮ᠎ᠠ ᠶ᠋ᠢ ᠬᠠᠷᠠᠨ ᠶᠠᠪᠤᠭᠰᠠᠭᠠᠷ᠂ ᠨᠢᠭᠡ ᠮᠡᠳᠡᠪᠡᠯ᠂ ᠬᠡᠳᠦ ᠬᠡᠳᠦᠨ ᠠᠷᠪᠠᠨ ᠭᠠᠵᠠᠷ ᠳᠠᠪ ᠳᠡᠮᠡᠢ ᠶᠠᠪᠤᠴᠢᠬᠰᠠᠨ ᠪᠥᠭᠡᠳ ᠬᠥᠮᠦᠨ ᠠᠮᠢᠲᠠᠨ ᠦᠵᠡᠭᠳᠡᠬᠦ ᠦᠭᠡᠢ ᠴᠦᠯ ᠭᠠᠵᠠᠷ ᠢᠷᠡᠵᠡᠢ᠃ ᠠᠮᠠ ᠠᠩᠭᠠᠬᠤ ᠨᠢ ᠬᠡᠮᠵᠢᠶ᠎ᠡ ᠦᠭᠡᠢ᠂ ᠰᠡᠳᠬᠢᠯ ᠤᠢᠳᠬᠠᠷᠯᠠᠬᠤ ᠨᠢ ᠬᠢᠵᠠᠭᠠᠷ ᠦᠭᠡᠢ᠃ ᠮᠣᠷᠢ ᠬᠡᠳᠦᠢ ᠪᠡᠷ ᠶᠡᠬᠡᠳᠡ ᠬᠥᠯᠥᠷᠡᠭᠰᠡᠨ ᠪᠣᠯᠪᠠᠴᠤ ᠶᠠᠳᠠᠭᠰᠠᠨ ᠪᠠᠢᠳᠠᠯ ᠣᠭᠲᠣ ᠦᠭᠡᠢ ᠪᠣᠯᠬᠤ ᠳ᠋ᠤ᠌ ᠰᠠᠯᠬᠢ ᠶ᠋ᠢ ᠰᠥᠷᠦᠨ ᠬᠡᠩᠬᠦᠳᠡᠭ ᠢ᠋ ᠢᠷᠡᠨ ᠳᠠᠪᠬᠢᠭᠰᠠᠭᠠᠷ᠂ ᠬᠡᠳᠦ ᠬᠡᠳᠦᠨ ᠬᠤᠸᠠ ᠶ᠋ᠢ ᠳᠠᠪᠠᠵᠤ ᠬᠤᠵᠢᠷ ᠪᠠ ᠪᠤᠲᠠᠷᠭᠠᠨ᠎ᠠ ᠡᠯᠪᠡᠭ ᠲᠡᠢ ᠨᠢᠭᠡ ᠴᠠᠢᠳᠠᠮ ᠭᠠᠵᠠᠷ ᠬᠦᠷᠴᠦ ᠦᠵᠡᠪᠡᠯ᠂ ᠳᠥᠷᠪᠡᠨ ᠵᠦᠭ ᠲᠦ᠍ ᠶᠠᠭᠤ ᠴᠤ᠌ ᠦᠵᠡᠭᠳᠡᠬᠦ ᠦᠭᠡᠢ᠃ ᠬᠠᠷᠢᠨ ᠲᠡᠷᠲᠡᠭᠡᠭᠦᠷ ᠪᠠᠷᠠᠭᠠᠨ ᠡᠭᠦᠯᠡ ᠬᠤᠷᠠᠵᠤ ᠪᠣᠷᠣᠭᠠᠨ ᠣᠷᠣᠬᠤ ᠶᠠᠩᠵᠤ ᠲᠠᠢ ᠪᠠᠢᠪᠠ᠃ ᠰᠠᠨᠠᠮᠰᠠᠷ ᠦᠭᠡᠢ ᠬᠦᠷᠴᠦ ᠢᠷᠡᠭᠰᠡᠨ ᠵᠡᠷᠯᠢᠭ ᠴᠦᠯ ᠭᠠᠵᠠᠷ ᠤ᠋ᠨ ᠪᠠᠢᠳᠠᠯ ᠲᠡᠳᠦᠢ ᠯᠡ ᠲᠠᠭᠠᠯᠠᠮᠵᠢ ᠦᠭᠡᠢ᠂ ᠳᠡᠮᠡᠢ ᠯᠡ ᠭᠠᠢᠬᠠᠨ᠎ᠠ᠃ ᠨᠠᠮᠤᠷ ᠤ᠋ᠨ ᠰᠠᠯᠬᠢ ᠰᠡᠷᠴᠢᠭᠢᠨᠡᠨ ᠰᠠᠯᠬᠢᠯᠠᠬᠤ ᠳ᠋ᠤ᠌ ᠰᠡᠳᠬᠢᠯ ᠦ᠋ᠨ ᠳᠣᠲᠣᠷ᠎ᠠ ᠭᠤᠯᠢᠩ ᠭᠠᠯᠢᠩ ᠪᠠᠢᠳᠠᠯ ᠢ᠋ ᠲᠥᠷᠥᠭᠦᠯᠦᠨ᠎ᠡ᠃ ᠨᠢᠨᠠ ᠶ᠋ᠢ ᠡᠷᠢᠵᠦ ᠣᠯᠤᠨ᠎ᠠ ᠭᠡᠰᠡᠨ ᠨᠢ ᠬᠠᠷᠢᠨ ᠵᠡᠭᠦᠳᠦᠯᠡᠨ ᠳᠠᠪᠬᠢᠵᠤ᠂ ᠬᠥᠨᠳᠡᠢ ᠲᠠᠯ᠎ᠠ ᠳ᠋ᠤ᠌ ᠲᠥᠭᠡᠷᠢᠬᠦ ᠨᠢ ᠴᠦ᠍ ᠶᠦᠮ ᠤᠤ? ᠭᠡᠲᠡᠯ᠎ᠡ ᠤᠨᠤᠭᠰᠠᠨ ᠮᠣᠷᠢᠨ ᠤ᠋ ᠴᠢᠬᠢ ᠨᠢ ᠰᠣᠭᠣᠲᠣᠭᠣᠨᠠᠵᠤ᠂ ᠬᠠᠮᠠᠷ ᠨᠢ ᠬᠤᠤᠬᠢᠨᠠᠬᠤ ᠳ᠋ᠤ᠌ ᠰᠡᠷ ᠬᠢᠲᠡᠯ᠎ᠡ ᠴᠣᠴᠢᠵᠤ ᠡᠰᠢ ᠲᠡᠰᠢ ᠠᠵᠢᠭᠯᠠᠪᠠᠯ᠂ ᠲᠡᠷᠲᠡᠭᠡ ᠬᠠᠵᠠᠭᠤ ᠳ᠋ᠤ᠌ ᠨᠢᠭᠡ ᠠᠮᠢᠲᠠᠨ ᠶᠠᠪᠤᠨ᠎ᠠ᠃ ᠶᠠᠭᠤ ᠴᠤ᠌ ᠪᠣᠯᠪᠠ ᠣᠴᠢᠶ᠎ᠠ ᠭᠡᠵᠦ ᠰᠢᠭᠤᠳ ᠳᠠᠪᠬᠢᠨ ᠣᠢᠷᠠᠲᠤᠪᠠᠯ᠂ ᠦᠨᠡᠭᠡ ᠴᠢᠨᠣ᠎ᠠ ᠠᠯᠢ ᠨᠢ ᠴᠦ᠍ ᠲᠠᠨᠢᠭᠳᠠᠬᠤ ᠦᠭᠡᠢ ᠨᠢᠭᠡ ᠠᠮᠢᠲᠠᠨ ᠤᠯᠠᠮ ᠴᠢᠨᠠᠭᠰᠢ ᠵᠢᠭᠤᠲᠠᠨ᠎ᠠ᠃ ᠮᠣᠷᠢ ᠶ᠋ᠢ ᠲᠠᠰᠢᠭᠤᠷᠳᠠᠵᠤ ᠳᠣᠪᠲᠣᠯᠤᠭᠰᠠᠭᠠᠷ ᠭᠦᠢᠴᠡᠵᠦ ᠦᠵᠡᠪᠡᠯ᠂ ᠦᠨᠡᠭᠡ ᠴᠦ᠍ ᠪᠢᠰᠢ᠂ ᠴᠢᠨᠣ᠎ᠠ ᠴᠤ᠌ ᠪᠢᠰᠢ ᠬᠠᠷᠢᠨ ᠨᠢᠭᠡ ᠨᠣᠬᠠᠢ ᠶᠠᠪᠤᠵᠤ ᠪᠠᠢᠬᠤ ᠪᠥᠭᠡᠳ ᠡᠮᠦᠨ᠎ᠡ ᠪᠠ ᠬᠣᠢᠭᠤᠷ ᠨᠢᠭᠡᠨᠲᠡ ᠡᠷᠭᠢᠯᠳᠦᠵᠦ ᠰᠡᠭᠦᠯ ᠢ᠋ᠶ᠋ᠡᠨ ᠰᠢᠷᠪᠠᠭᠠᠳ᠂ᠪᠠᠷᠠᠭᠤᠨ ᠵᠦᠭ ᠤᠳᠤᠷᠢᠳᠤᠨ ᠶᠠᠪᠤᠬᠤ ᠶ᠋ᠢ ᠦᠵᠡᠪᠡᠯ᠂ ᠠᠢᠯ ᠤ᠋ᠨ ᠨᠣᠬᠠᠢ ᠴᠤ᠌ ᠪᠣᠯᠤᠯᠲᠠᠢ᠂ ᠠᠩ ᠤ᠋ᠨ ᠴᠤ᠌ ᠨᠣᠬᠠᠢ ᠪᠠᠢᠯᠲᠠᠢ ᠲᠤᠯᠠ ᠴᠠᠩᠭᠠᠭᠰᠠᠨ ᠳ᠋ᠠᠭᠠᠨ ᠯᠠᠪ ᠨᠢᠭᠡ ᠬᠥᠮᠦᠨ ᠲᠡᠢ ᠭᠠᠵᠠᠷ ᠬᠦᠷᠬᠦ ᠪᠢᠵᠡ ᠭᠡᠵᠦ ᠢᠲᠡᠭᠡᠵᠦ ᠬᠣᠢᠨ᠎ᠠ ᠠ᠋ᠴᠠ ᠨᠢ ᠳᠠᠭᠠᠯᠳᠤᠨ ᠱᠣᠭᠰᠢᠪᠠ᠃ ᠲᠡᠭᠡᠭᠡᠳ ᠴᠠᠢᠳᠠᠮ ᠠ᠋ᠴᠠ ᠬᠣᠯᠠᠳᠤᠨ᠂ ᠨᠢᠭᠡ ᠬᠤᠸᠠ ᠶ᠋ᠢ ᠳᠠᠪᠠᠪᠠᠯ ᠭᠠᠵᠠᠷ ᠤ᠋ᠨ ᠪᠠᠢᠳᠠᠯ ᠶᠡᠬᠡ ᠯᠡ ᠥᠭᠡᠷ᠎ᠡ ᠪᠣᠯᠤᠭᠠᠳ᠂ ᠡᠪᠡᠰᠦ ᠨᠣᠭᠣᠭ᠎ᠠ ᠰᠠᠬᠤᠯᠠᠭ ᠤᠷᠭᠤᠭᠰᠠᠨ ᠭᠠᠵᠠᠷ᠂ ᠲᠡᠷᠲᠡᠭᠡ ᠪᠠᠷᠠᠭᠤᠨ ᠬᠣᠢᠲᠤ ᠲᠠᠯ᠎ᠠ ᠳ᠋ᠤ᠌ ᠥᠨᠳᠥᠷ ᠠᠭᠤᠯᠠᠰ ᠬᠠᠨᠠᠷᠠᠨ ᠪᠠᠢᠬᠤ ᠶ᠋ᠢᠨ ᠨᠠᠭᠠᠭᠤᠷ ᠤᠷᠲᠤ ᠮᠥᠷᠡᠨ ᠤᠷᠤᠰᠤᠭᠰᠠᠨ ᠨᠢ ᠦᠵᠡᠭᠳᠡᠨ᠎ᠡ᠃ ᠨᠣᠬᠠᠢ ᠶ᠋ᠢᠨ ᠶᠠᠪᠤᠬᠤ ᠨᠢ ᠠᠯᠭᠤᠷ ᠪᠣᠯᠤᠭᠠᠳ ᠤᠳᠠᠯ ᠦᠭᠡᠢ ᠨᠢᠭᠡ ᠲᠣᠯᠣᠭᠠᠢ ᠲᠣᠭᠣᠷᠢᠮᠠᠭᠴᠠ ᠴᠠᠭᠠᠨ᠎ᠠ ᠨᠢ ᠨᠢᠭᠡ ᠬᠠᠷ᠎ᠠ ᠣᠪᠣᠬᠠᠢ ᠬᠠᠷᠠᠭᠳᠠᠪᠠ᠃
ᠭᠠᠳᠠᠭᠤᠷ ᠨᠢ ᠨᠢᠭᠡ ᠴᠦ᠍ ᠮᠠᠯ ᠦᠭᠡᠢ᠂ ᠬᠠᠷᠢᠨ ᠳᠠᠷᠠᠰᠤ ᠪᠤᠲᠠ ᠦᠷᠭᠦᠯᠵᠢᠯᠡᠵᠡᠢ᠃ ᠨᠢᠭᠡ ᠬᠠᠷ᠎ᠠ ᠬᠥᠮᠦᠨ ᠭᠠᠷᠴᠤ ᠢᠷᠡᠭᠡᠳ᠂ ᠨᠣᠬᠠᠢ ᠪᠠᠨ ᠳᠠᠯᠠᠯᠤᠨ ᠳᠠᠭᠤᠳᠠᠵᠤ ᠪᠠᠢᠨ᠎ᠠ᠃ ᠮᠢᠨᠦ ᠪᠡᠶ᠎ᠡ ᠬᠠᠭᠠᠰ ᠡᠳᠦᠷ ᠬᠡᠭᠡᠷ᠎ᠡ ᠶᠠᠪᠤᠭᠰᠠᠨ ᠨᠢ ᠬᠡᠳᠦᠨ ᠰᠠᠷ᠎ᠠ ᠠᠶᠠᠨ ᠬᠢᠭᠰᠡᠨ ᠮᠡᠲᠦ ᠪᠣᠯᠵᠤ᠂ ᠪᠡᠶ᠎ᠡ ᠵᠦᠳᠡᠷᠡᠨ ᠰᠠᠨᠠᠭ᠎ᠠ ᠭᠠᠯᠢᠷᠠᠭᠰᠠᠨ ᠲᠤᠯᠠ ᠠᠢᠯ ᠭᠡᠷ ᠢ᠋ ᠦᠵᠡᠬᠦ ᠳ᠋ᠦ᠍ ᠨᠢᠨᠠ ᠲᠠᠢ ᠤᠴᠠᠷᠠᠭᠰᠠᠨ ᠠᠳᠠᠯᠢ ᠪᠠᠶᠠᠷᠯᠠᠵᠤ᠂ ᠮᠣᠷᠢ ᠪᠠᠨ ᠲᠤᠱᠠᠭᠠᠳ ᠣᠷᠣᠪᠠ᠃ ᠬᠠᠷ᠎ᠠ ᠬᠥᠮᠦᠨ ᠳᠠᠭᠠᠯᠳᠤᠨ ᠣᠷᠣᠭᠠᠳ᠂ ᠵᠡᠭᠦᠨ ᠬᠣᠢᠨ᠎ᠠ ᠴᠣᠮᠴᠣᠢᠨ ᠰᠠᠭᠤᠪᠠ᠃ ᠪᠢ ᠪᠠᠷᠠᠭᠤᠨ ᠬᠣᠢᠨ᠎ᠠ ᠨᠢ ᠨᠢᠭᠡ ᠭᠥᠷᠦᠭᠡᠰᠦᠨ ᠦ᠌ ᠰᠢᠷᠢᠨ ᠳᠡᠪᠢᠰᠬᠡᠷ ᠳᠡᠭᠡᠷ᠎ᠡ ᠬᠠᠭᠠᠰ ᠵᠠᠪᠢᠯᠠᠨ ᠰᠠᠭᠤᠭᠰᠠᠨ ᠤ᠋ ᠳᠠᠷᠠᠭ᠎ᠠ ᠠᠮᠤᠷ ᠮᠡᠨᠳᠦ ᠶ᠋ᠢ ᠮᠡᠳᠡᠯᠴᠡᠪᠡ᠃ ᠮᠥᠨ ᠬᠠᠷ᠎ᠠ ᠬᠥᠮᠦᠨ ᠭᠤᠴᠢ ᠢᠯᠡᠭᠦᠦ ᠨᠠᠰᠤᠲᠠᠢ᠂ ᠢᠯᠭᠢᠨ ᠳᠡᠪᠡᠯ ᠡᠮᠦᠰᠴᠦ᠂ ᠰᠤᠷ ᠪᠦᠰᠡ ᠪᠦᠰᠡᠯᠡᠵᠡᠢ᠃ ᠦᠭᠡ ᠬᠡᠯᠡᠯᠴᠡᠬᠦ ᠠᠶᠠᠯᠭᠤ ᠨᠢ ᠴᠢᠬᠢᠨ ᠳ᠋ᠦ᠍ ᠶᠡᠬᠡ ᠯᠡ ᠥᠭᠡᠷ᠎ᠡ ᠰᠣᠨᠣᠰᠳᠠᠨ᠎ᠠ᠃ ᠵᠡᠭᠦᠨ ᠡᠮᠦᠨ᠎ᠡ ᠬᠠᠲᠠᠪᠴᠢᠨ ᠳ᠋ᠤ᠌᠂ ᠨᠢᠭᠡ ᠬᠥᠮᠦᠨ ᠦᠰᠦ ᠲᠡᠢ ᠳᠡᠪᠡᠯ ᠢ᠋ᠶ᠋ᠡᠷ ᠬᠤᠴᠢᠭᠠ ᠲᠠᠢ ᠬᠡᠪᠲᠡᠵᠦ ᠪᠠᠢᠨ᠎ᠠ᠃ ᠲᠤᠩ ᠪᠤᠭᠤᠷᠤᠯ ᠲᠣᠯᠣᠭᠠᠢ ᠴᠤᠬᠤᠢᠵᠤ ᠪᠠᠢᠨ᠎ᠠ᠃ ᠬᠠᠷ᠎ᠠ ᠬᠥᠮᠦᠨ ᠨᠣᠷᠮ᠎ᠠ ᠳ᠋ᠤ᠌ ᠰᠢᠭᠢᠳᠬᠡᠭᠰᠡᠨ ᠳᠣᠩᠪᠣ ᠲᠠᠢ ᠴᠠᠢ ᠶ᠋ᠢ ᠨᠢᠭᠡ ᠳᠠᠪᠰᠢ ᠲᠠᠷᠪᠠᠭᠠᠨ ᠤ᠋ ᠮᠢᠬ᠎ᠠ ᠶ᠋ᠢᠨ ᠬᠠᠮᠲᠤ ᠨᠠᠳᠠ ᠳ᠋ᠤ᠌ ᠥᠭᠭᠦᠭᠰᠡᠨ ᠳ᠋ᠦ᠍ ᠴᠠᠢ ᠨᠢ ᠭᠤᠳᠤᠮᠵᠢᠨ ᠤ᠋ ᠱᠠᠯᠪᠠᠭ ᠰᠢᠭ᠋ ᠪᠤᠯᠠᠩᠭᠢᠷ ᠲᠠᠢ᠂ ᠮᠢᠬ᠎ᠠ ᠨᠢ ᠬᠠᠯᠠᠰᠢ ᠦᠭᠡᠢ ᠨᠡᠬᠢᠭᠦᠨ ᠦᠨᠦᠷ ᠲᠡᠢ ᠪᠣᠯᠪᠠᠴᠤ᠂ ᠤᠮᠳᠠᠭᠠᠰᠴᠤ ᠥᠯᠥᠰᠦᠭᠰᠡᠨ ᠮᠢᠨᠢ ᠶᠡᠬᠡ ᠲᠤᠯᠠ᠂ ᠠᠷᠭ᠎ᠠ ᠦᠭᠡᠢ ᠤᠤᠭᠤᠵᠤ ᠢᠳᠡᠪᠡ᠃ ᠨᠢᠨᠠ ᠰᠡᠳᠬᠢᠯ ᠳ᠋ᠦ᠍ ᠣᠷᠣᠵᠤ ᠢᠷᠡᠬᠦ ᠳ᠋ᠦ᠍ ᠨᠢᠨᠠ ᠶ᠋ᠢᠨ ᠲᠡᠮᠳᠡᠭᠯᠡᠭᠰᠡᠨ《ᠬᠠᠷᠠᠩᠭᠤᠢ ᠬᠠᠳᠠ》 ᠭᠡᠭᠴᠢ ᠭᠠᠵᠠᠷ ᠢ᠋ ᠬᠠᠷ᠎ᠠ ᠬᠥᠮᠦᠨ ᠡᠴᠡ ᠰᠤᠷᠠᠪᠠᠯ᠄
— ᠪᠢ ᠡᠨᠡ ᠭᠠᠵᠠᠷ ᠥᠰᠬᠦ ᠡᠴᠡ ᠪᠡᠨ ᠠᠪᠤᠭᠠᠳ ᠥᠲᠡᠯᠲᠡᠯ᠎ᠡ ᠪᠡᠨ ᠰᠠᠭᠤᠭᠰᠠᠨ ᠪᠥᠭᠡᠳ ᠤᠭ ᠠ᠋ᠴᠠ ᠭᠥᠷᠥᠭᠡᠴᠢᠨ ᠬᠥᠮᠦᠨ ᠲᠤᠯᠠ ᠣᠢᠷ᠎ᠠ ᠬᠠᠪᠢ ᠶ᠋ᠢᠨ ᠭᠠᠵᠠᠷ ᠢ᠋ ᠪᠠᠷᠤᠭ ᠮᠡᠳᠡᠨ᠎ᠡ (ᠡᠨᠡ ᠵᠠᠪᠰᠠᠷ ᠮᠢᠨᠦ ᠰᠡᠳᠬᠢᠯ ᠳ᠋ᠦ᠍ ᠪᠠᠶᠠᠷ ᠲᠥᠷᠥᠵᠦ ᠪᠠᠢᠪᠠ)᠃ ᠭᠡᠪᠡᠴᠦ ᠲᠡᠢᠮᠦ ᠨᠡᠷ᠎ᠡ ᠲᠡᠢ ᠭᠠᠵᠠᠷ ᠰᠣᠨᠣᠰᠤᠭᠰᠠᠨ ᠦᠭᠡᠢ ᠭᠡᠬᠦ ᠳ᠋ᠦ᠍ ᠮᠢᠨᠦ ᠤᠷᠮ᠎ᠠ ᠬᠤᠭᠤᠷᠠᠵᠤ᠂ ᠣᠳᠣ ᠬᠠᠮᠢᠭᠠᠰᠢ ᠪᠠᠨ ᠶᠠᠪᠤᠬᠤ ᠪᠠᠨ ᠮᠡᠳᠡᠬᠦ ᠦᠭᠡᠢ ᠠᠯᠮᠠᠢᠷᠠᠨᠠ᠃
ᠠᠯᠲᠠᠨ ᠳᠡᠯᠡᠬᠡᠢ ᠠᠭᠤᠳᠠᠮ ᠶᠡᠬᠡ᠂ ᠬᠠᠷᠠᠩᠭᠤᠢ ᠬᠠᠳᠠ ᠭᠡᠭᠴᠢ ᠭᠠᠵᠠᠷ ᠬᠠᠮᠢᠭ᠎ᠠ ᠪᠠᠢᠬᠤ ᠶ᠋ᠢ ᠬᠡᠨ ᠶᠠᠭᠠᠬᠢᠵᠤ ᠮᠡᠳᠡᠨ᠎ᠡ᠃ ᠳᠥᠷᠪᠡᠨ ᠵᠦᠭ ᠨᠠᠢ᠍ᠮᠠᠨ ᠵᠣᠪᠬᠢᠰ ᠢ᠋ ᠲᠣᠭᠣᠷᠢᠨ᠂ ᠵᠠᠭᠤᠨ ᠵᠢᠯ ᠮᠢᠩᠭᠠᠨ ᠣᠨ ᠡᠷᠢᠪᠡᠴᠦ ᠪᠠᠰᠠ ᠣᠯᠳᠠᠬᠤ ᠦᠭᠡᠢ ᠪᠠᠢᠵᠤ ᠪᠣᠯᠤᠨ᠎ᠠ᠃ ᠨᠢᠨᠠ ᠶ᠋ᠢᠨ ᠲᠥᠯᠥᠭᠡ ᠰᠡᠳᠬᠢᠯ ᠰᠦᠢᠳᠴᠦ ᠪᠡᠶ᠎ᠡ ᠶ᠋ᠢ ᠵᠣᠪᠠᠭᠠᠨ᠎ᠠ᠃ ᠡᠨᠡ ᠮᠡᠲᠦ ᠪᠡᠷ ᠭᠠᠢᠬᠠᠵᠤ᠂ ᠴᠢᠷᠠᠢ ᠪᠠᠨ ᠪᠠᠷᠤᠢᠯᠭᠠᠵᠤ ᠨᠢᠭᠡ ᠦᠶ᠎ᠡ ᠰᠠᠭᠤᠪᠠ᠃ ᠭᠡᠲᠡᠯ᠎ᠡ ᠲᠡᠷᠲᠡᠭᠡ ᠬᠠᠵᠠᠭᠤ ᠳ᠋ᠤ᠌ ᠬᠡᠪᠲᠡᠭᠰᠡᠨ ᠪᠤᠭᠤᠷᠤᠯ ᠡᠮᠡᠭᠡᠨ ᠲᠣᠯᠣᠭᠠᠢ ᠪᠠᠨ ᠳᠠᠭᠠᠭᠠᠵᠤ ᠶᠠᠳᠠᠨ ᠥᠨᠳᠡᠢᠨ ᠪᠣᠰᠤᠭᠠᠳ ᠪᠠᠷᠠᠭᠤᠨ ᠬᠣᠶ᠋ᠢᠮᠣᠷ ᠳᠠᠭᠢᠬᠰᠠᠨ ᠪᠤᠷᠬᠠᠨ ᠶᠤᠮ ᠤᠤ ᠣᠩᠭᠣᠨ ᠶᠤᠮ ᠤᠤ ᠠᠯᠢᠨ ᠢ᠋ ᠮᠡᠳᠡᠬᠦ ᠦᠭᠡᠢ ᠨᠢᠭᠡ ᠶᠠᠭᠤᠮᠠᠨ ᠤ᠋ ᠡᠮᠦᠨ᠎ᠡ ᠮᠥᠷᠭᠥᠬᠦ ᠳ᠋ᠦ᠍ ᠬᠠᠷ᠎ᠠ ᠬᠥᠮᠦᠨ ᠶᠡᠬᠡ ᠯᠡ ᠭᠠᠢᠬᠠᠭᠰᠠᠨ ᠪᠠᠢᠳᠠᠯ ᠢ᠋ᠶ᠋ᠠᠷ ᠬᠠᠷᠠᠵᠤ᠄《ᠡᠮᠡᠭᠡ ᠠ᠋ ᠡᠮᠡᠭᠡ ᠠ᠋》 ᠭᠡᠵᠦ ᠪᠠᠢᠨ᠎ᠠ᠃ ᠡᠨᠡ ᠦᠶ᠎ᠡ ᠳ᠋ᠦ᠍ ᠪᠢ ᠮᠥᠨ ᠭᠠᠢᠬᠠᠵᠤ᠂ ᠬᠥᠭᠡᠷᠦᠬᠦᠢ ᠡᠨᠡ ᠠᠪᠠᠬᠠᠢ ᠦᠳᠡᠰᠢ ᠶ᠋ᠢᠨ ᠵᠠᠯᠪᠠᠷᠢᠯ ᠢ᠋ᠶ᠋ᠠᠨ ᠬᠢᠵᠦ ᠪᠠᠢᠭ᠎ᠠ ᠨᠢ ᠡᠨᠡ ᠶᠦᠮ ᠤᠤ ᠭᠡᠵᠦ ᠪᠣᠳᠣᠵᠤ᠂ ᠡᠷᠲᠡᠬᠡᠨ ᠮᠣᠷᠳᠠᠶ᠎ᠠ ᠭᠡᠵᠦ ᠡᠨᠡ ᠴᠢᠯᠠᠭᠤᠨ ᠤ᠋ ᠭᠠᠷᠤᠭᠰᠠᠨ ᠭᠠᠵᠠᠷ ᠢ᠋ ᠮᠥᠷᠳᠡᠨ ᠶᠠᠪᠤᠪᠠ᠃ ᠲᠡᠭᠦᠨ ᠡᠴᠡ ᠨᠢᠭᠡ ᠬᠡᠳᠦᠨ ᠴᠠᠭ ᠪᠣᠯᠤᠭᠰᠠᠨ ᠤ᠋ ᠬᠣᠢᠨ᠎ᠠ ᠲᠡᠷᠲᠡᠭᠡ ᠬᠠᠷᠠᠭᠳᠠᠵᠤ ᠪᠠᠢᠭᠰᠠᠨ ᠥᠨᠳᠥᠷ ᠠᠭᠤᠯᠠ ᠶ᠋ᠢᠨ ᠬᠣᠷᠮᠣᠢ ᠳ᠋ᠤ᠌ ᠬᠦᠷᠦᠭᠰᠡᠨ ᠪᠥᠭᠡᠳ ᠥᠨᠥᠬᠢ ᠶᠡᠬᠡ ᠮᠥᠷᠡᠨ ᠢ᠋ ᠤᠰᠤᠨ ᠤ᠋ ᠭᠦᠨ ᠳ᠋ᠦ᠍ ᠠᠷᠠᠢᠬᠠᠨ ᠭᠠᠷᠴᠤ ᠮᠥᠨ ᠠᠭᠤᠯᠠ ᠶ᠋ᠢᠨ ᠨᠢᠭᠡ ᠠᠮᠠ ᠶ᠋ᠢ ᠥᠭᠰᠥᠬᠦ ᠳ᠋ᠦ᠍ ᠣᠢ ᠮᠣᠳᠣ ᠦᠷᠭᠦᠯᠵᠢᠯᠡᠭᠰᠡᠨ ᠰᠢᠪᠡᠷ ᠨᠠᠮᠤᠭ ᠦᠯᠡᠮᠵᠢ᠂ ᠨᠢᠭᠡᠬᠡᠨ ᠴᠤ ᠵᠠᠮ ᠮᠥᠷ ᠦᠭᠡᠢ᠂ ᠬᠠᠶᠠ ᠨᠢᠭᠡ ᠬᠠᠷ᠎ᠠ ᠬᠡᠷᠢᠶ᠎ᠡ ᠦᠵᠡᠭᠳᠡᠬᠦ ᠡᠴᠡ ᠥᠭᠡᠷ᠎ᠡ ᠠᠮᠢᠲᠠᠨ ᠦᠯᠦ ᠲᠣᠬᠢᠶᠠᠯᠳᠤᠨ᠎ᠠ᠃
ᠨᠠᠷᠠ ᠨᠢᠭᠡᠨᠲᠡ ᠰᠢᠩᠭᠡᠵᠦ ᠪᠦᠷᠦᠢ ᠪᠣᠯᠤᠭᠰᠠᠨ ᠲᠤᠯᠠ ᠴᠢᠯᠠᠭᠤᠨ ᠤ᠋ ᠪᠠᠢᠳᠠᠯ ᠢ᠋ ᠰᠢᠨᠵᠢᠯᠡᠵᠦ ᠬᠠᠷᠠᠬᠤ ᠪᠠᠨ ᠴᠤ ᠪᠣᠯᠢᠪᠠ᠃ ᠶᠡᠷᠦ ᠳ᠋ᠡᠭᠡᠨ ᠠᠯᠢᠪᠠ ᠴᠢᠯᠠᠭᠤ᠂ ᠳᠡᠭᠡᠷ᠎ᠡ ᠡᠴᠡ ᠥᠩᠬᠥᠷᠢᠨ ᠪᠠᠭᠤᠳᠠᠭ ᠵᠢᠮ᠎ᠡ ᠲᠡᠢ ᠲᠤᠯᠠ ᠳᠡᠮᠡᠢ ᠯᠡ ᠥᠭᠰᠥᠨ ᠶᠠᠪᠤᠪᠠ᠃ ᠭᠦᠨ ᠣᠢ ᠶ᠋ᠢᠨ ᠳᠤᠮᠳᠠ ᠨᠢᠭᠡᠨᠲᠡ ᠯᠠᠪ ᠣᠷᠣᠵᠠᠢ᠃ ᠡᠳᠦᠷ ᠦ᠋ᠨ ᠪᠦᠷᠬᠦᠵᠦ ᠪᠠᠢᠭᠰᠠᠨ ᠪᠣᠷᠣᠭᠠᠨ ᠰᠠᠶᠢ ᠠᠰᠬᠠᠷᠠᠨ ᠣᠷᠣᠪᠠ᠃ ᠰᠡᠷᠢᠭᠦᠨ ᠰᠠᠯᠬᠢᠨ ᠳ᠋ᠤ᠌ ᠮᠣᠳᠣᠨ ᠤ᠋ ᠮᠥᠴᠢᠷ ᠭᠤᠢᠪᠢᠯᠵᠠᠨ ᠱᠤᠤᠭᠢᠵᠤ᠂ ᠠᠶᠤᠩᠭ᠎ᠠ ᠶ᠋ᠢᠨ ᠳᠠᠭᠤ ᠰᠦᠷ ᠲᠡᠢ ᠬᠦᠷᠴᠢᠭᠢᠨᠡᠨᠡ᠃ ᠠᠯᠬᠤᠬᠤ ᠳᠣᠳᠣᠮ ᠰᠢᠪᠠᠷ ᠨᠠᠮᠤᠭ ᠪᠣᠯᠣᠳ ᠭᠣᠣ ᠵᠢᠯᠠᠭ᠎ᠠ ᠲᠣᠬᠢᠶᠠᠯᠳᠤᠨ᠎ᠠ᠃ ᠡᠨᠳᠡ ᠲᠡᠨᠳᠡ ᠴᠢᠨᠣ᠎ᠠ ᠣᠯᠢᠬᠤ᠂ ᠪᠠᠰᠠ ᠯᠠ ᠳᠡᠰ ᠨᠢᠰ ᠭᠡᠬᠦ ᠴᠢᠮᠡᠭᠡ ᠭᠠᠷᠬᠤ ᠨᠢ ᠠᠶᠤᠮᠰᠢᠭ ᠲᠠᠢ᠂ ᠳᠠᠷᠤᠢ ᠪᠣᠰᠴᠤ ᠵᠢᠷᠦᠬᠡ ᠳᠣᠭᠳᠣᠯᠤᠨ ᠰᠡᠳᠬᠢᠯ ᠶᠠᠭᠠᠷᠠᠨ᠎ᠠ᠂ ᠪᠡᠶ᠎ᠡ ᠵᠠᠷᠠᠢᠨᠠ᠃ ᠡᠳᠦᠷ ᠳᠥᠷᠪᠡᠨ ᠵᠦᠭ ᠦ᠋ᠨ ᠠᠯᠢᠨ ᠲᠡᠢᠰᠢ ᠶᠠᠪᠤᠬᠤ ᠶ᠋ᠢ ᠭᠠᠢᠬᠠᠵᠤ ᠪᠠᠢᠭᠰᠠᠨ ᠨᠢ ᠣᠳᠣ ᠳᠥᠷᠪᠡᠨ ᠵᠦᠭ ᠨᠢ ᠬᠠᠮᠢᠭᠠᠰᠢ ᠪᠠᠨ ᠪᠣᠯᠬᠤ ᠶ᠋ᠢ ᠨᠢᠭᠡᠨᠲᠡ ᠠᠯᠳᠠᠵᠠᠢ᠃
ᠵᠣᠷᠢᠭᠰᠠᠨ ᠬᠡᠷᠡᠭ ᠪᠠ ᠰᠢᠨᠵᠢᠯᠡᠬᠦ ᠶᠠᠪᠤᠳᠠᠯ ᠢ᠋ ᠬᠡᠳᠦᠢᠨ ᠮᠠᠷᠲᠠᠵᠤ᠂ ᠭᠠᠭᠴᠠ ᠬᠦ᠌ ᠠᠮᠢ ᠪᠠᠨ ᠬᠠᠮᠠᠭᠠᠯᠠᠵᠤ ᠶᠠᠪᠤᠬᠤ ᠶ᠋ᠢ ᠤᠷᠢᠳᠠᠯ ᠪᠣᠯᠭᠠᠪᠠ᠃
ᠤᠭ ᠠ᠋ᠴᠠ ᠰᠢᠯᠭᠠᠳᠠᠭ ᠤᠬᠠᠭᠠᠨ ᠢ᠋ ᠰᠢᠲᠦᠵᠦ ᠪᠣᠯᠪᠠᠰᠤᠷᠠᠩᠭᠤᠢ ᠪᠠᠷ ᠬᠥᠮᠦᠵᠢᠭᠰᠡᠨ ᠪᠣᠯᠪᠠᠴᠤ ᠪᠤᠭ ᠴᠢᠳᠬᠥᠷ ᠭᠡᠳᠡᠭ ᠳᠡᠮᠡᠢ ᠶᠠᠭᠤᠮ᠎ᠠ ᠰᠠᠨᠠᠭᠳᠠᠵᠤ᠂ ᠡᠷᠯᠢᠭ ᠲᠠᠮᠤ ᠶ᠋ᠢᠨ ᠣᠷᠣᠨ ᠭᠡᠳᠡᠭ ᠬᠤᠳᠠᠯ ᠶᠠᠭᠤᠮ᠎ᠠ ᠪᠣᠳᠣᠭᠳᠠᠨ᠎ᠠ᠃ ᠲᠡᠭᠦᠨ ᠡᠴᠡ ᠪᠣᠷᠣᠭᠠᠨ ᠤᠯᠠᠮ ᠰᠢᠷᠦᠭᠦᠰᠴᠦ ᠳᠠᠭᠤ ᠪᠠ ᠴᠠᠬᠢᠯᠭᠠᠨ ᠦᠷᠭᠦᠯᠵᠢᠯᠡᠨ᠎ᠡ᠃ ᠭᠠᠵᠠᠷ ᠤ᠋ᠨ ᠪᠠᠢᠳᠠᠯ ᠤᠯᠠᠮ ᠪᠡᠷᠬᠡ ᠲᠡᠢ ᠪᠣᠯᠵᠤ ᠠᠶᠤᠬᠤ ᠴᠣᠴᠢᠬᠤ ᠨᠢ ᠨᠡᠩ ᠣᠯᠠᠰᠢᠷᠠᠪᠠ᠃ ᠤᠷᠤᠭᠰᠢ ᠶᠠᠪᠤᠶ᠎ᠠ ᠭᠡᠪᠡᠯ ᠡᠮᠦᠨ᠎ᠡ ᠡᠲᠡᠭᠡᠳ ᠦ᠋ᠨ ᠪᠠᠷᠲᠠᠭ᠎ᠠ ᠬᠠᠪᠢᠳᠠᠬᠤ ᠠᠷᠭ᠎ᠠ ᠦᠭᠡᠢ ᠭᠡᠳᠡᠷᠭᠦ ᠪᠤᠴᠠᠶ᠎ᠠ ᠭᠡᠪᠡᠯ ᠵᠠᠮ ᠠ᠋ᠴᠠ ᠨᠢᠭᠡᠨᠲᠡ ᠲᠥᠭᠡᠷᠢᠵᠡᠢ᠃ ᠳᠥᠷᠪᠡᠨ ᠵᠦᠭ ᠲᠤᠷᠰᠢᠪᠠᠴᠤ᠂ ᠬᠠᠳᠠ ᠠᠰᠬ᠎ᠠ ᠬᠠᠷᠠᠩᠭᠤᠢᠯᠠᠨ ᠬᠠᠰᠢᠵᠤ᠂ ᠬᠢᠷᠳ᠋ᠬᠢᠯᠭᠡᠬᠦ ᠡᠴᠡ ᠥᠭᠡᠷ᠎ᠡ ᠦᠭᠡᠢ᠃ ᠬᠡᠳᠦᠢ ᠪᠡᠷ《ᠬᠠᠷᠠᠩᠭᠤᠢ ᠬᠠᠳᠠ》 ᠭᠡᠳᠡᠭ ᠨᠡᠷ᠎ᠡ ᠨᠢ ᠡᠨᠡ ᠭᠠᠵᠠᠷ ᠤ᠋ᠨ ᠪᠠᠢᠳᠠᠯ ᠲᠠᠢ ᠨᠡᠢᠯᠡᠯᠴᠡᠨ ᠰᠠᠨᠠᠭᠳᠠᠬᠤ ᠪᠣᠯᠪᠠᠴᠤ ᠡᠢᠮᠦ ᠣᠷᠣᠨ ᠳ᠋ᠤ᠌ ᠨᠢᠨᠠ ᠶᠠᠭᠠᠬᠢᠵᠤ ᠣᠷᠣᠰᠢᠬᠤ ᠪᠣᠢ᠃ ᠲᠡᠢᠮᠦ ᠶ᠋ᠢᠨ ᠲᠤᠯᠠ ᠳᠠᠷᠤᠢ ᠮᠣᠷᠢᠨ ᠠ᠋ᠴᠠ ᠪᠠᠭᠤᠵᠤ ᠰᠠᠭᠤᠨ᠂ ᠲᠦᠮᠡᠨᠲᠡ ᠴᠣᠴᠢᠵᠤ ᠮᠢᠩᠭᠠᠨᠲᠠ ᠬᠢᠷᠳ᠋ᠬᠢᠨ ᠬᠡᠵᠢᠶ᠎ᠡ ᠨᠠᠷᠠ ᠮᠠᠨᠳᠤᠬᠤ ᠶ᠋ᠢ ᠬᠦᠯᠢᠶᠡᠨ᠎ᠡ᠃ ᠭᠡᠲᠡᠯ᠎ᠡ ᠮᠣᠷᠢ ᠨᠢᠭᠡᠨᠲᠡ ᠦᠷᠭᠦᠨ᠂ ᠬᠠᠷᠠᠩᠭᠤᠢ ᠬᠠᠳᠠ ᠶ᠋ᠢᠨ ᠳᠤᠮᠳᠠ ᠬᠠᠩᠭᠢᠨᠠᠲᠠᠯ᠎ᠠ ᠢᠨᠴᠠᠭᠠᠬᠤ ᠳᠠᠭᠤ ᠶᠠᠰᠤᠨ ᠳ᠋ᠤ᠌ ᠲᠤᠯᠲᠠᠯ᠎ᠠ ᠵᠢᠬᠡᠭᠦᠴᠡᠭᠦᠯᠬᠦ ᠳ᠋ᠦ᠍ ᠨᠢᠭᠡ ᠠᠮᠢᠲᠠᠨ ᠪᠥᠷᠲᠥᠯᠵᠡᠨ ᠦᠵᠡᠭᠳᠡᠵᠦ᠂ ᠳᠠᠷᠤᠢ ᠭᠦᠨ ᠬᠠᠷᠠᠩᠭᠤᠢ ᠳ᠋ᠤ᠌ ᠳᠠᠯᠳᠠ ᠣᠷᠣᠪᠠ᠃ ᠲᠡᠷᠡ ᠠᠮᠢᠲᠠᠨ ᠤ᠋ ᠬᠣᠢᠨ᠎ᠠ ᠠ᠋ᠴᠠ ᠪᠢ ᠵᠢᠭᠠᠬᠠᠨ ᠶᠠᠪᠤᠭᠰᠠᠨ ᠪᠣᠯᠪᠠᠴᠤ ᠳᠠᠬᠢᠨ ᠣᠯᠵᠤ ᠬᠠᠷᠠᠭᠰᠠᠨ ᠦᠭᠡᠢ᠃ ᠲᠡᠷᠡᠴᠢᠯᠡᠨ ᠣᠷᠴᠢᠯᠠᠩ ᠤ᠋ᠨ ᠲᠦᠮᠡᠨ ᠠᠮᠢᠲᠠᠨ ᠤ᠋ ᠳᠤᠮᠳᠠ ᠳᠠᠯᠳᠠ ᠣᠷᠣᠭᠰᠠᠨ ᠬᠠᠢᠷᠠᠲᠤ ᠨᠢᠨᠠ ᠮᠢᠨᠦ ᠰᠡᠳᠬᠢᠯ ᠳ᠋ᠦ᠍ ᠵᠤᠷᠠᠰᠬᠢᠵᠤ ᠦᠵᠡᠭᠳᠡᠪᠡᠴᠦ᠂ ᠲᠡᠭᠦᠨ ᠦ᠌ ᠪᠡᠶ᠎ᠡ ᠶ᠋ᠢ ᠳᠠᠬᠢᠨ ᠣᠯᠵᠤ ᠠᠭᠤᠯᠵᠠᠵᠤ ᠴᠢᠳᠠᠬᠤ ᠦᠭᠡᠢ ᠪᠣᠯᠤᠭᠰᠠᠨ ᠪᠣᠯᠪᠠᠤ?
1930 ᠣᠨ
ᠦᠰᠦᠭ ᠠᠮᠢᠯᠠᠭᠤᠯᠤᠭᠴᠢ᠄ᠳ·ᠢᠳᠰᠢᠩᠬᠣᠷᠯᠣ᠂ ᠪᠠᠶᠠᠨᠴᠡᠴᠡᠭ᠂ ᠭᠦᠨᠳᠦᠰᠠᠩᠪᠦ᠂ ᠨᠠᠷᠠᠨᠲᠤᠶᠠᠭ᠎ᠠ ᠂ ᠪᠠᠶᠠᠨᠰᠡᠷᠡᠩ᠂ ᠡᠷᠳᠡᠨᠢᠭᠣᠤ᠎ᠠ᠂
ᠬᠢᠨᠠᠭᠴᠢ᠄ ᠰᠡᠬᠡᠭᠡᠷᠡᠯ᠂ ᠣᠳᠬᠠᠨᠰᠣ᠎ᠠ
