ᠬᠠᠷ᠎ᠠ ᠡᠯᠪᠡ ᠡᠪᠡᠰᠦХар элбэ өвс

ᠬᠠᠷ᠎ᠠ ᠡᠯᠪᠡ ᠡᠪᠡᠰᠦ
ᠦᠶᠡᠲᠦ ᠤᠷᠭᠤᠮᠠᠯ ᠤ᠋ᠨ ᠢᠵᠠᠭᠤᠷ
ᠪᠤᠲᠠᠯᠠᠵᠤ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠰᠢᠯᠤᠭᠤᠨ ᠪᠤᠶᠤ ᠦᠶ᠎ᠡ ᠪᠡᠷ ᠢ᠋ᠶ᠋ᠡᠨ ᠡᠪᠦᠳᠦᠭ ᠮᠡᠲᠦ ᠮᠤᠷᠤᠢ᠂ 50—60cm ᠥᠨᠳᠥᠷ᠃ ᠨᠠᠪᠴᠢᠨ ᠤ᠋ ᠲᠣᠭᠳᠣᠢ ᠨᠢ ᠡᠰᠢ ᠪᠡᠨ ᠰᠤᠯᠠᠬᠠᠨ ᠪᠠᠭᠯᠠᠨ᠎ᠠ᠂ ᠦᠰᠦ ᠦᠭᠡᠢ ᠪᠤᠶᠤ ᠳᠡᠭᠡᠳᠦ ᠣᠷᠣᠢ ᠣᠷᠴᠢᠮ ᠨᠢ ᠦᠰᠦ ᠲᠡᠢ ; ᠨᠠᠪᠴᠢᠨ ᠤ᠋ ᠬᠡᠯᠡ ᠨᠢ ᠲᠣᠷᠭᠠᠨ ᠬᠠᠯᠢᠰᠤᠯᠢᠭ᠂ 2—5mm ᠤᠷᠲᠤ᠂ ᠶᠡᠷᠦ ᠳ᠋ᠡᠭᠡᠨ ᠰᠠᠯᠪᠠᠷᠬᠠᠢ ᠦᠵᠦᠭᠦᠷ ᠲᠡᠢ ; ᠨᠠᠪᠴᠢ ᠨᠢ ᠲᠡᠭᠰᠢᠬᠡᠨ ᠬᠠᠪᠲᠠᠭᠠᠢ ᠪᠤᠶᠤ ᠳᠣᠲᠣᠭᠰᠢ ᠬᠤᠮᠢᠷᠠᠨ᠎ᠠ᠂ 5—25cm ᠤᠷᠲᠤ᠂ 2—7mm ᠥᠷᠭᠡᠨ᠂ ᠦᠰᠦ ᠦᠭᠡᠢ᠂ ᠬᠣᠶᠠᠷ ᠲᠠᠯ᠎ᠠ ᠨᠢ ᠰᠢᠷᠦᠭᠦᠨ ᠪᠥᠭᠡᠳ ᠴᠠᠭᠠᠪᠲᠤᠷ ᠶᠤᠮ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠢᠬᠴᠤᠷᠠᠭᠠᠳ ᠲᠦᠷᠦᠭᠦᠦ ᠬᠡᠯᠪᠡᠷᠢ ᠲᠡᠢ ᠪᠣᠯᠵᠠᠢ᠂ 6—10cm ᠤᠷᠲᠤ᠂ 1—1.5cm ᠥᠷᠭᠡᠨ᠂ ᠰᠢᠷᠠᠪᠲᠤᠷ ᠪᠤᠶᠤ ᠪᠣᠷᠣᠪᠲᠤᠷ᠂ ᠰᠠᠯᠠᠭ᠎ᠠ ᠪᠣᠯᠤᠨ ᠵᠢᠵᠢᠭ ᠲᠦᠷᠦᠭᠦᠦ ᠶ᠋ᠢᠨ ᠪᠠᠷᠢᠭᠤᠯ ᠨᠢ ᠡᠭᠴᠡ᠂ ᠰᠢᠷᠦᠭᠦᠨ ; ᠵᠢᠵᠢᠭ ᠲᠦᠷᠦᠭᠦᠦ ᠨᠢ 5—6mm ᠤᠷᠲᠤ᠂ ᠨᠢᠭᠡ ᠯᠡ ᠴᠡᠴᠡᠭ ᠲᠡᠢ ; ᠬᠠᠯᠢᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠬᠣ ᠦᠵᠦᠭᠦᠷ ᠲᠡᠢ᠂ ᠰᠢᠷᠦᠭᠦᠨ ; ᠭᠠᠳᠠᠷ ᠬᠡᠪᠡᠭ ᠨᠢ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂ 4—5mm ᠤᠷᠲᠤ᠂ ᠪᠠᠬᠠᠨ ᠰᠢᠷᠦᠭᠦᠨ᠂ ᠦᠵᠦᠭᠦᠷ ᠲᠤᠨᠢ ᠶᠡᠷᠦ ᠳ᠋ᠡᠭᠡᠨ ᠵᠢᠵᠢᠭ ᠬᠡᠷᠴᠢᠶᠡᠰᠦ ᠲᠡᠢ᠂ ᠰᠠᠭᠤᠷᠢ ᠲᠠᠪᠠᠭ ᠤ᠋ᠨ ᠬᠣᠶᠠᠷ ᠬᠠᠪᠢ ᠶ᠋ᠢᠨ ᠦᠰᠦ ᠨᠢ ᠭᠠᠳᠠᠷ ᠬᠡᠪᠡᠭ ᠦ᠋ᠨ 1/4—1/3 ᠦ᠌ ᠴᠢᠨᠡᠭᠡ ᠤᠷᠲᠤ ; ᠰᠤᠷ ᠨᠢ ᠭᠠᠳᠠᠷ ᠬᠡᠪᠡᠭ ᠦ᠋ᠨ ᠠᠷᠤ ᠶ᠋ᠢᠨ ᠤᠭ ᠣᠷᠴᠢᠮ ᠠ᠋ᠴᠠ ᠤᠷᠭᠤᠨ᠎ᠠ᠂ 7mm ᠣᠷᠴᠢᠮ ᠤᠷᠲᠤ᠂ ᠳᠤᠮᠳᠠ ᠬᠡᠰᠡᠭ ᠲᠡᠭᠡᠨ ᠮᠤᠷᠤᠢ ; ᠳᠣᠲᠣᠷ ᠬᠡᠪᠡᠭ ᠨᠢ ᠭᠠᠳᠠᠷ ᠬᠡᠪᠡᠭ ᠲᠡᠢ ᠪᠡᠨ ᠢᠵᠢᠯ ᠤᠷᠲᠤ ᠪᠤᠶᠤ ᠪᠠᠬᠠᠨ ᠣᠬᠣᠷ ; ᠵᠢᠵᠢᠭ ᠲᠦᠷᠦᠭᠦᠦ ᠶ᠋ᠢᠨ ᠳᠣᠲᠣᠷ ᠬᠡᠪᠡᠭ ᠦ᠋ᠨ ᠠᠷᠤ ᠳ᠋ᠤ᠌ ᠰᠤᠨᠵᠤ ᠤᠷᠲᠤᠳᠤᠭᠰᠠᠨ ᠲᠡᠩᠭᠡᠯᠢᠭ ᠨᠢ 1.5—2mm ᠤᠷᠲᠤ ᠪᠥᠭᠡᠳ 1—2mm ᠤᠷᠲᠤ ᠦᠰᠦ ᠲᠡᠢ᠂ ᠡᠢᠮᠦ ᠡᠴᠡ ᠨᠡᠢᠯᠡᠭᠡᠳ ᠳᠣᠲᠣᠷ ᠬᠡᠪᠡᠭ ᠦ᠋ᠨ ᠭᠤᠷᠪᠠᠨ ᠤ᠋ ᠬᠣᠶᠠᠷ ᠤ᠋ᠨ ᠴᠢᠨᠡᠭᠡ ᠪᠤᠶᠤ ᠳᠣᠲᠣᠷ ᠬᠡᠪᠡᠭ ᠲᠡᠢ ᠪᠡᠨ ᠪᠠᠷᠤᠭ ᠢᠵᠢᠯ ᠤᠷᠲᠤ ᠪᠠᠢᠳᠠᠭ᠃ ᠲᠣᠭᠣᠰᠣᠪᠴᠢ ᠨᠢ 2—3mm ᠤᠷᠲᠤ᠃
ᠠᠭᠤᠯᠠ ᠶ᠋ᠢᠨ ᠬᠠᠵᠠᠭᠤ᠂ ᠰᠡᠭᠦᠳᠡᠷᠯᠢᠭ ᠴᠢᠭᠢᠭᠲᠡᠢ ᠭᠠᠵᠠᠷ ᠳᠤ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠬᠢᠭᠡᠳ ᠵᠡᠭᠦᠨ ᠬᠣᠢᠲᠤ ᠣᠷᠣᠨ ᠳ᠋ᠤ᠌ ᠪᠦᠷ ᠤᠷᠭᠤᠳᠠᠭ᠃
ᠬᠢᠲᠠᠳ ᠨᠡᠷ᠎ᠡ᠄野青茅
ᠠᠩᠭ᠌ᠯᠢ ᠨᠡᠷ᠎ᠡ᠄ Deyeuxia arundinacea ( L.) Beauv.
ᠦᠰᠦᠭ ᠠᠮᠢᠯᠠᠭᠤᠯᠤᠭᠴᠢ᠄ ᠳ· ᠡᠷᠬᠢᠮᠪᠠᠭᠠᠲᠤᠷ
ᠬᠢᠨᠠᠭᠴᠢ᠄ ᠲᠤᠶᠠᠭ᠎ᠠ ᠫᠤ· ᠴᠠᠭᠠᠨ
