ᠬᠥᠬᠡ ᠭᠠᠯ ᠤᠨ ᠠᠦᠭᠠ ᠡᠷᠴᠢᠰ – ᠶᠣᠨᠳᠣᠨ ᠤ ᠪᠢᠯᠢᠭ᠌ - ᠪᠠᠭᠠᠲᠤᠷ - Хөх галын ауга эрчис –Ёндоны Билиг - Баатар
ᠬᠥᠬᠡ ᠭᠠᠯ ᠤᠨ ᠠᠦᠭᠠ ᠡᠷᠴᠢᠰ
ᠮᠥᠩ ᠴᠢᠩ ᠵᠢᠷᠦᠬᠡᠨ ᠦ᠌ ᠭᠦᠨ ᠳ᠋ᠦ᠍
ᠮᠥᠷᠥᠭᠡᠳᠦᠯ ᠲᠡᠮᠡᠴᠡᠯ ᠦ᠋ᠨ ᠪᠥᠭᠡᠮ ᠭᠠᠯ ᠪᠣᠢ
ᠮᠥᠬᠥᠰᠢ ᠦᠭᠡᠢ ᠭᠣᠷᠢᠳᠠᠯ ᠤ᠋ᠨ ᠣᠴᠢ ᠪᠣᠢ
ᠳᠡᠷᠭᠡᠳᠡᠭᠦᠷ ᠨᠢ ᠥᠩᠭᠡᠷᠡᠬᠦ
ᠲᠡᠢᠮᠦ ᠡᠢᠮᠦ ᠬᠥᠮᠦᠨ ᠪᠦᠬᠦᠨ
ᠲᠡᠷᠡ ᠬᠥᠬᠡ ᠭᠠᠯ ᠤ᠋ᠨ ᠣᠴᠢ ᠶ᠋ᠢ
ᠲᠡᠭᠡᠲᠡᠯ᠎ᠡ ᠦᠵᠡᠵᠦ ᠴᠢᠳᠠᠬᠤ ᠪᠢᠰᠢ
ᠲᠡᠳᠡᠨᠦᠰ ᠵᠥᠪᠬᠡᠨ ᠯᠡ ᠬᠥᠭᠡᠷᠦᠬᠦᠢ
ᠲᠡᠷᠢᠭᠦᠨ ᠲᠡᠷᠭᠡᠯ ᠭᠠᠯ ᠤ᠋ᠨ
ᠦᠨᠦᠷ ᠤᠲᠤᠭ᠎ᠠ ᠶ᠋ᠢ ᠨᠢ ᠯᠡ
ᠦᠵᠡᠵᠦ ᠦᠨᠦᠷᠳᠡᠬᠦ ᠯᠡ ᠲᠡᠳᠦᠢ!
ᠲᠡᠭᠦᠯᠳᠡᠷ ᠬᠥᠮᠦᠨ ᠦ᠌ ᠲᠡᠰᠪᠦᠷᠢ ᠪᠠᠭᠲᠠᠭᠠᠮᠵᠢ
ᠲᠡᠭᠦᠨ ᠦ᠌ ᠡᠷᠬᠡ ᠡᠴᠡ ᠨᠢ ᠴᠤ᠌ ᠁
ᠬᠢᠵᠠᠭᠠᠷ ᠦᠭᠡᠢ ᠡᠷᠬᠢᠮ ᠴᠢᠬᠤᠯᠠ᠂
ᠬᠠᠷᠢᠨ ᠡᠭᠦᠨ ᠢ᠋ ᠯᠡ ᠴᠡᠭᠡᠵᠢᠯᠡ!
ᠮᠣᠩᠭᠣᠯ ᠠᠢᠯ ᠤ᠋ᠨ ᠭᠠᠳᠠᠨ᠎ᠠ
ᠮᠣᠷᠢ ᠲᠠᠢ ᠪᠠᠢᠭᠰᠠᠨ ᠴᠠᠭ ᠲᠤ
ᠮᠥᠩᠬᠡ ᠬᠥᠬᠡ ᠲᠡᠭᠷᠢ ᠳ᠋ᠦ᠍
ᠨᠠᠷᠠ ᠲᠠᠢ ᠪᠠᠢᠨ᠎ᠠ ᠭᠡᠰᠡᠨ ᠦᠭᠡ ᠠ᠋
(1999 09 19 ᠤ ᠡᠳᠦᠷ)
20010109 ᠮᠢᠨᠦ ᠮᠢᠩᠭᠠᠨᠠ ᠥᠬᠢᠨ ᠦ᠌
ᠬᠣᠷᠸ᠎ᠠ ᠳ᠋ᠤ᠌ ᠲᠥᠷᠥᠭᠰᠡᠨ ᠭᠡᠭᠡᠨ ᠡᠳᠦᠷ
ᠬᠣᠷᠯᠣ ᠲᠣᠭᠣᠨᠣ ᠲᠡᠷᠭᠡᠯ ᠰᠠᠷᠠᠨ ᠮᠡᠲᠦ ᠮᠥᠴᠡ
ᠬᠣᠨᠢᠨ ᠤ᠋ ᠪᠡᠯᠴᠢᠭᠡᠷ ᠲᠦ᠍ ᠮᠥᠬᠥᠨ ᠪᠤᠷᠬᠠᠨ ᠤ᠋
ᠮᠣᠩᠭᠣᠯ ᠭᠡᠷ ᠦ᠋ᠨ ᠪᠠᠭᠤᠴᠠ ᠰᠢᠭ᠋ ᠬᠦᠷᠢᠶ᠎ᠡ
ᠨᠠᠷᠠᠨ ᠰᠠᠴᠤᠷᠠᠭ ᠰᠢᠭ᠋ ᠭᠡᠷᠡᠯᠲᠦᠭᠰᠡᠨ ᠠᠭᠱᠠᠨ
ᠡᠵᠢ ᠨᠢ ᠬᠥᠭᠡᠷᠦᠬᠦᠢ ᠳᠧ
ᠡᠪᠡᠳᠴᠦ ᠨᠢᠷᠠᠢᠯᠠᠭᠰᠠᠨ ᠬᠣᠷᠣᠮ
ᠠᠪᠤ ᠨᠢ ᠪᠢ ᠶᠠᠭᠠᠬᠢᠬᠤᠪ ᠠ᠋
ᠨᠠᠢᠷᠠᠭ ᠠᠢᠷᠠᠭ ᠨᠡᠷᠡᠭᠰᠡᠨ ᠠᠭᠱᠠᠨ
ᠠᠬ᠎ᠠ ᠨᠢ ᠷᠣᠮᠠᠨ ᠬᠠᠷᠢᠨ
ᠨᠠᠭᠠᠳᠬᠤ ᠪᠠᠨ ᠮᠠᠷᠲᠠᠭᠰᠠᠨ ᠬᠣᠷᠣᠮ
ᠡᠳᠡᠭᠡᠷ ᠬᠣᠷᠣᠮ ᠠᠭᠱᠠᠨ ᠪᠦᠷᠢ ᠳ᠋ᠦ᠍
ᠳᠡᠭᠡᠳᠦᠰ ᠦ᠋ᠨ ᠬᠥᠬᠡ ᠭᠠᠯ ᠤ᠋ᠨ ᠰᠦᠨᠡᠰᠦ
ᠥᠭᠡᠳᠡᠰᠦᠨ ᠥᠬᠢᠨ ᠦ᠌ ᠮᠢᠨᠢ
ᠤᠯᠠᠭᠠᠨ ᠵᠢᠷᠦᠬᠡᠨ ᠳ᠋ᠦ᠍ ᠴᠠᠮᠬᠠᠭᠯᠠᠭᠰᠠᠨ ᠪᠤᠶᠤ
2024᠂ 6᠂ 11 ᠃ 02 23 ᠃ ᠦᠦᠷ᠃
ᠬᠥᠬᠡᠬᠣᠲᠠᠨ᠎ᠠ ᠭᠢᠯᠠᠰ ᠪᠦᠲᠦᠭᠡᠪᠡᠢ᠃
