ᠣᠳᠠᠴᠢ ᠪᠤᠷᠬᠠᠨ ᠤ ᠬᠡᠰᠢᠭ – ᠶᠣᠨᠳᠣᠨ ᠤ ᠪᠢᠯᠢᠭ᠌ - ᠪᠠᠭᠠᠲᠤᠷ - Удач бурхны хишиг –Ёндоны Билиг - Баатар
ᠣᠳᠠᠴᠢ ᠪᠤᠷᠬᠠᠨ ᠤ ᠬᠡᠰᠢᠭ
ᠪᠢᠯᠢᠭ ᠦ᠋ᠨ ᠲᠠᠪᠤᠨ ᠰᠠᠷ᠎ᠠ ᠶ᠋ᠢᠨ ᠲᠠᠪᠤᠨ
ᠪᠢᠯᠢᠭᠦᠨ ᠭᠡᠭᠡᠨ ᠣᠲᠠᠴᠢ ᠪᠤᠷᠬᠠᠨ ᠮᠠᠨᠳᠤᠯᠠᠪᠠᠢ
ᠡᠨᠡᠬᠦ ᠠᠤᠭ᠎ᠠ ᠥᠯᠵᠡᠢᠲᠦ ᠡᠳᠦᠷ
ᠤᠰᠤ ᠪᠣᠯᠭᠠᠨ ᠷᠠᠰᠢᠶᠠᠨ ᠤᠮᠳᠠ ᠪᠣᠯᠳᠠᠭ
ᠡᠪᠡᠰᠦ ᠪᠣᠯᠭᠠᠨ ᠡᠮ ᠣᠷᠬᠣᠳᠠᠢ ᠪᠣᠯᠳᠠᠭ
ᠤᠴᠢᠷ ᠤ᠋ᠨ ᠨᠢᠭᠤᠴᠠᠬᠠᠢ ᠤᠴᠢᠷᠲᠠᠢ ᠪᠥᠯᠥᠭᠡ
ᠠᠷᠠᠳ ᠢᠷᠭᠡᠳ ᠡᠷᠲᠡᠯᠡᠩᠭᠡᠨ ᠪᠣᠰᠴᠤ
ᠤᠰᠤ ᠭᠣᠷᠣᠬ᠎ᠠ ᠶ᠋ᠢᠨ ᠳᠡᠭᠡᠵᠢ ᠶ᠋ᠢ ᠠᠮᠰᠠᠨ
ᠠᠭᠤᠯᠠ ᠬᠠᠢᠷᠬᠠᠨ ᠤ᠋ ᠣᠷᠭᠢᠯ ᠳ᠋ᠤ᠌ ᠠᠪᠠᠷᠢᠨ
ᠠᠯᠢᠪᠠ ᠰᠠᠢᠨ ᠰᠠᠢᠬᠠᠨ ᠢ᠋ᠶ᠋ᠠᠨ ᠳᠠᠭᠠᠳᠬᠠᠨ
ᠤᠬᠠᠭᠠᠨ ᠰᠠᠷᠠᠭᠤᠯ ᠪᠡᠶ᠎ᠡ ᠡᠷᠡᠭᠦᠯ ᠢ᠋ ᠡᠷᠬᠢᠮᠯᠡᠨ
ᠤᠷᠲᠤ ᠨᠠᠰᠤᠯᠠᠨ ᠤᠳᠠᠭᠠᠨ ᠵᠢᠷᠭᠠᠮᠤᠢ ᠶᠠ
ᠡᠯ᠎ᠡ ᠪᠦᠭᠦᠳᠡ ᠠᠨᠤ ᠣᠲᠠᠴᠢ ᠪᠤᠷᠬᠠᠨ ᠤ᠋
ᠡᠩᠬᠡ ᠠᠮᠤᠭᠤᠯᠠᠩ ᠮᠥᠩᠬᠡ ᠬᠡᠰᠢᠭ ᠪᠤᠶᠤ
ᠣᠭᠲᠠᠷᠭᠤᠢ ᠳᠡᠯᠡᠬᠡᠢ ᠶ᠋ᠢᠨ ᠠᠭᠠᠷ ᠠᠮᠢᠰᠬᠤᠭ᠎ᠠ
ᠠᠳᠠᠪᠰᠢ ᠭᠠᠢᠬᠠᠮᠰᠢᠭ᠌ᠲᠠᠢ ᠠᠷᠢᠭᠤᠨ ᠲᠤᠨᠤᠮᠠᠯ
ᠠᠮᠢᠲᠠᠨ ᠵᠢᠷᠭᠤᠭᠠᠨ ᠵᠦᠢᠯ ᠦ᠋ᠨ ᠲᠠᠯᠠᠷᠬᠠᠯ ᠠᠨᠤ
ᠠᠰᠢᠳᠠ ᠪᠠᠳᠠᠷᠠᠩᠭᠤᠢ ᠭᠡᠷᠡᠯᠲᠦ ᠨᠠᠷᠠᠨ ᠮᠡᠲᠦ
ᠮᠢᠩᠭ᠎ᠠ ᠮᠢᠠᠩᠭᠠᠨ ᠭᠠᠯᠪᠠ ᠮᠥᠩᠬᠡᠷᠡᠬᠦ ᠶ᠋ᠢᠨ
ᠮᠠᠭᠠᠳ ᠦᠨᠡᠨ ᠦ᠌ ᠲᠤᠢᠯ ᠳ᠋ᠤᠷ ᠱᠤᠩᠪᠠᠮᠤᠢ
ᠮᠠᠨ ᠤ᠋ ᠮᠣᠩᠭᠣᠯ ᠤ᠋ᠨ ᠦᠷ᠎ᠡ ᠬᠣᠢᠴᠢᠰ ᠤ᠋ᠨ
ᠢᠷᠡᠭᠡᠳᠦᠢ ᠰᠣᠨᠣᠰᠬᠤᠯᠠᠩ ᠳᠠᠭᠤᠷᠢᠰᠬᠤᠯᠠᠩ
ᠣᠷᠴᠢᠯᠠᠩ ᠤ᠋ᠨ ᠴᠠᠭᠠᠨᠠᠬᠢ ᠣᠷᠴᠢᠯᠠᠩ ᠤ᠋ᠨ
ᠴᠠᠪ ᠴᠡᠩᠬᠡᠷ ᠨᠠᠷᠠᠨ ᠯᠤᠭ᠎ᠠ ᠮᠥᠴᠢᠭᠡᠷᠬᠡᠮᠦᠢ
2024᠂ 06᠂ 10᠃ 23᠄ 44 ᠦᠳᠡᠰᠢ᠃
ᠬᠥᠬᠡ ᠯᠤᠤ ᠵᠢᠯ ᠦ᠋ᠨ ᠪᠢᠯᠢᠭ ᠦ᠋ᠨ ᠤᠯᠠᠷᠢᠯ ᠤ᠋ᠨ
ᠲᠠᠪᠤᠨ ᠰᠠᠷ᠎ᠠ ᠶ᠋ᠢᠨ ᠲᠠᠪᠤᠨ ᠬᠥᠬᠡᠬᠣᠲᠠᠨ᠎ᠠ ᠪᠦᠲᠦᠭᠡᠪᠡᠢ᠃
