ᠾᠢ ᠾᠢ ᠾᠢ- ᠳ· ᠨᠠᠴᠤᠭᠳᠣᠷᠵᠢХи хи хи-Д.Нацагдорж
ᠳ· ᠨᠠᠴᠤᠭᠳᠣᠷᠵᠢ
ᠴᠡᠩᠭᠡᠯᠳᠦᠬᠦ ᠬᠦᠷᠢᠶᠡᠯᠡᠩ ᠦ᠋ᠨ ᠵᠣᠴᠢᠳ ᠤ᠋ᠨ ᠲᠠᠰᠤᠯᠭᠠᠨ ᠤ᠋ ᠬᠠᠭᠠᠯᠭ᠎ᠠ ᠶ᠋ᠢ ᠨᠡᠭᠡᠭᠡᠮᠡᠭᠴᠡ᠂ ᠭᠤᠷᠪᠠᠨ ᠵᠠᠯᠠᠭᠤ ᠪᠦᠰᠡᠭᠦᠢ ᠰᠢᠷᠡᠭᠡ ᠲᠣᠭᠣᠷᠢᠨ ᠰᠠᠭᠤᠵᠤ ᠬᠣᠭᠣᠯᠠᠯᠠᠨ᠎ᠠ᠃ ᠬᠦᠢ ᠶᠠᠭᠠᠬᠢᠳᠠᠭ ᠪᠢᠯᠡ᠂ ᠲᠠ᠂ ᠬᠠᠭᠠᠯᠭ᠎ᠠ ᠪᠤᠰᠢᠭᠤ ᠬᠠᠭᠠᠴᠢᠬᠠ ᠭᠡᠳ《ᠾᠢ ᠾᠢ ᠾᠢ》 ᠭᠡᠵᠦ ᠢᠨᠢᠶᠡᠯᠳᠦᠨ᠎ᠡ᠃ ᠨᠢᠳᠦ ᠪᠡᠨ ᠠᠨᠢᠯᠳᠤᠭᠤᠯᠤᠨ ᠢᠷᠮᠡᠯᠳᠦᠭᠦᠯᠦᠨ᠂ ᠠᠭᠠᠯᠢᠭᠦᠢᠲᠤᠬᠤ ᠪᠥᠭᠡᠳ《ᠬᠥᠮᠦᠨ ᠡᠴᠡ ᠠᠶᠤᠳᠠᠭ ᠶᠠᠭᠠᠬᠢᠭᠰᠠᠨ ᠬᠡᠦᠬᠡᠨ ᠨᠦ᠍ᠭᠦᠳ ᠪᠣᠢ》 ᠮᠥᠷᠥ ᠪᠡᠨ ᠬᠠᠪᠴᠢᠨ ᠬᠦᠵᠦᠭᠦᠦ ᠪᠡᠨ ᠭᠠᠩᠬᠤᠭᠤᠯᠤᠨ᠄《ᠠᠶᠤᠯ ᠦᠭᠡᠢ ᠶᠠᠭᠠᠬᠢᠬᠤ ᠪᠣᠢ! ᠠᠶᠤᠯ ᠦᠭᠡᠢ ᠶᠠᠭᠠᠬᠢᠬᠤ ᠪᠣᠢ!》 ᠪᠠᠰᠠ ᠯᠠ ᠳᠠᠬᠢᠨ《ᠾᠢ ᠾᠢ ᠾᠢ》 ᠭᠡᠵᠦ ᠢᠨᠢᠶᠡᠯᠳᠦᠨ᠎ᠡ᠃
ᠣᠷᠣᠵᠤ ᠰᠠᠭᠤᠭᠠᠳ᠂ ᠨᠢᠭᠡᠨᠲᠡ ᠰᠢᠷᠪᠢᠨ ᠠᠵᠢᠭᠯᠠᠪᠠᠯ᠄《ᠬᠥᠮᠦᠨ ᠬᠣᠭᠣᠯᠠ ᠢᠳᠡᠵᠦ ᠪᠠᠢᠬᠤ ᠳ᠋ᠤ᠌ ᠶᠠᠭᠠᠬᠢᠳᠠᠭ ᠬᠥᠮᠦᠨ ᠪᠣᠢ!》 ᠭᠡᠵᠦ ᠮᠥᠨ ᠳᠠᠬᠢᠨ《ᠾᠢ ᠾᠢ ᠾᠢ》 ᠭᠡᠵᠦ ᠢᠨᠢᠶᠡᠯᠳᠦᠨ᠎ᠡ᠃ ᠬᠦᠷᠡᠩ ᠳᠠᠪᠤᠤ ᠳᠡᠪᠡᠯ ᠢ᠋ ᠨᠠᠷᠢᠨ ᠳᠤᠷᠳᠤᠩ ᠪᠦᠰᠡ ᠪᠡᠷ ᠪᠦᠰᠡᠯᠡᠵᠦ᠂ ᠴᠠᠭᠠᠨ ᠣᠷᠣᠰ ᠮᠠᠯᠠᠭᠠᠢ ᠡᠮᠦᠰᠦᠭᠰᠡᠨ᠂ ᠵᠡᠭᠦᠨ ᠲᠠᠯ᠎ᠠ ᠶ᠋ᠢᠨ ᠰᠣᠶᠣᠭᠠᠨ ᠳ᠋ᠠᠭᠠᠨ ᠠᠯᠲᠠᠨ ᠰᠢᠲᠦ ᠶ᠋ᠢ ᠬᠢᠭᠰᠡᠨ᠂ ᠬᠦᠷᠢᠶᠡᠨ ᠦ᠌ ᠬᠥᠭᠡᠷᠦᠬᠦᠨ ᠦ᠌ ᠲᠣᠭᠠᠨ ᠳ᠋ᠤ᠌ ᠣᠷᠣᠭᠰᠠᠨ ᠨᠢᠭᠡ ᠬᠡᠦᠬᠡᠨ ᠬᠥᠳᠡᠯᠬᠦ ᠪᠦᠷᠢ ᠠᠭᠠᠯᠢᠭᠦᠢᠲᠦᠵᠦ᠂ ᠬᠠᠷᠠᠬᠤ ᠪᠦᠷᠢ《ᠾᠢ ᠾᠢ ᠾᠢ》 ᠭᠡᠵᠦ ᠨᠢᠳᠦ ᠪᠡᠷ ᠢ᠋ᠶ᠋ᠡᠨ ᠢᠨᠢᠶᠡᠨ᠎ᠡ᠃ ᠳᠠᠷᠠᠭ᠎ᠠ ᠪᠠᠷ《ᠴᠢ ᠢᠩᠭᠢᠭᠡᠳ ᠪᠢ ᠢᠩᠭᠢᠭᠡᠳ᠂ ᠲᠠᠪᠠᠭ ᠢ᠋ᠶ᠋ᠠᠨ ᠴᠠᠰᠢ ᠨᠢ ᠱᠠᠵᠠᠩ ᠢ᠋ᠶ᠋ᠠᠨ ᠨᠠᠰᠢ ᠨᠢ᠂ ᠡᠨᠡ ᠬᠥᠮᠦᠨ ᠨᠢ ᠲᠡᠷᠡ ᠶᠠᠭᠤᠮ᠎ᠠ ᠨᠢ》 ᠭᠡᠯᠴᠡᠨ ᠳᠡᠭᠡᠭᠦᠷ ᠳᠣᠭᠤᠤᠷ ᠢ᠋ᠶ᠋ᠠᠨ ᠨᠤᠳᠤᠷᠤᠯᠳᠤᠨ᠂ ᠠᠷᠪᠠᠨ ᠲᠠᠪᠤᠨ ᠮᠢᠨᠦ᠋ᠲ ᠦ᠋ᠨ ᠵᠠᠭᠤᠷ᠎ᠠ ᠦᠷᠭᠦᠯᠵᠢ《ᠾᠢ ᠾᠢ ᠾᠢ》᠂《ᠾᠢ ᠾᠢ ᠾᠢ》 ᠭᠡᠵᠦ ᠢᠨᠢᠶᠡᠯᠳᠦᠨ ᠪᠠᠢᠭᠠᠳ ᠪᠠᠰᠠ ᠯᠠ《ᠾᠢ ᠾᠢ ᠾᠢ》 ᠭᠡᠵᠦ ᠠᠭᠠᠯᠢᠭᠦᠢᠲᠦᠵᠦ ᠭᠣᠳᠣᠯᠵᠠᠭᠰᠠᠭᠠᠷ ᠭᠠᠷᠴᠤ ᠣᠳᠪᠠ᠃
1930 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠣᠳᠬᠠᠨᠰᠣ᠎ᠠ
