ᠲᠤᠶᠠᠭ᠎ᠠ ᠦᠵᠡᠭᠳᠡᠪᠡ- ᠳ· ᠨᠠᠴᠤᠭᠳᠣᠷᠵᠢТуяа үзэгдэв-Д.Нацагдорж
ᠳ· ᠨᠠᠴᠤᠭᠳᠣᠷᠵᠢ
ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠤ᠋ ᠲᠤᠶᠠᠭ᠎ᠠ ᠮᠥᠩᠭᠥᠨ ᠠᠶᠠᠭ᠎ᠠ ᠶ᠋ᠢᠨ ᠠᠳᠠᠯᠢ ᠭᠡᠷᠡᠯᠲᠦᠨ ᠢᠨᠢᠶᠡᠮᠰᠦᠭᠯᠡᠬᠦ ᠳ᠋ᠦ᠍᠂ ᠨᠠᠩᠭᠢᠶᠠᠳ ᠤᠭᠰᠠᠭᠠᠨ ᠤ᠋ ᠠᠷᠠᠳ ᠣᠯᠠᠨ ᠰᠢᠷᠡᠭᠡ ᠪᠤᠳᠠᠭ᠎ᠠ ᠶ᠋ᠢ ᠵᠠᠰᠠᠵᠤ ᠪᠠᠶᠠᠷ ᠶᠣᠰᠣᠯᠠᠯ ᠢ᠋ ᠬᠢᠬᠦ ᠪᠥᠭᠡᠳ ᠤᠷᠢᠳᠤ ᠶ᠋ᠢᠨ ᠳᠣᠭᠰᠢᠨ ᠨᠡᠭᠦᠳᠡᠯᠴᠢᠳ ᠦ᠋ᠨ ᠳᠣᠪᠲᠣᠯᠤᠯ ᠳᠠᠷᠤᠯᠠᠯ ᠠ᠋ᠴᠠ ᠭᠠᠷᠴᠤ ᠡᠷᠬᠡ ᠴᠢᠯᠥᠭᠡ ᠪᠡᠨ ᠣᠯᠤᠭᠰᠠᠨ ᠤ᠋ ᠳᠤᠷᠠᠳᠬᠠᠯ ᠢ᠋ ᠦᠢᠯᠡᠳᠦᠨ᠎ᠡ᠃ ᠬᠠᠷᠭᠢᠰ ᠦᠨᠳᠦᠰᠦᠲᠡᠨ ᠦ᠌ ᠦᠵᠡᠯᠲᠡᠨ ᠦᠵᠡᠭᠡᠳ ᠬᠠᠷ᠎ᠠ ᠬᠢᠲᠠᠳ ᠭᠡᠵᠦ ᠬᠠᠷᠢᠶᠠᠨ ᠵᠠᠩᠨᠠᠬᠤ ᠪᠣᠯᠪᠠᠴᠤ᠂ ᠣᠳᠣ ᠴᠠᠭ ᠤ᠋ᠨ ᠵᠠᠯᠠᠭᠤ ᠣᠶᠤᠲᠠᠨ ᠢᠨᠲ᠋ᠧᠷᠨᠠᠼᠢᠣᠨᠠᠯ ᠤ᠋ᠨ ᠦᠵᠡᠯ ᠢ᠋ ᠪᠠᠷᠢᠮᠲᠠᠯᠠᠵᠤ ᠲᠠᠯᠠᠷᠬᠠᠨ ᠦᠵᠡᠬᠦ ᠨᠢ ᠲᠣᠳᠣᠷᠬᠠᠢ ᠶᠤᠮ᠃ ᠡᠨᠡ ᠣᠷᠣᠢ ᠬᠡᠳᠦᠨ ᠤᠷᠠᠨ ᠵᠣᠬᠢᠶᠠᠯᠴᠢᠳ ᠴᠤᠭᠯᠠᠷᠠᠨ᠂ ᠤᠳᠬ᠎ᠠ ᠤᠶᠠᠩᠭ᠎ᠠ ᠶ᠋ᠢ ᠰᠢᠭᠦᠮᠵᠢᠯᠡᠨ ᠬᠡᠯᠡᠯᠴᠡᠬᠦ ᠳ᠋ᠦ᠍᠂ ᠶᠠᠪᠬᠢᠲᠠᠯᠠ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠲᠣᠬᠢᠶᠠᠯᠳᠤᠭᠰᠠᠨ ᠪᠥᠭᠡᠳ ᠲᠡᠷᠡ ᠬᠦ ᠲᠣᠯᠢ ᠰᠢᠭ᠋ ᠲᠤᠩᠭᠠᠯᠠᠭ ᠴᠠᠰᠤ ᠰᠢᠭ᠋ ᠴᠠᠭᠠᠨ ᠰᠠᠷ᠎ᠠ ᠲᠥᠪ ᠲᠥᠭᠥᠷᠢᠭ ᠢ᠋ᠶ᠋ᠡᠷ ᠮᠠᠨ ᠤ᠋ ᠬᠠᠵᠠᠭᠤ ᠳ᠋ᠤ᠌ ᠬᠡᠷᠡᠯᠳᠦᠵᠦ ᠢᠳᠡᠷ ᠵᠠᠯᠠᠭᠤ ᠵᠣᠬᠢᠶᠠᠯᠴᠢᠳ ᠤ᠋ᠨ ᠣᠶᠤᠨ ᠤᠬᠠᠭᠠᠨ ᠳ᠋ᠤ᠌ ᠭᠡᠭᠡᠨ ᠲᠤᠶᠠᠭ᠎ᠠ ᠪᠠᠨ ᠲᠤᠰᠬᠠᠨ᠎ᠠ᠃
1930 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠣᠳᠬᠠᠨᠰᠣ᠎ᠠ
