ᠮᠠᠢ ᠶ᠋ᠢᠨ ᠨᠢᠭᠡᠨ ᠢ᠋ ᠬᠥᠷᠥᠩᠭᠡᠲᠡᠨ ᠦ᠌ ᠭᠠᠵᠠᠷ ᠦᠵᠡᠵᠡᠢ- ᠳ· ᠨᠠᠴᠤᠭᠳᠣᠷᠵᠢМайн нэгнийг хөрөнгөтний газар үзжээ ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠢ ᠶ᠋ᠢᠨ ᠨᠢᠭᠡᠨ ᠢ᠋ ᠬᠥᠷᠥᠩᠭᠡᠲᠡᠨ ᠦ᠌ ᠭᠠᠵᠠᠷ ᠦᠵᠡᠵᠡᠢ- ᠳ· ᠨᠠᠴᠤᠭᠳᠣᠷᠵᠢМайн нэгнийг хөрөнгөтний газар үзжээ

ᠮᠠᠢ ᠶ᠋ᠢᠨ ᠨᠢᠭᠡᠨ ᠢ᠋ ᠬᠥᠷᠥᠩᠭᠡᠲᠡᠨ ᠦ᠌ ᠭᠠᠵᠠᠷ ᠦᠵᠡᠵᠡᠢ- ᠳ· ᠨᠠᠴᠤᠭᠳᠣᠷᠵᠢМайн нэгнийг хөрөнгөтний газар үзжээ

2024-06-11

319

                  ᠳ· ᠨᠠᠴᠤᠭᠳᠣᠷᠵᠢ 
     ᠡᠶᠡᠯᠳᠡᠭ ᠵᠥᠭᠡᠯᠡᠨ ᠬᠠᠪᠤᠷ ᠤ᠋ᠨ ᠥᠷᠯᠥᠭᠡ ᠳ᠋ᠦ᠍ ᠳᠣᠷᠣᠨ᠎ᠠ᠂ ᠤᠮᠠᠷ᠎ᠠ ᠵᠦᠭ ᠡᠴᠡ ᠲᠣᠮᠣ ᠭᠡᠭᠴᠢ ᠶ᠋ᠢᠨ ᠤᠯᠠᠭᠠᠨ ᠨᠠᠷᠠ ᠰᠠᠶᠢ ᠮᠠᠨᠳᠤᠨ ᠭᠠᠷᠤᠭᠠᠳ᠂ ᠪᠠᠷᠠᠭᠤᠨ ᠧᠦ᠋ᠷᠣᠫᠠ ᠶ᠋ᠢᠨ ᠨᠢᠭᠡᠨ ᠶᠡᠬᠡᠬᠡᠨ ᠬᠣᠲᠠ ᠶ᠋ᠢᠨ ᠴᠢᠯᠥᠭᠡᠨ ᠦ᠌ ᠡᠰᠡᠷᠭᠦ ᠬᠠᠨᠳᠤᠭᠰᠠᠨ ᠨᠢᠭᠡ ᠥᠨᠳᠥᠷ ᠪᠠᠢᠰᠢᠩ ᠤ᠋ᠨ ᠭᠤᠷᠪᠠᠳᠤᠭᠠᠷ ᠳᠠᠪᠬᠤᠷ ᠤ᠋ᠨ ᠴᠣᠩᠬᠣ ᠪᠠᠷ ᠭᠡᠭᠡᠨ ᠭᠡᠷᠡᠯ ᠲᠤᠰᠬᠤ ᠳ᠋ᠤ᠌᠂ ᠳᠣᠲᠣᠷ᠎ᠠ ᠨᠢ ᠤᠨᠲᠠᠭᠰᠠᠨ ᠸᠠᠴᠢᠷ ᠤ᠋ᠨ ᠨᠢᠳᠦ ᠭᠢᠯᠪᠠᠵᠤ᠂ ᠰᠠᠶᠢ ᠨᠣᠢᠷ ᠠ᠋ᠴᠠ ᠰᠡᠷᠢᠪᠡ᠃ ᠳᠠᠷᠤᠢ ᠪᠣᠰᠴᠤ ᠬᠡᠳᠦ ᠰᠤᠨᠢᠶᠠᠭᠠᠳ ᠭᠠᠷ ᠨᠢᠭᠤᠷ ᠢ᠋ᠶ᠋ᠠᠨ ᠤᠬᠢᠶᠠᠵᠤ ᠪᠠᠢᠲᠠᠯ᠎ᠠ᠂ ᠰᠠᠨᠠᠮᠰᠠᠷ ᠦᠭᠡᠢ ᠪᠦᠳᠦᠭᠦᠨ ᠪᠦᠷᠢᠶ᠎ᠡ ᠪᠠ ᠬᠡᠩᠭᠡᠷᠭᠡ ᠴᠠᠩ ᠤ᠋ᠨ ᠳᠠᠭᠤ ᠭᠠᠳᠠᠨ᠎ᠠ ᠰᠣᠨᠣᠰᠳᠠᠪᠠ᠃ ᠳᠠᠷᠤᠢ ᠰᠣᠨᠢᠷᠬᠠᠯ ᠲᠠᠯᠪᠢᠨ ᠴᠢᠩᠨᠠᠪᠠᠯ᠂ ᠮᠥᠨ ᠬᠦ᠌ ᠬᠥᠭᠵᠢᠮ ᠦ᠋ᠨ ᠠᠶᠠᠯᠭᠤ ᠥᠷᠯᠥᠭᠡᠨ ᠦ᠌ ᠠᠷᠢᠭᠤᠨ ᠠᠭᠠᠷ ᠲᠠᠢ ᠬᠣᠣᠰᠯᠠᠨ᠂ ᠨᠡᠭᠡᠭᠡᠭᠰᠡᠨ ᠴᠣᠩᠬᠣ ᠪᠠᠷ ᠣᠷᠣᠵᠤ ᠢᠷᠡᠬᠦ ᠨᠢ ᠸᠠᠴᠢᠷ ᠤ᠋ᠨ ᠰᠡᠳᠬᠢᠯ ᠳ᠋ᠦ᠍ ᠪᠠᠬᠠᠲᠠᠢ ᠪᠥᠭᠡᠳ ᠠᠶ᠎ᠠ ᠲᠠᠢ ᠪᠠᠢᠳᠠᠯ ᠢ᠋ ᠲᠥᠷᠥᠭᠦᠯᠦᠨ᠎ᠡ᠃ ᠤᠳᠠᠯ ᠦᠭᠡᠢ ᠬᠥᠭᠵᠢᠮ ᠦ᠋ᠨ ᠳᠠᠭᠤ ᠤᠯᠠᠮ ᠢ᠋ᠶ᠋ᠠᠷ ᠣᠢᠷᠠᠲᠤᠵᠤ ᠲᠡᠭᠦᠨ ᠦ᠌ ᠨᠠᠷᠢᠨ ᠬᠥᠭ ᠪᠤᠯᠠᠭ ᠤ᠋ᠨ ᠤᠰᠤᠨ ᠤ᠋ ᠤᠷᠤᠰᠬᠠᠯ ᠠᠳᠠᠯᠢ ᠭᠦᠢᠬᠡᠨ ᠭᠦᠢᠬᠡᠨ᠂ ᠰᠡᠮᠡᠬᠡᠷ ᠰᠡᠮᠡᠬᠡᠷ ᠡᠭᠡᠰᠢᠭᠯᠡᠬᠦ ᠳ᠋ᠦ᠍ ᠸᠠᠴᠢᠷ ᠶᠡᠬᠡᠯ᠎ᠡ ᠰᠣᠨᠢᠨ ᠢ᠋ᠶ᠋ᠠᠷ ᠮᠡᠳᠡᠷᠡᠵᠦ᠂ ᠨᠢᠭᠤᠷ ᠢ᠋ᠶ᠋ᠠᠨ ᠬᠠᠭᠠᠰ ᠠᠷᠴᠢᠨ ᠴᠣᠩᠬᠣ ᠪᠠᠷ ᠱᠠᠭᠠᠢᠪᠠᠯ᠂᠂ ᠥᠷᠭᠡᠨ ᠭᠤᠳᠤᠮᠵᠢ ᠪᠠᠷ ᠤᠷᠲᠤ ᠵᠢᠭᠰᠠᠭᠠᠯ ᠴᠤᠪᠤᠷᠠᠵᠤ᠂ ᠦᠢᠯᠡᠳᠪᠦᠷᠢᠴᠢᠨ ᠠᠷᠠᠳ ᠤ᠋ᠳ ᠤᠯᠠᠭᠠᠨ ᠲᠤᠭ ᠢ᠋ ᠨᠠᠮᠢᠯᠵᠠᠭᠤᠯᠤᠨ᠂ ᠢᠨᠲ᠋ᠧᠷᠨᠠᠼᠢᠣᠨᠠᠯ ᠤ᠋ᠨ ᠳᠠᠭᠤᠤ ᠶ᠋ᠢ ᠳᠠᠭᠤᠯᠠᠵᠤ᠂ ᠲᠩᠷᠢ ᠭᠠᠵᠠᠷ ᠢ᠋ ᠳᠣᠷᠭᠢᠲᠠᠯ᠎ᠠ ᠰᠦᠷᠲᠦ ᠵᠢᠭᠰᠠᠭᠠᠯ ᠢ᠋ ᠦᠵᠡᠭᠦᠯᠦᠨ ᠶᠠᠪᠤᠨ᠎ᠠ᠃ ᠡᠨᠡ ᠨᠢ ᠲᠠᠪᠤᠳᠤᠭᠠᠷ ᠰᠠᠷ᠎ᠠ ᠶ᠋ᠢᠨ ᠨᠢᠭᠡᠨ ᠦ᠌ ᠳᠡᠯᠡᠬᠡᠢ ᠳ᠋ᠠᠬᠢᠨ ᠤ᠋ ᠦᠢᠯᠡᠳᠪᠦᠷᠢᠴᠢᠳ ᠦ᠋ᠨ ᠶᠡᠬᠡ ᠶᠣᠰᠣᠯᠠᠯ ᠠᠵᠢ᠃ ᠬᠠᠷᠭᠢᠰ ᠴᠠᠭᠳᠠᠭ᠎ᠠ ᠵᠡᠪᠰᠡᠭᠯᠡᠵᠦ ᠲᠣᠭᠣᠷᠢᠨ ᠶᠠᠪᠤᠪᠠᠴᠤ᠂ ᠦᠢᠯᠡᠳᠪᠦᠷᠢᠴᠢᠨ ᠠᠷᠠᠳ ᠤ᠋ᠨ ᠵᠢᠭᠰᠠᠭᠠᠯ ᠥᠴᠦᠬᠡᠨ ᠴᠦ᠍ ᠴᠣᠴᠢᠬᠤ ᠦᠭᠡᠢ ᠪᠠᠰᠠ ᠵᠡᠷᠭᠡ ᠳ᠋ᠠᠪ ᠢ᠋ ᠠᠯᠳᠠᠯ ᠦᠭᠡᠢ᠂ ᠥᠨᠳᠥᠷ ᠬᠣᠭᠣᠯᠠᠢ ᠪᠠᠷ ᠬᠤᠪᠢᠰᠬᠠᠯ ᠤ᠋ᠨ ᠳᠠᠭᠤᠤ ᠶ᠋ᠢ ᠳᠠᠭᠤᠯᠠᠵᠤ᠂ ᠴᠢᠬᠡ ᠴᠢᠬᠡ ᠠᠯᠬᠤᠯᠠᠬᠤ ᠪᠥᠭᠡᠳ ᠡᠷᠡᠰ ᠴᠢᠩᠭ᠎ᠠ ᠵᠣᠷᠢᠭ ᠢ᠋ ᠭᠠᠢᠬᠠᠭᠤᠯᠤᠨ᠎ᠠ᠃ ᠡᠭᠦᠨ ᠳ᠋ᠦ᠍ ᠬᠤᠪᠢᠰᠬᠠᠯᠲᠤ ᠭᠠᠵᠠᠷ ᠠ᠋ᠴᠠ ᠢᠷᠡᠭᠰᠡᠨ ᠸᠠᠴᠢᠷ ᠤ᠋ᠨ ᠰᠡᠳᠬᠢᠯ ᠬᠥᠳᠡᠯᠵᠦ᠂ ᠵᠢᠭᠰᠠᠭᠠᠯ ᠢ᠋ ᠰᠢᠪᠲᠤᠷᠠᠲᠠᠯ᠎ᠠ ᠰᠣᠨᠢᠷᠬᠠᠨ ᠱᠠᠭᠠᠢᠭᠰᠠᠭᠠᠷ ᠬᠣᠴᠣᠷᠪᠠ᠃

   ᠦᠰᠦᠭ ᠠᠮᠢᠯᠠᠭᠤᠯᠤᠭᠴᠢ᠄ ᠪᠠᠶᠠᠨᠴᠡᠴᠡᠭ
   ᠬᠢᠨᠠᠭᠴᠢ᠄ ᠣᠳᠬᠠᠨᠰᠣ᠎ᠠ