ᠡᠯᠪᠡᠭ ᠡᠪᠡᠰᠦЭлбэг өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠪᠡᠭ ᠡᠪᠡᠰᠦЭлбэг өвс

ᠡᠯᠪᠡᠭ ᠡᠪᠡᠰᠦЭлбэг өвс

2024-06-11

362

ᠡᠯᠪᠡᠭ ᠡᠪᠡᠰᠦ 

           ᠦᠶᠡᠲᠦ ᠤᠷᠭᠤᠮᠠᠯ ᠦ᠋ᠨ ᠢᠵᠠᠭᠤᠷ 
      ᠣᠯᠠᠨ ᠨᠠᠰᠤᠲᠤ ᠡᠪᠡᠰᠦᠯᠢᠭ ᠤᠷᠭᠤᠮᠠᠯ᠂ ᠬᠥᠨᠳᠡᠯᠡᠨ ᠤᠷᠭᠤᠬᠤ ᠦᠨᠳᠦᠰᠦᠯᠢᠭ ᠡᠰᠢ ᠲᠡᠢ᠃ ᠰᠦᠷᠡᠯ ᠨᠢ90—150cm ᠦᠨᠳᠦᠷ ᠰᠢᠯᠤᠭᠤᠨ ᠤᠷᠭᠤᠨ᠎ᠠ᠂ ᠶᠡᠷᠦ ᠳ᠋ᠡᠭᠡᠨ ᠰᠠᠯᠠᠭᠠᠯᠠᠨ᠎ᠠ᠃ ᠨᠠᠪᠴᠢᠨ ‍ᠤ ᠳᠤᠭᠲᠤᠢ ᠨᠢ ᠦᠰᠦ ᠦᠭᠡᠢ᠂ ᠶᠡᠷᠦ ᠳ᠋ᠡᠭᠡᠨ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠣᠬᠣᠷ; ᠨᠠᠪᠴᠢᠨ ‍ᠤ  ᠬᠡᠯᠡ ᠤᠷᠲᠤᠯᠵᠢᠨ ᠲᠣᠭᠣᠷᠢᠭ᠂6—10mm ᠤᠷᠲᠤ; ᠨᠠᠪᠴᠢ ᠨᠢ ᠲᠡᠭᠰᠢᠬᠡᠨ ᠬᠠᠪᠲᠠᠭᠠᠢ᠂ ᠪᠦᠰᠡ ᠬᠡᠯᠪᠡᠷᠢ ᠲᠡᠢ᠂ ᠪᠠᠬᠠᠨ ᠰᠢᠷᠦᠭᠦᠨ᠂ ᠳᠠᠰᠢᠭᠤᠯᠵᠦ ᠳᠡᠭᠡᠭᠰᠢ ᠪᠤᠶᠤ ᠰᠡᠷᠪᠡᠶ᠋ᠢᠵᠦ ᠤᠷᠭᠤᠬᠤ ᠪᠥᠭᠡᠳ ᠣᠯᠠᠨ ᠵᠢᠵᠢᠭ ᠰᠠᠯᠠᠭ᠎ᠠ ᠪᠣᠯᠤᠨ ᠵᠢᠵᠢᠭ ᠲᠦᠷᠦᠭᠦᠦ ᠲᠡᠢ; ᠵᠢᠵᠢᠭ ᠲᠦᠷᠦᠭᠦᠦ ᠨᠢ ᠰᠢᠷᠠᠪᠲᠤᠷ ᠨᠣᠭᠤᠭᠠᠨ ᠪᠤᠶᠤ ᠪᠣᠷᠣᠪᠲᠤᠷ᠂3.5—5mm ᠤᠷᠲᠤ; ᠬᠠᠯᠢᠰᠤ ᠨᠢ ᠬᠠᠪᠲᠠᠭᠠᠢ ᠲᠡᠪᠡᠨᠡ  ᠬᠡᠯᠪᠡᠷᠢ ᠲᠡᠢ᠂ ᠱᠣᠪᠣᠭᠣᠷ ᠦᠵᠦᠭᠦᠷ ᠲᠡᠢ᠂ ᠲᠣᠷᠭᠠᠨ ᠬᠠᠯᠢᠰᠤᠯᠢᠭ ᠬᠥᠪᠡᠭᠡ ᠲᠡᠢ᠂ ᠪᠠᠬᠠᠨ ᠰᠢᠷᠦᠭᠦᠨ ᠪᠤᠶᠤ ᠭᠣᠣᠯ ᠰᠤᠳᠠᠯ ᠳ᠋ᠤ ᠨᠢ ᠦᠰᠦ ᠲᠡᠢ; ᠭᠠᠳᠠᠷ ᠬᠡᠪᠡᠭ ᠨᠢ ᠲᠣᠷᠭᠠᠨ ᠬᠠᠯᠢᠰᠤᠯᠢᠭ᠂3mm ᠤᠷᠲᠤ᠂ ᠣᠷᠣᠢ ᠶ᠋ᠢᠨ ᠬᠣᠶᠠᠷ ᠵᠢᠵᠢᠭ ᠢᠯᠳᠡᠰᠦ ᠨᠢ0.5—0.7mm ᠤᠷᠲᠤ᠂ ᠰᠤᠷ ᠨᠢ ᠨᠠᠷᠢᠨ ᠮᠥᠷᠳᠡᠭᠡᠨ ᠰᠢᠯᠤᠭᠤᠨ᠂2—2.5mm ᠤᠷᠲᠤ᠂ ᠭᠠᠳᠠᠷ ᠬᠡᠪᠡᠭ ᠦ᠋ᠨ ᠠᠷᠤ ᠶ᠋ᠢᠨ ᠳᠤᠮᠳᠠ ᠬᠡᠰᠡᠭ  ᠡᠴᠡ ᠤᠷᠭᠤᠨ᠎ᠠ᠃ ᠰᠠᠭᠤᠷᠢ ᠲᠠᠪᠠᠭ ᠦ᠋ᠨ ᠰᠢᠷᠬᠡᠭ ᠮᠡᠲᠦ ᠦᠰᠦ ᠨᠢ ᠭᠠᠳᠠᠷ ᠬᠡᠪᠡᠭ ᠲᠡᠢ ᠪᠡᠨ ᠪᠠᠷᠤᠭ ᠢᠵᠢᠯ; ᠲᠣᠲᠣᠷ ᠬᠡᠪᠡᠭ ᠨᠢ ᠭᠠᠳᠠᠷ ᠬᠡᠪᠡᠭ ᠦ᠋ᠨ—1/2—2/3 ᠴᠢᠨᠡᠭᠡ ᠤᠷᠲᠤ; ᠲᠣᠭᠣᠰᠤᠪᠴᠢ ᠨᠢ2mm ᠬᠢᠷᠢ ᠤᠷᠲᠤ; ᠵᠢᠵᠢᠭ ᠲᠦᠷᠦᠭᠦᠦ ᠶ᠋ᠢᠨ ᠰᠤᠨᠵᠤ ᠤᠷᠲᠤᠳᠤᠭᠰᠠᠨ ᠲᠡᠩᠬᠡᠯᠢᠭ ᠨᠢ0.5mm ᠤᠷᠲᠤ ᠪᠠ ᠳᠡᠭᠡᠷ᠎ᠡ ᠨᠢ2.5mm ᠤᠷᠲᠤ ᠦᠰᠦ ᠤᠷᠭᠤᠭᠰᠠᠨ ᠶᠤᠮ᠃
      ᠠᠭᠤᠯᠠ ᠶ᠋ᠢᠨ ᠵᠠᠪᠠ ᠴᠢᠬᠡᠭ ᠲᠡᠢ ᠭᠠᠵᠠᠷ ᠤᠷᠭᠤᠨ᠎ᠠ᠃
      ᠮᠠᠨ ‍ᠤ ᠤᠯᠤᠰ ᠦ᠋ᠨ ᠥᠪᠥᠷ ᠮᠣᠩᠭᠣᠯ᠂ ᠾᠧᠪᠧᠢ᠂ ᠱᠠᠨ ᠱᠢ᠂ ᠱᠠᠨᠰᠢ ᠬᠢᠭᠡᠳ ᠵᠡᠭᠦᠨ ᠬᠣᠶ᠋ᠢᠲᠤ ᠣᠷᠣᠨ ᠳ᠋ᠤ ᠤᠷᠭᠤᠳᠠᠭ᠃
      ᠲᠦᠷᠦᠭᠦᠳᠦᠬᠦ ᠡᠴᠡ ᠡᠮᠦᠨ᠎ᠡ ᠬᠠᠳᠤᠵᠤ ᠠᠪᠴᠤ ᠪᠣᠷᠳᠣᠭ᠎ᠠ ᠪᠣᠯᠭᠠᠪᠠᠯ ᠴᠢᠨᠠᠷ ᠰᠠᠶ᠋ᠢᠨ ᠪᠥᠭᠡᠳ ᠵᠥᠭᠡᠯᠡᠨ ᠠᠯᠢᠰᠤ ᠪᠣᠯᠵᠤ ᠪᠣᠯᠤᠨ᠎ᠠ᠃ ᠦᠭᠡᠢ ᠪᠣᠯ ᠬᠠᠲᠠᠭᠤᠷᠠᠭᠠᠳ ᠴᠢᠨᠠᠷ ᠨᠢ ᠪᠠᠭᠤᠷᠠᠨ᠎ᠠ᠃

      ᠬᠢᠲᠠᠳ ᠨᠡᠷ᠎ᠡ᠄大叶章
      ᠠᠩᠭ᠌ᠯᠢ ᠨᠡᠷ᠎ᠡ᠄Deyeuxia  Langsdorffii(Link)  Kunth

          ᠦᠰᠦᠭ ᠠᠮᠢᠯᠠᠭᠤᠯᠤᠭᠴᠢ᠄  ᠲᠤᠶᠠᠭ᠎ᠠ