ᠬᠠᠨᠢ ᠨᠡᠷ᠎ᠡ ᠲᠠᠢ ᠮᠢᠨᠦ ᠭᠥᠯᠥᠭᠡ ᠣᠮᠪᠣᠯ – ᠶᠣᠨᠳᠣᠨ ᠤ ᠪᠢᠯᠢᠭ᠌ - ᠪᠠᠭᠠᠲᠤᠷ - Хань нэртэй миний гөлөг омбол –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨᠢ ᠨᠡᠷ᠎ᠡ ᠲᠠᠢ ᠮᠢᠨᠦ ᠭᠥᠯᠥᠭᠡ ᠣᠮᠪᠣᠯ – ᠶᠣᠨᠳᠣᠨ ᠤ ᠪᠢᠯᠢᠭ᠌ - ᠪᠠᠭᠠᠲᠤᠷ - Хань нэртэй миний гөлөг омбол –Ёндоны Билиг - Баатар

ᠬᠠᠨᠢ ᠨᠡᠷ᠎ᠡ ᠲᠠᠢ ᠮᠢᠨᠦ ᠭᠥᠯᠥᠭᠡ ᠣᠮᠪᠣᠯ – ᠶᠣᠨᠳᠣᠨ ᠤ ᠪᠢᠯᠢᠭ᠌ - ᠪᠠᠭᠠᠲᠤᠷ - Хань нэртэй миний гөлөг омбол –Ёндоны Билиг - Баатар

2024-06-10

261

ᠬᠠᠨᠢ ᠨᠡᠷ᠎ᠡ ᠲᠠᠢ ᠮᠢᠨᠦ ᠭᠥᠯᠥᠭᠡ ᠣᠮᠪᠣᠯ


         (ᠪᠡᠴᠢᠯ ᠪᠢᠴᠢᠯᠭᠡᠲᠦ ᠰᠢᠯᠦᠭ)

 ᠮᠣᠩᠭᠣᠯ ᠬᠥᠮᠦᠨ ᠦ᠌ ᠬᠠᠮᠤᠭ ᠢᠲᠡᠭᠡᠯᠲᠡᠢ ᠬᠠᠨᠢ 
 ᠮᠢᠨᠦ ᠰᠢᠷ᠎ᠠ ᠭᠥᠯᠥᠭᠡ ᠣᠮᠪᠣᠯ ᠤᠬᠠᠭᠠᠨᠲᠠᠢ 
 ᠮᠢᠨᠦ ᠠᠴᠢ ᠶ᠋ᠢᠨ ᠲᠡᠭᠦᠨ ᠳ᠋ᠦ᠍ ᠥᠭᠭᠦᠭᠰᠡᠨ 
 ᠮᠠᠩᠨᠤᠭ ᠰᠠᠢᠬᠠᠨ ᠨᠡᠷ᠎ᠡ ᠨᠢ ᠬᠠᠨᠢ ᠭᠡᠳᠡᠭ 
 ᠮᠣᠷᠢ ᠨᠣᠬᠠᠢ ᠬᠣᠶᠠᠷ ᠮᠣᠩᠭᠣᠯ ᠤ᠋ᠨ ᠨᠥᠬᠥᠷ 
 ᠮᠥᠩᠬᠡᠳᠡ ᠤᠷᠪᠠᠳᠠᠭ ᠦᠭᠡᠢ ᠲᠠᠩᠭᠠᠷᠢᠭ ᠲᠠᠢ 
 ᠲᠡᠭᠷᠢᠯᠢᠭ ᠢᠵᠠᠭᠤᠷᠲᠠᠳ ᠨᠣᠬᠠᠢ ᠳ᠋ᠤ᠌ ᠡᠭᠡᠯᠢ 
 ᠲᠦᠮᠡᠨ ᠬᠦᠯᠦᠭ ᠢ᠋ᠶ᠋ᠡᠨ ᠮᠠᠰᠢᠳᠠ ᠬᠠᠢᠷᠠᠯᠠᠳᠠᠭ 
 ᠵᠠᠯᠠᠭᠤ ᠡᠷ᠎ᠡ ᠪᠢ ᠮᠣᠷᠢ ᠨᠣᠬᠠᠢ ᠳ᠋ᠤ᠌ ᠳᠤᠷᠠᠲᠠᠢ 
 ᠵᠠᠪ ᠯᠠ ᠭᠠᠷᠪᠠᠯ ᠲᠡᠳᠡᠨᠦᠰ ᠢ᠋ ᠮᠠᠭᠲᠠᠳᠠᠭ᠃ 
 ᠮᠣᠷᠢᠳ ᠨᠣᠬᠠᠳ ᠢ ᠱᠠᠯ ᠮᠠᠭᠲᠠᠬᠤᠢ ᠠᠨᠤ
 ᠮᠥᠩᠬᠡ ᠲᠡᠭᠷᠢ ᠶ᠋ᠢᠨ ᠵᠠᠬᠢᠶ᠎ᠠ ᠮᠥᠨ᠃  

                 2024᠂ 4᠂ 13᠃ ᠥᠷᠯᠥᠭᠡ᠃  

                  ᠬᠥᠬᠡᠬᠣᠲᠠᠨ᠎ᠠ ᠪᠦᠲᠦᠭᠡᠪᠡᠢ᠃