《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠬᠣᠶᠠᠳᠤᠭᠠᠷ ᠪᠦᠯᠦᠭ> "Хөх судар" он нөхвөр дэвтэр - Инжинаш <Тавин хоёрдугаар бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠬᠣᠶᠠᠳᠤᠭᠠᠷ ᠪᠦᠯᠦᠭ> "Хөх судар" он нөхвөр дэвтэр - Инжинаш <Тавин хоёрдугаар бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠬᠣᠶᠠᠳᠤᠭᠠᠷ ᠪᠦᠯᠦᠭ> "Хөх судар" он нөхвөр дэвтэр - Инжинаш <Тавин хоёрдугаар бүлэг>

ᠠᠩᠭᠢᠯᠠᠯ:ᠲᠡᠦᠬᠡ ᠰᠣᠶᠣᠯ
2024-06-10

277

《ᠬᠥᠬᠡ ᠰᠤᠳᠤᠷ》 ᠤᠨ ᠨᠥᠬᠥᠪᠦᠷᠢ ᠲᠡᠪᠲᠡᠷ - ᠲᠠᠪᠢᠨ ᠬᠣᠶᠠᠳᠤᠭᠠᠷ ᠪᠦᠯᠦᠭ


       ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ ᠤᠯᠠᠭᠠᠨ ᠪᠠᠷᠰ ᠵᠢᠯ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠵᠢᠷᠭᠤᠳᠤᠭᠠᠷ ᠣᠨ᠂ ᠡᠮᠦᠨᠡᠲᠦ ᠰᠥᠩ ᠤᠯᠤᠰ  ᠤ᠋ᠨ ᠨᠢᠩᠽᠥ᠋ᠩ ᠬᠠᠭᠠᠨ ᠤ᠋ ᠺᠠᠢ ᠰᠢ ᠬᠡᠮᠡᠬᠦ ᠶ᠋ᠢᠨ ᠬᠣᠶᠠᠳᠤᠭᠠᠷ ᠣᠨ᠃    
 
                  ᠲᠠᠪᠢᠨ ᠬᠣᠶᠠᠳᠤᠭᠠᠷ ᠪᠦᠯᠦᠭ

       ᠡᠷᠳᠡᠨᠢ ᠮᠣᠷᠢᠨ ᠤ᠋ ᠡᠭᠡᠯᠢ ᠪᠡᠷ ᠡᠷᠡᠮᠡᠬᠡᠢ ᠴᠢᠦᠢ ᠴᠦ ᠯᠢᠦᠢ ᠡᠯᠳᠡᠪ ᠦᠬᠦᠯ ᠡᠴᠡ ᠡᠳᠡᠭᠡᠷᠡᠪᠡᠢ 
       ᠡᠷᠳᠡᠰᠨ ᠰᠡᠷᠡᠮᠵᠢᠯᠡᠭᠰᠡᠨ ᠡᠷᠳᠡᠮ ᠢ᠋ᠶ᠋ᠡᠷ ᠡᠪᠳᠡᠷᠬᠡᠢ ᠲᠣᠳᠣ ᠡᠨᠡᠬᠡᠨ ᠬᠣᠭᠣᠷᠣᠨᠳᠣ ᠠᠮᠢᠳᠤᠷᠠᠪᠠᠢ 
            ᠡᠷᠲᠡᠨ ᠦ᠌ ᠰᠦᠨ ᠡᠦ ᠽᠢ ᠡᠬᠡᠨᠡᠷ ᠴᠡᠷᠢᠭ ᠰᠤᠷᠭᠠᠭᠰᠠᠨ ᠠ᠋ᠴᠠ ᠡᠭᠦᠰᠬᠡᠨ ᠡᠬᠢᠯᠡᠵᠦ 
            ᠡᠳᠦᠭᠡ ᠳ᠋ᠦ᠍ᠷ ᠬᠦᠷᠲᠡᠯ᠎ᠡ ᠡᠯᠳᠡᠪ ᠵᠦᠢᠯ ᠦ᠋ᠨ ᠡᠢᠮᠦ ᠲᠡᠢᠮᠦ ᠥᠬᠢᠳ ᠬᠠᠲᠤᠭᠲᠠᠢ ᠭᠠᠷᠴᠤᠬᠤᠢ᠃ 
            ᠡᠯᠡᠰᠦ ᠮᠠᠩᠬᠠᠨ᠎ᠠ ᠮᠣᠷᠢ ᠳᠣᠪᠲᠣᠯᠬᠤ ᠡᠮ᠎ᠡ ᠬᠥᠮᠦᠨ ᠡᠩ ᠦ᠋ᠨ ᠬᠡᠷᠡᠭ ᠶᠠᠪᠤᠳᠠᠯ ᠪᠥᠭᠡᠳ 
            ᠡᠷᠳᠡᠮ ᠴᠢᠳᠠᠯᠲᠠᠨ ᠠᠨᠤ ᠢᠯᠡᠷᠡᠨ ᠭᠠᠷᠪᠠᠰᠤ ᠂ ᠡᠢᠨ ᠬᠦ᠌ ᠪᠠᠢᠯᠳᠤᠬᠤ ᠪᠠᠢᠵᠤ ᠪᠣᠯᠬᠤ ᠦᠢᠯᠡ᠃  

       ᠲᠡᠨᠳᠡᠴᠡ ᠠᠯᠲᠠᠨᠱᠠᠭ᠎ᠠ ᠶ᠋ᠢᠨ ᠶᠡᠬᠡ ᠴᠡᠷᠢᠭ ᠮᠥᠨ ᠨᠡᠬᠡᠨ ᠬᠦᠷᠴᠦ ᠢᠷᠡᠭᠡᠳ ᠡᠴᠢᠭᠡ ᠬᠠᠭᠠᠨ ᠢ᠋ᠶ᠋ᠠᠨ ᠬᠠᠳᠬᠤᠵᠤ ᠠᠯᠠᠭᠰᠠᠨ ᠲᠤᠰ ᠥᠰᠢᠶᠡᠲᠦ ᠦᠶᠡᠯᠢᠳ ᠠᠬ᠎ᠠ ᠴᠢᠦᠢ ᠴᠦ ᠯᠢᠦᠢ ᠬᠦᠨᠳᠦ ᠰᠢᠷᠬ᠎ᠠ ᠣᠯᠵᠤ᠂ ᠡᠨᠡ ᠤᠯᠠᠪᠤᠷᠲᠤ ᠵᠡᠪᠡ ᠳ᠋ᠦ᠍ᠷ ᠰᠢᠷᠭᠤᠪᠠ ᠭᠡᠮᠡᠨ ᠰᠣᠨᠣᠰᠴᠤ᠂ ᠡᠴᠢᠭᠡ ᠶᠦ᠍ᠭᠡᠨ ᠦᠬᠦᠭᠰᠡᠨ ᠭᠠᠰᠢᠭᠤᠨ ᠢ᠋ ᠰᠠᠨᠠᠭᠠᠯᠵᠠᠵᠤ᠂ ᠨᠢᠳᠦᠨ ᠦ᠌ ᠵᠣᠪᠬᠢ ᠠ᠋ᠴᠠ ᠭᠠᠯ ᠪᠠᠳᠠᠷᠠᠲᠠᠯ᠎ᠠ ᠬᠢᠯᠢᠩᠨᠡᠨ ᠰᠠᠨᠳᠤᠷᠴᠤ᠂ ᠥᠨᠳᠥᠷ ᠳᠠᠭᠤᠨ ᠢ᠋ᠶ᠋ᠠᠷ ᠳᠠᠭᠤ ᠲᠠᠯᠪᠢᠨ ᠤᠬᠢᠯᠠᠵᠤ 《ᠬᠡᠨ ᠬᠥᠮᠦᠨ ᠴᠢᠦᠢ ᠴᠦ ᠯᠢᠦᠢ ᠶ᠋ᠢ ᠣᠯᠵᠤ ᠪᠠᠷᠢᠪᠠᠰᠤ ᠮᠣᠷᠢᠨ ᠤ᠋ ᠳᠡᠭᠡᠷ᠎ᠡ ᠶᠠᠯᠢᠩ ᠮᠥᠩᠭᠥ ᠬᠣᠷᠢᠨ ᠥᠯᠥᠭᠡᠢ ᠮᠢᠩᠭᠠᠨ ᠯᠠᠩ ᠱᠠᠩᠨᠠᠵᠤ᠂ ᠦᠶ᠎ᠡ ᠤᠯᠠᠷᠢᠨ ᠮᠢᠩᠭᠠᠨ ᠡᠷᠦᠬᠡ ᠶ᠋ᠢᠨ ᠾᠧᠦ ᠨᠣᠶᠠᠨ ᠪᠣᠯᠭᠠᠨ ᠡᠷᠭᠦᠵᠦ᠂ ᠬᠠᠭᠠᠨ ᠡᠵᠡᠨ ᠡᠴᠡ ᠰᠢᠷ᠎ᠠ ᠲᠣᠷᠭᠠᠨ ᠱᠣᠰᠢᠭ᠎ᠠ ᠲᠠᠮᠠᠭᠠᠲᠤ ᠵᠠᠷᠯᠢᠭ ᠪᠢᠴᠢᠭ ᠭᠤᠶᠤᠨ ᠠᠪᠴᠤ ᠦᠭᠭᠦᠮᠦᠢ ! 》 ᠭᠡᠮᠡᠨ ᠪᠠᠷᠬᠢᠷᠠᠨ ᠵᠠᠷᠯᠠᠭᠤᠯᠤᠭᠰᠠᠨ ᠳ᠋ᠤᠷ ᠴᠢᠦᠢ ᠴᠦ ᠯᠢᠦᠢ ᠨᠢᠭᠲᠠ ᠪᠦᠷᠬᠦᠨ ᠵᠠᠭᠤᠷᠠᠯᠳᠤᠭᠰᠠᠨ ᠰᠥᠭᠡᠭᠲᠦ ᠬᠠᠪᠴᠢᠯ ᠵᠡᠪᠡ ᠶ᠋ᠢᠨ ᠳᠣᠲᠣᠷ᠎ᠠ ᠤᠰᠤᠨ ᠰᠤᠪᠠᠭ ᠤ᠋ᠨ ᠳᠣᠲᠣᠷ᠎ᠠ ᠠ᠋ᠴᠠ ᠳᠤᠳᠤᠷᠬᠠᠶ᠎ᠠ ᠣᠯᠵᠤ ᠰᠣᠨᠣᠰᠤᠭᠠᠳ᠂ ᠶᠡᠬᠡᠯ᠎ᠡ ᠠᠶᠤᠨ ᠳᠠᠭᠵᠢᠵᠤ᠂ ᠰᠢᠷᠬ᠎ᠠ ᠪᠠᠰᠠ ᠡᠪᠡᠷᠰᠢᠶᠡᠵᠦ᠂ ᠬᠡᠳᠦ ᠬᠡᠳᠦᠨ ᠵᠡᠷᠭᠡ ᠳᠣᠲᠣᠷ ᠬᠠᠷᠠᠯᠠᠲᠠᠯ᠎ᠠ ᠳᠠᠷᠤᠢ ᠲᠠᠢᠶᠠᠩ ᠬᠠᠭᠠᠨ ᠤ᠋ ᠪᠡᠶ᠎ᠡ ᠴᠢᠰᠤ ᠴᠤᠪᠤᠷᠢᠭᠤᠯᠤᠨ ᠦᠵᠡᠭᠳᠡᠵᠦ᠂ ᠴᠢᠦᠢ ᠴᠦ ᠯᠢᠦᠢ ᠬᠡᠳᠦ ᠬᠡᠳᠦᠨ ᠵᠡᠷᠭᠡ ᠬᠣᠭᠣᠰᠣᠨ ᠭᠠᠵᠠᠷ᠎ᠠ ᠡᠷᠳᠡᠨᠢ ᠶ᠋ᠢᠨ ᠢᠯᠳᠦ ᠪᠡᠷ ᠴᠡᠪᠴᠢᠯᠬᠢᠯᠡᠨ ᠪᠠᠰᠠ ᠬᠡᠳᠦ ᠬᠡᠳᠦᠨ ᠵᠡᠷᠭᠡ ᠳᠣᠲᠣᠷ ᠪᠤᠳᠤᠩᠭᠤᠢᠷᠠᠨ ᠬᠦᠵᠦᠭᠦᠦ ᠪᠡᠨ ᠣᠭᠲᠣᠯᠵᠤ ᠦᠬᠦᠰᠦᠭᠡᠢ ᠭᠡᠮᠡᠨ ᠰᠠᠶᠢ ᠢᠯᠳᠦ ᠪᠡᠨ ᠰᠤᠭᠤᠯᠲᠠᠯ᠎ᠠ ᠬᠦᠯᠦᠭ ᠮᠣᠷᠢ ᠠᠨᠤ ᠰᠡᠭᠦᠯ ᠢ᠋ᠶ᠋ᠡᠨ ᠰᠠᠪᠠᠨ ᠵᠠᠭᠤᠷᠠᠯᠳᠤᠭᠤᠯᠬᠤᠶ᠎ᠠ ᠦᠨᠡᠬᠡᠷ ᠪᠠᠴᠢᠮ ᠴᠢᠬᠤᠯ ᠤ᠋ᠨ ᠲᠤᠢᠯ ᠳ᠋ᠤᠷ ᠬᠦᠷᠴᠦ᠂ ᠠᠮᠢᠨ ᠪᠣᠰᠨᠢᠬᠤ ᠠᠨᠤ ᠬᠢᠯᠭᠠᠰᠤᠨ ᠳᠥᠷᠦᠭᠡᠨ ᠳ᠋ᠦ᠍ᠷ ᠪᠥᠬᠥᠶ᠎ᠡ᠂ ᠠᠭᠤᠯᠠᠨ ᠤ᠋ ᠳᠡᠭᠡᠷ᠎ᠡ ᠠᠯᠲᠠᠨᠱᠠᠭ᠎ᠠ ᠪᠠᠰᠠ ᠶᠠᠭᠠᠷᠠᠨ ᠰᠠᠨᠳᠤᠷᠴᠤ ᠪᠠᠴᠢᠮᠳᠠᠵᠤ᠂ ᠡᠨᠡ ᠠᠭᠤᠯᠠᠨ ᠵᠡᠪᠡ ᠶ᠋ᠢ ᠴᠢᠳᠠᠬᠤᠯ᠎ᠠ ᠨᠢᠭᠡᠨ ᠠᠮᠠᠨ ᠢ᠋ᠶ᠋ᠠᠷ ᠪᠦᠬᠦᠯᠢ ᠪᠡᠷ ᠡᠮᠬᠦᠵᠦ ᠵᠠᠵᠢᠯᠰᠤᠭᠠᠢ ᠭᠡᠮᠡᠨ ᠶᠠᠭᠠᠷᠠᠬᠤᠢ ᠳ᠋ᠤᠷ ᠨᠠᠷᠠᠨ ᠪᠠᠰᠠ ᠬᠡᠳᠦᠢᠨ ᠰᠢᠩᠭᠡᠵᠦ ᠤᠯᠠᠮ ᠪᠦᠷᠦᠢ ᠪᠠᠷᠤᠢ ᠪᠣᠯᠤᠨ ᠡᠴᠢᠬᠦᠶ᠎ᠡ ᠠᠭᠤᠯᠠᠨ ᠤ᠋ ᠳᠡᠭᠡᠷᠡᠬᠢ ᠴᠡᠷᠢᠭ ᠦ᠋ᠳ ᠢ᠋ ᠬᠡᠩᠭᠡᠷᠭᠡ ᠴᠠᠩ ᠢ᠋ᠶ᠋ᠠᠨ ᠳᠡᠯᠪᠡᠷᠡᠲᠡᠯ᠎ᠡ ᠴᠣᠬᠢᠭᠤᠯᠤᠨ᠂ ᠣᠯᠠᠨ ᠴᠡᠷᠢᠭ ᠦ᠋ᠳ ᠢ᠋ ᠭᠠᠷ ᠵᠠᠯᠭᠠᠭᠤᠯᠤᠨ ᠵᠢᠭᠰᠠᠭᠠᠵᠤ᠂ ᠮᠥᠷ ᠳᠠᠷᠠᠭᠠᠯᠠᠨ ᠳᠠᠷᠤᠨ ᠭᠢᠰᠬᠢᠯᠡᠭᠦᠯᠦᠨ᠂ ᠵᠡᠪᠡ ᠤᠷᠤᠭᠤ ᠶᠠᠪᠠᠭᠠᠯᠠᠨ ᠲᠡᠮᠲᠡᠷᠢᠭᠦᠯᠦᠨ ᠣᠷᠣᠭᠤᠯᠵᠤ᠂《ᠭᠣᠣᠯ ᠤ᠋ᠨ ᠡᠬᠢ ᠵᠡᠪᠡ ᠶ᠋ᠢᠨ ᠠᠮᠠᠨ ᠢ᠋ ᠳᠠᠪᠬᠤᠷ ᠮᠥᠷ ᠢ᠋ᠶ᠋ᠡᠷ ᠰᠠᠬᠢᠨ ᠬᠠᠭᠠᠨᠳᠤᠨ ! 》ᠭᠡᠮᠡᠨ ᠵᠠᠷᠯᠠᠭᠤᠯᠪᠠ᠃ ᠡᠭᠦᠨ ᠳ᠋ᠦ᠍ᠷ ᠴᠢᠦᠢ ᠴᠦ ᠯᠢᠦᠢ ᠤᠰᠤᠨ ᠴᠢᠳᠬᠤᠯᠠᠬᠤ ᠨᠠᠷᠢᠨ ᠬᠠᠪᠴᠢᠭᠠᠢ ᠬᠠᠳᠠ ᠶ᠋ᠢᠨ ᠵᠠᠪᠰᠠᠷ᠎ᠠ ᠰᠢᠷᠭᠤᠨ ᠣᠷᠣᠭᠠᠳ᠂ ᠮᠣᠷᠢ ᠪᠠᠨ ᠨᠢᠭᠤᠵᠤ ᠪᠣᠯᠬᠤ ᠪᠣᠯᠪᠠᠤ ᠭᠡᠮᠡᠨ ᠳᠣᠲᠣᠭᠰᠢ ᠬᠥᠲᠥᠯᠪᠡᠰᠦ ᠮᠣᠷᠢ ᠮᠥᠨ ᠤᠬᠠᠭᠠᠨᠲᠤ ᠠᠳᠤᠭᠤᠰᠤᠨ ᠲᠤᠯᠠ ᠡᠵᠡᠨ ᠢ᠋ᠶ᠋ᠡᠨ ᠳᠠᠭᠠᠵᠤ ᠲᠡᠷᠡ ᠬᠠᠳᠠ ᠶ᠋ᠢᠨ ᠵᠡᠪᠰᠡᠷ᠎ᠡ ᠰᠢᠷᠭᠤᠯᠠᠪᠠᠴᠤ ᠣᠷᠣᠵᠤ ᠪᠠᠭᠲᠠᠬᠤ ᠦᠭᠡᠢ᠂ ᠡᠮᠡᠭᠡᠯ ᠦ᠋ᠨ ᠳᠥᠷᠥᠭᠡ ᠢᠨᠦ ᠬᠠᠳᠠᠨ ᠤ᠋ ᠴᠢᠯᠠᠭᠤᠨ ᠳ᠋ᠤᠷ ᠬᠠᠪᠢᠷᠤᠭᠰᠠᠨ ᠳ᠋ᠤᠷ ᠬᠡᠲᠡ ᠶ᠋ᠢᠨ ᠭᠠᠯ ᠮᠡᠲᠦ ᠭᠢᠯᠠᠰ ᠬᠢᠲᠡᠯ᠎ᠡ ᠣᠴᠢ ᠪᠠᠳᠠᠷᠠᠭᠰᠠᠨ ᠳ᠋ᠤᠷ ᠬᠤᠷᠴᠠ ᠬᠤᠢᠬᠤᠷ ᠴᠢᠦᠢ ᠴᠦ ᠯᠢᠦᠢ ᠭᠡᠨᠡᠳᠲᠡ ᠨᠢᠭᠡᠨ ᠠᠷᠭ᠎ᠠ ᠣᠯᠵᠤ᠂ ᠮᠣᠷᠢ ᠪᠠᠨ ᠲᠡᠷᠡ ᠬᠠᠳᠠᠨ ᠵᠠᠪᠰᠠᠷ ᠤ᠋ᠨ ᠮᠣᠳᠣᠨ ᠦᠨᠳᠦᠰᠦᠨ᠎ᠡ ᠤᠶᠠᠭᠠᠳ᠂ ᠬᠤᠶᠠᠭ ᠳᠤᠭᠤᠯᠠᠭ᠎ᠠ ᠪᠠᠨ ᠴᠥᠮ ᠲᠠᠢᠯᠵᠤ᠂ ᠰᠤᠪᠠᠭ ᠤ᠋ᠨ ᠣᠰᠤᠨ᠎ᠠ ᠣᠢᠵᠤ᠂ ᠳᠣᠲᠣᠭᠠᠳᠤ ᠪᠥᠰ ᠴᠡᠮᠴᠡᠨ ᠦ᠌ ᠡᠩᠭᠡᠷ ᠢ᠋ ᠤᠷᠠᠵᠤ ᠭᠠᠯ ᠤ᠋ᠨ ᠪᠠᠭ ᠪᠣᠯᠭᠠᠨ ᠣᠷᠢᠶᠠᠵᠤ᠂ ᠬᠡᠲᠡ ᠴᠣᠬᠢᠨ ᠭᠠᠯ ᠠᠪᠴᠤ ᠲᠡᠷᠡ ᠪᠠᠮᠪᠠᠷ ᠢ᠋ ᠨᠣᠴᠣᠭᠠᠵᠤ ᠬᠠᠳᠠᠨ᠎ᠠ ᠠᠪᠠᠷᠢᠨ ᠠᠭᠤᠯᠠᠨ ᠤ᠋ ᠬᠠᠪᠢᠷᠭ᠎ᠠ ᠳ᠋ᠤᠷ ᠭᠠᠷᠴᠤ ᠴᠢᠩᠨᠠᠪᠠᠰᠤ ᠪᠦᠰᠡᠯᠡᠭᠰᠡᠨ ᠴᠡᠷᠢᠭ ᠦ᠋ᠨ ᠦᠢᠮᠡᠭᠡᠨ ᠴᠥᠮ ᠭᠣᠣᠯ ᠤ᠋ᠨ ᠥᠭᠡᠳᠡ ᠵᠡᠪᠡ ᠶ᠋ᠢᠨ ᠡᠬᠢᠨ ᠦ᠌ ᠵᠦᠭ ᠳᠠᠷᠤᠯᠴᠠᠨ ᠢᠷᠡᠬᠦ ᠢᠨᠦ ᠣᠯᠠᠨ᠂ ᠰᠠᠯᠬᠢᠨ ᠤ᠋ ᠠᠶ᠎ᠠ ᠶ᠋ᠢ ᠦᠵᠡᠪᠡᠰᠦ ᠴᠠᠪ ᠴᠢᠬᠡ ᠵᠡᠪᠡ ᠶ᠋ᠢᠨ ᠠᠮᠠᠰᠠᠷ ᠥᠭᠡᠳᠡ ᠰᠠᠯᠬᠢᠯᠠᠬᠤ ᠲᠤᠰ ᠡᠮᠦᠨᠡᠲᠦ ᠰᠠᠯᠬᠢᠨ ᠲᠤᠯᠠ ᠴᠢᠦᠢ ᠴᠦ ᠯᠢᠦᠢ ᠶᠡᠬᠡᠯ᠎ᠡ ᠪᠠᠶᠠᠷᠯᠠᠨ ᠰᠢᠷᠠᠯᠳᠤᠨ ᠵᠠᠭᠤᠷᠠᠯᠳᠤᠭᠰᠠᠨ ᠰᠥᠭᠡᠭ ᠳᠣᠭᠤᠤᠷ ᠰᠢᠷᠭᠤᠨ᠂ ᠴᠢᠨᠠᠳᠤ ᠳᠠᠯᠠᠩ ᠳ᠋ᠤᠷ ᠭᠠᠷᠴᠤ ᠵᠡᠪᠡ ᠶ᠋ᠢᠨ ᠠᠮᠠᠨ ᠤ᠋ ᠰᠢᠷᠠᠯᠵᠢ ᠡᠪᠡᠰᠦᠨ᠎ᠡ ᠬᠡᠪᠲᠡᠵᠦ᠂ ᠣᠷᠢᠶᠠᠭᠰᠠᠨ ᠪᠥᠰ ᠦ᠋ᠨ ᠪᠠᠮᠪᠠᠷ ᠤ᠋ᠨ ᠭᠠᠯ ᠢ᠋ᠶ᠋ᠠᠨ ᠭᠦᠪᠢᠨ ᠬᠥᠭᠵᠢᠭᠡᠵᠦ᠂ ᠰᠠᠯᠬᠢᠨ ᠤ᠋ ᠳᠡᠭᠡᠷ᠎ᠡ ᠡᠴᠡ ᠲᠦᠢᠮᠡᠷ ᠲᠠᠯᠪᠢᠭᠠᠳ ᠰᠠᠶᠢ ᠰᠤᠪᠠᠭ ᠢ᠋ ᠭᠡᠲᠦᠯᠦᠨ᠂ ᠤᠷᠢᠳᠠ ᠶ᠋ᠢᠨ ᠬᠠᠳᠠ ᠶ᠋ᠢᠨ ᠵᠠᠪᠰᠠᠷ᠎ᠠ ᠰᠢᠷᠭᠤᠨ ᠣᠷᠣᠵᠤ ᠲᠦᠢᠮᠡᠷ ᠦ᠋ᠨ ᠬᠥᠭᠵᠢᠵᠦ ᠥᠩᠭᠡᠷᠡᠬᠦ ᠶ᠋ᠢ ᠬᠦᠯᠢᠶᠡᠬᠦᠶ᠎ᠡ᠂ ᠤᠳᠠᠭᠰᠠᠨ ᠦᠭᠡᠢ ᠨᠠᠢᠯᠵᠠᠠᠭᠤᠷ ᠡᠪᠡᠰᠦᠨ ᠡᠴᠡ ᠰᠥᠭᠡᠭ ᠦ᠋ᠨ ᠲᠦᠯᠡᠭᠡ ᠳ᠋ᠦ᠍ᠷ ᠵᠠᠯᠭᠠᠯᠳᠤᠨ᠂ ᠤᠯᠠᠪᠤᠷ ᠰᠡᠭᠡᠷ᠂ ᠬᠤᠰᠤ ᠬᠤᠨᠳᠠᠷ ᠲᠤᠷ ᠬᠦᠷᠲᠡᠯ᠎ᠡ ᠬᠥᠭᠵᠢᠨ ᠨᠣᠴᠣᠵᠤ᠂ ᠲᠡᠭᠷᠢ ᠲᠤᠯᠤᠮ᠎ᠠ ᠶᠡᠬᠡ ᠲᠦᠢᠮᠡᠷ ᠪᠣᠯᠤᠭᠠᠳ ᠮᠣᠳᠣ ᠰᠢᠳᠡᠵᠦ ᠭᠠᠯ ᠬᠥᠭᠵᠢᠬᠦ ᠴᠢᠮᠡᠭᠡ ᠬᠠᠪᠤᠷ ᠤ᠋ᠨ ᠠᠶᠤᠩᠭ᠎ᠠ ᠦᠷᠭᠦᠯᠵᠢᠯᠡᠨ ᠳᠠᠭᠤᠷᠢᠰᠬᠤ ᠮᠡᠲᠦ ᠬᠦᠷᠴᠢᠭᠢᠨᠡᠨ ᠬᠠᠷᠴᠢᠭᠢᠨᠠᠨ᠂ ᠫᠢᠰ ᠳᠡᠰ ᠦᠰᠦᠷᠦᠨ ᠭᠠᠯ ᠤ᠋ᠨ ᠴᠤᠷᠮᠠᠳᠠᠰᠤ ᠰᠠᠯᠬᠢᠨ ᠢ᠋ ᠳᠠᠭᠠᠵᠤ ᠭᠣᠣᠯ ᠤ᠋ᠨ ᠥᠭᠡᠳᠡ ᠬᠡᠢᠰᠬᠦ ᠢᠨᠤ ᠭᠠᠯ ᠤ᠋ᠨ ᠵᠡᠪᠡ ᠬᠠᠷᠪᠤᠬᠤ ᠮᠡᠲᠦ ᠴᠠᠭᠠᠨ ᠤᠲᠤᠭ᠎ᠠ ᠵᠡᠪᠡ ᠶ᠋ᠢᠨ ᠳᠣᠲᠣᠷ᠎ᠠ ᠪᠠᠭᠲᠠᠵᠤ ᠶᠠᠳᠠᠮ᠎ᠠ ᠥᠭᠡᠳᠡ ᠬᠡᠢᠰᠴᠦ᠂ ᠡᠨᠡ ᠦᠶ᠎ᠡ ᠴᠢᠪ ᠭᠡᠮᠡᠨ ᠰᠠᠷᠠ ᠶ᠋ᠢᠨ ᠬᠠᠭᠤᠴᠢᠳ ᠲᠤᠯᠠ ᠨᠢᠳᠦ ᠴᠢᠴᠢᠮ᠎ᠡ ᠬᠠᠷᠠᠩᠭᠤᠢ ᠪᠣᠷᠣᠩᠭᠤᠢ ᠪᠣᠯᠵᠤ᠂ ᠪᠠᠰᠠ ᠤᠲᠤᠭ᠎ᠠ ᠲᠤᠨᠤᠷᠠᠭᠠᠳ ᠶᠠᠭᠤᠨ ᠴᠤ᠌ ᠦᠵᠡᠭᠳᠡᠬᠦ ᠦᠭᠡᠢ᠃ ᠠᠯᠲᠠᠨᠱᠠᠭ᠎ᠠ ᠥᠨᠳᠥᠷ ᠬᠠᠪᠠᠷ ᠳᠡᠭᠡᠷ᠎ᠡ ᠬᠥᠯ ᠳᠡᠪᠬᠡᠴᠡᠨ《ᠪᠠᠷᠠᠪᠠ ᠪᠠᠷᠠᠪᠠ᠂ ᠠᠯᠳᠠᠪᠠ ᠠᠯᠳᠠᠪᠠ᠂ ᠡᠨᠡ ᠲᠦᠢᠮᠡᠷ ᠢ᠋ ᠬᠡᠨ ᠲᠠᠯᠪᠢᠭᠰᠠᠨ ᠪᠣᠢ?  ᠴᠢᠦᠢ ᠴᠦ ᠯᠢᠦᠢ ᠯᠠᠪ ᠡᠨᠡ ᠬᠠᠷᠠᠩᠭᠤᠢ ᠤᠲᠤᠭ᠎ᠠ ᠳᠣᠲᠣᠷ᠎ᠠ ᠬᠣᠯᠢᠴᠠᠯᠳᠤᠨ ᠰᠠᠯᠬᠢᠨ ᠤᠷᠤᠭᠤᠳᠠᠨ ᠳᠤᠲᠠᠭᠠᠵᠤ ᠤᠲᠤᠭᠠᠨ ᠤ᠋ ᠳᠣᠲᠣᠷ᠎ᠠ ᠬᠣᠯᠭᠣᠨ ᠭᠠᠷᠤᠮᠤᠢ 》 ᠭᠡᠮᠡᠨ ᠬᠠᠰᠬᠢᠷᠤᠨ ᠵᠠᠷᠯᠠᠭᠤᠯᠤᠭᠰᠠ ᠳ᠋ᠤᠷ ᠣᠯᠠᠨ ᠴᠡᠷᠢᠭ ᠦ᠋ᠨ ᠣᠯᠠᠩᠬᠢ ᠠᠨᠤ ᠰᠠᠯᠬᠢᠨ ᠤ᠋ ᠳᠣᠣᠷ᠎ᠠ ᠭᠠᠯ ᠤ᠋ᠨ ᠡᠮᠦᠨ᠎ᠡ ᠤᠲᠤᠭᠠᠨ ᠤ᠋ ᠦᠵᠦᠭᠦᠷ ᠢ᠋ᠶ᠋ᠡᠷ ᠬᠠᠭᠠᠵᠤ ᠢᠷᠡᠬᠦᠢ ᠶ᠋ᠢ ᠰᠣᠯᠣᠩᠭᠤ᠎ᠡ ᠦᠵᠡᠭᠡᠳ 《 ᠴᠤᠬᠤᠮᠬᠠᠨ ᠪᠠᠷᠠᠪᠠ᠂ ᠴᠤᠬᠤᠮᠬᠠᠨ ᠠᠯᠳᠠᠪᠠ ! ᠡᠨᠡ ᠭᠠᠯ ᠬᠡᠷᠬᠢᠪᠡᠴᠦ ᠮᠠᠨ ᠤ᠋ ᠴᠡᠷᠢᠭ ᠦ᠋ᠨ ᠲᠠᠯᠪᠢᠭᠰᠠᠨ ᠭᠠᠯ ᠪᠤᠰᠤ᠂ ᠲᠣᠪ ᠲᠣᠳᠣᠷᠬᠠᠢ ᠴᠢᠦᠢ ᠴᠦ ᠯᠢᠦᠢ ᠶ᠋ᠢᠨ ᠲᠠᠯᠪᠢᠭᠰᠠᠨ ᠭᠠᠯ ᠮᠥᠨ᠂ ᠲᠡᠷᠡ ᠭᠠᠯ ᠢ᠋ᠶ᠋ᠠᠨ ᠲᠠᠯᠪᠢᠭᠠᠳ᠂ ᠪᠠᠰᠠ ᠭᠠᠯ ᠤ᠋ᠨ ᠡᠮᠦᠨ᠎ᠡ ᠪᠡᠨ ᠶᠠᠪᠤᠬᠤ ᠶᠣᠰᠣ ᠪᠣᠢ ᠤᠤ ? ᠡᠷᠬᠡ ᠦᠭᠡᠢ᠂ ᠭᠠᠯ ᠤ᠋ᠨ ᠡᠰᠡᠷᠭᠦ ᠪᠤᠶᠤ ᠭᠠᠯ ᠤ᠋ᠨ ᠲᠠᠰᠢᠭᠤ ᠡᠲᠡᠭᠡᠳ ᠢ᠋ᠶ᠋ᠡᠷ ᠮᠤᠯᠲᠤᠷᠠᠨ ᠭᠠᠷᠤᠮᠤᠢ ! 》ᠭᠡᠮᠡᠨ ᠶᠡᠬᠡ ᠴᠡᠷᠢᠭ ᠢ᠋ ᠳᠠᠬᠢᠨ ᠡᠭᠡᠭᠦᠯᠦᠨ ᠵᠠᠷᠯᠠᠬᠤᠢ ᠳ᠋ᠤᠷ ᠳᠠᠭᠤᠨ ᠴᠢᠮᠡᠭᠡ᠂ ᠭᠠᠯ ᠤ᠋ᠨ ᠦᠢᠮᠡᠭᠡᠨ ᠯᠦ᠍ᠭᠡ ᠬᠣᠯᠢᠯᠳᠤᠨ ᠦᠭᠡ ᠵᠠᠷᠯᠢᠭ ᠰᠣᠨᠣᠰᠳᠠᠬᠤ ᠦᠭᠡᠢ ᠪᠣᠯᠤᠭᠰᠠᠨ ᠤ᠋ ᠲᠤᠯᠠᠳᠠ᠂ ᠳᠠᠪ ᠠᠪᠤᠨ ᠦᠷᠭᠦᠭᠰᠡᠨ ᠴᠡᠷᠢᠭ ᠢ᠋ ᠡᠭᠡᠭᠦᠯᠦᠨ ᠵᠠᠷᠯᠠᠬᠤᠶ᠎ᠠ ᠪᠡᠷᠬᠡ ᠪᠣᠯᠵᠤ᠂ ᠰᠠᠯᠬᠢᠨ ᠨᠡᠩ ᠶᠡᠬᠡᠳᠡᠭᠡᠳ ᠣᠯᠠᠨ ᠴᠡᠷᠢᠭ ᠥᠭᠡᠳᠡ ᠤᠷᠤᠭᠤ ᠶ᠋ᠢᠨ ᠵᠠᠷᠯᠢᠭ ᠵᠥᠷᠢᠴᠡᠯᠳᠦᠨ ᠰᠣᠯᠢᠯᠴᠠᠭᠠᠳ ᠲᠥᠬᠥᠭᠡ ᠦᠭᠡᠢ ᠰᠠᠮᠠᠭᠤᠷᠠᠨ ᠵᠠᠭᠤᠷᠠᠯᠳᠤᠨ ᠦᠢᠮᠡᠯᠳᠦᠬᠦ ᠡᠨᠡ ᠴᠢᠯᠦᠭᠡᠨ᠎ᠡ ᠴᠢᠦᠢ ᠴᠦ ᠯᠢᠦᠢ᠂ ᠲᠦᠢᠮᠡᠷ ᠦ᠋ᠨ ᠬᠤᠷᠴᠠ ᠬᠥᠭᠵᠢᠯ ᠢ ᠪᠠᠬᠠᠨ ᠥᠩᠭᠡᠷᠡᠭᠡᠵᠦ᠂ ᠨᠣᠷᠤᠭᠰᠠᠨ ᠬᠤᠶᠠᠭ ᠬᠣᠷᠮᠣᠢ ᠪᠠᠷ ᠮᠣᠷᠢᠨ ᠤ᠋ ᠲᠡᠷᠢᠭᠦᠨ ᠰᠡᠭᠦᠯ ᠢ᠋ ᠪᠦᠷᠬᠦᠵᠦ᠂ ᠳᠤᠭᠤᠯᠠᠭ᠎ᠠ ᠪᠠᠨ ᠬᠠᠶᠠᠭᠠᠳ᠂ ᠲᠦᠢᠮᠡᠷ ᠦ᠋ᠨ ᠨᠢᠮᠭᠡᠨ ᠭᠠᠵᠠᠷ ᠢ᠋ᠶ᠋ᠠᠷ ᠰᠠᠯᠬᠢᠨ ᠤ᠋ ᠲᠠᠰᠢᠭᠤ ᠥᠭᠡᠳᠡ ᠪᠡᠷ ᠭᠠᠯ ᠢ᠋ ᠬᠥᠨᠳᠡᠯᠡᠨ ᠣᠭᠲᠣᠯᠤᠨ ᠳᠣᠪᠲᠣᠯᠵᠤ ᠭᠠᠷᠤᠭᠠᠳ᠂ ᠭᠣᠣᠯ ᠤ᠋ᠨ ᠠᠮᠠᠨ ᠳ᠋ᠤᠷ ᠯᠠᠪ ᠵᠤᠵᠠᠭᠠᠨ ᠴᠡᠷᠢᠭ ᠬᠠᠭᠠᠭᠰᠠᠨ ᠢ᠋ ᠲᠣᠳᠣᠷᠬᠠᠶ᠎ᠡ ᠮᠡᠳᠡᠬᠦ ᠲᠤᠯᠠ ᠬᠡᠳᠡᠷ ᠪᠣᠰᠤᠭ᠎ᠠ ᠬᠠᠪᠢᠷᠭ᠎ᠠ ᠪᠠᠷ ᠲᠠᠰᠢᠭᠤᠯᠤᠨ ᠭᠤᠯᠭᠤᠨ ᠭᠠᠷᠴᠤ᠂ ᠴᠡᠷᠢᠭ ᠦ᠋ᠨ ᠦᠢᠮᠡᠭᠡᠨ ᠪᠠᠬᠠᠨ ᠬᠣᠯᠠ ᠪᠣᠯᠤᠮᠠᠨᠴᠠ ᠵᠢᠴᠢ ᠥᠷᠯᠥᠭᠡ ᠡᠪᠡᠰᠦᠨ ᠦ᠌ ᠨᠠᠯᠤᠷᠬᠠᠢ ᠪᠠᠷ ᠮᠥᠷ ᠮᠥᠰᠬᠢᠵᠦ ᠨᠡᠬᠡᠬᠦ ᠡᠴᠡ ᠪᠣᠯᠭᠣᠮᠵᠢᠯᠠᠨ ᠰᠢᠷᠬ᠎ᠠ ᠶ᠋ᠢ ᠲᠡᠰᠪᠦᠷᠢᠯᠡᠨ ᠰᠢᠳᠦ ᠵᠠᠭᠤᠨ ᠢᠷᠡᠭᠰᠡᠨ ᠵᠠᠮ ᠢ᠋ᠶ᠋ᠠᠷ ᠠᠷᠪᠠᠭᠠᠳ ᠭᠠᠵᠠᠷ ᠳᠣᠪᠲᠣᠯᠵᠤ ᠰᠠᠶᠢ ᠵᠡᠭᠦᠨ ᠡᠮᠦᠨᠡᠰᠢ ᠵᠠᠮ ᠪᠤᠷᠤᠭᠤᠯᠠᠨ ᠳᠣᠪᠲᠣᠯᠰᠤᠭᠠᠢ ᠭᠡᠮᠡᠨ ᠮᠣᠷᠢᠨ ᠠᠮᠠ ᠪᠠᠨ ᠵᠠᠯᠠᠲᠠᠯ᠎ᠠ᠂ ᠲᠡᠷᠡ ᠡᠲᠡᠭᠡᠳ ᠲᠦ᠍ᠷ ᠨᠢᠭᠡᠨ ᠵᠤᠷᠪᠤᠰ ᠬᠠᠷ᠎ᠠ ᠠᠭᠤᠷ ᠪᠣᠰᠴᠤ ᠳᠣᠲᠣᠷ᠎ᠠ ᠠᠨᠤ ᠲᠠᠢᠶᠠᠩ ᠬᠠᠭᠠᠨ ᠤ᠋ ᠳᠦᠷᠢ ᠢᠯᠡᠷᠡᠭᠰᠡᠨ ᠳ᠋ᠦ᠍ᠷ ᠴᠢᠦᠢ ᠴᠦ ᠯᠢᠦᠢ ᠰᠦᠷᠡᠬᠡᠢ ᠳᠠᠭᠤᠨ ᠢ᠋ᠶ᠋ᠠᠷ ᠬᠠᠰᠬᠢᠷᠤᠨ ᠵᠠᠩᠳᠠᠵᠤ᠂ ᠣᠨᠴᠠ ᠲᠡᠭᠦᠨ ᠦ᠌ ᠡᠰᠡᠷᠭᠦ ᠮᠣᠷᠢ ᠪᠠᠨ ᠳᠤᠭᠲᠤᠷᠤᠨ ᠲᠠᠰᠢᠭᠤᠷᠳᠠᠬᠤᠢ ᠳ᠋ᠤᠷ ᠲᠡᠭᠦᠨ ᠦ᠌ ᠤᠨᠤᠭᠰᠠᠨ ᠮᠣᠷᠢ ᠡᠭᠡᠨᠡᠭᠲᠡ ᠠᠷᠭᠤᠮᠠᠭ ᠬᠦᠯᠦᠭ ᠲᠤᠯᠠ ᠬᠣᠶᠠᠷ ᠭᠤᠷᠪᠠᠳᠠ ᠦᠰᠦᠷᠦᠨ ᠳᠡᠪᠬᠡᠴᠡᠵᠦ᠂ ᠨᠢᠭᠡᠨᠲᠡ ᠱᠤᠩᠭᠤᠨ ᠴᠤᠪᠬᠤᠴᠠᠵᠤ ᠲᠡᠷᠡ ᠬᠠᠷ᠎ᠠ ᠠᠭᠤᠷ ᠢ᠋ ᠨᠡᠪᠲᠡ ᠮᠥᠷᠭᠥᠨ ᠨᠡᠪᠲᠡᠯᠵᠦ᠂ ᠨᠢᠰᠬᠦ ᠮᠡᠲᠦ ᠳᠣᠪᠲᠣᠯᠤᠨ ᠡᠴᠢᠪᠡ᠃ ᠡᠨᠡ ᠢᠨᠦ ᠰᠠᠢᠨ ᠮᠣᠷᠢᠨ ᠤ᠋ ᠬᠦᠴᠦᠨ ᠳ᠋ᠦ᠍ᠷ ᠠᠮᠢ ᠭᠠᠷᠪᠠ ᠬᠡᠮᠡᠬᠦ ᠪᠤᠶᠤ᠃ ᠲᠡᠭᠦᠨᠴᠡ ᠬᠠᠷᠠᠩᠭᠤᠢ ᠰᠥᠨᠢ ᠡᠭᠡᠷᠡᠮ᠎ᠡ ᠲᠠᠯ᠎ᠠ ᠳ᠋ᠤᠷ ᠭᠤᠴᠢ ᠳᠥᠴᠢᠨ ᠭᠠᠵᠠᠷ ᠳᠣᠪᠲᠣᠯᠤᠨ ᠵᠢᠭᠢᠷ ᠪᠤᠯᠠᠭ ᠬᠡᠮᠡᠬᠦ ᠭᠠᠵᠠᠷ᠎ᠠ ᠬᠦᠷᠲᠡᠯ᠎ᠡ ᠮᠣᠷᠢ ᠠᠨᠤ ᠤᠰᠤᠨ ᠤ᠋ ᠦᠨᠦᠷ ᠢ᠋ ᠳᠠᠭᠠᠵᠤ ᠶᠠᠪᠤᠭᠰᠠᠭᠠᠷ᠂ ᠨᠠᠷᠢᠨ ᠰᠤᠪᠠᠭ ᠲᠤᠷ ᠬᠦᠷᠴᠦ ᠵᠣᠭᠰᠣᠭᠰᠠᠨ ᠳ᠋ᠤᠷ ᠴᠢᠦᠢ ᠴᠦ ᠯᠢᠦᠢ ᠶ᠋ᠢᠨ ᠬᠠᠷᠪᠤᠭᠳᠠᠭᠰᠠᠨ ᠬᠣᠣᠷᠠᠲᠤ ᠵᠡᠪᠡ ᠶ᠋ᠢᠨ ᠬᠦᠴᠦᠨ ᠭᠦᠢᠴᠡᠭᠳᠡᠵᠦ ᠮᠣᠷᠢ ᠪᠠᠨ ᠴᠢᠳᠥᠷᠯᠡᠨ ᠴᠢᠳᠠᠭᠰᠠᠨ ᠦᠭᠡᠢ ᠪᠡᠷ ᠰᠤᠪᠠᠭ ᠤ᠋ᠨ ᠬᠠᠵᠠᠭᠤᠳᠠᠬᠢ ᠵᠦᠯᠭᠡ ᠡᠪᠡᠰᠦᠨ᠎ᠡ ᠬᠡᠪᠲᠡᠪᠡᠢ᠃ ᠬᠥᠮᠦᠨ ᠦ᠌ ᠮᠡᠳᠡᠷᠡᠯᠳᠦ ᠬᠦᠷᠡᠩ ᠤᠯᠠᠭᠠᠨ ᠮᠢᠩᠭᠠᠨ ᠭᠠᠵᠠᠷ ᠤ᠋ᠨ ᠠᠵᠢᠨᠠᠢ ᠬᠦᠯᠦᠭ᠂ ᠤᠰᠤ ᠤᠤᠭᠤᠵᠤ ᠴᠠᠳᠤᠭᠠᠳ ᠪᠤᠰᠤ ᠲᠡᠰᠢ ᠡᠴᠢᠬᠦ ᠦᠭᠡᠢ ᠡᠵᠡᠨ ᠢ᠋ᠶ᠋ᠡᠨ ᠲᠣᠭᠣᠷᠢᠨ ᠡᠪᠡᠰᠦ ᠢᠳᠡᠵᠦ ᠬᠠᠮᠠᠭᠠᠯᠠᠨ ᠰᠠᠬᠢᠮᠤᠢ᠃ ᠡᠨᠡ ᠦᠨᠡᠬᠡᠷ 《ᠰᠠᠢᠨ ᠮᠣᠷᠢᠨ ᠴᠤᠯᠪᠤᠭᠤᠷ ᠤᠨᠵᠢᠯᠭᠠᠨ ᠬᠤᠳᠳᠤᠭ ᠲᠤ᠌ ᠨᠢᠭᠤᠭᠰᠠᠨ ᠡᠵᠡᠨ ᠢ᠋ᠶ᠋ᠡᠨ ᠭᠠᠷᠭᠠᠭᠰᠠᠨ ᠵᠢᠷᠤᠮ ᠪᠣᠢ᠃ ᠰᠠᠨᠠᠯᠳᠤ ᠨᠣᠬᠠᠢ ᠡᠪᠡᠰᠦᠨ ᠢ᠋ ᠨᠣᠷᠭᠠᠵᠤ ᠲᠠᠯ᠎ᠠ ᠳ᠋ᠤᠷ ᠤᠮᠳᠠᠭᠰᠠᠨ ᠡᠵᠡᠨ ᠢ᠋ᠶ᠋ᠡᠨ ᠭᠠᠯ ᠤ᠋ᠨ ᠠᠶᠤᠯ ᠠ᠋ᠴᠠ ᠠᠪᠤᠷᠠᠭᠰᠠᠨ ᠠᠴᠢᠯᠠᠯ ᠠᠮᠤᠢ 》 ᠬᠡᠮᠡᠭᠴᠢ ᠬᠤᠳᠠᠯ ᠦᠭᠡᠢ ᠠᠵᠤᠭᠤ᠃ ᠬᠣᠢᠨ᠎ᠠ ᠡᠨᠡ ᠮᠣᠷᠢ ᠮᠣᠩᠭᠣᠯ ᠳ᠋ᠤᠷ ᠪᠣᠯᠵᠤ᠂ ᠲᠠᠢᠽᠦ ᠴᠢᠩᠭᠢᠰ ᠬᠠᠭᠠᠨ ᠤ᠋ ᠶᠢᠰᠦᠨ ᠡᠷᠳᠡᠨᠢ ᠶ᠋ᠢᠨ ᠬᠦᠯᠦᠭ ᠲᠣᠷ ᠡᠷᠭᠦᠭᠳᠡᠨ᠂ ᠬᠣᠵᠢᠮ ᠲᠡᠢᠰᠢ ᠭᠦᠸᠧ ᠸᠠᠩ ᠵᠢᠨᠦᠩ ᠮᠤᠬᠤᠯᠢ᠂ ᠲᠠᠢᠽᠦ ᠯᠦ᠍ᠭᠡ ᠲᠤᠭ ᠬᠤᠪᠢᠶᠠᠨ ᠡᠮᠦᠨᠡᠲᠦ ᠲᠠᠢᠬᠠᠩ ᠱᠠᠨ ᠠᠭᠤᠯᠠᠨ ᠤ᠋ ᠵᠡᠭᠦᠨ ᠪᠡᠶ᠎ᠡ ᠶ᠋ᠢᠨ ᠠᠯᠲᠠᠨ ᠤᠯᠤᠰ᠂ ᠰᠥᠩ ᠤᠯᠤᠰ ᠤ᠋ᠨ ᠠᠷᠪᠠᠨ ᠭᠤᠷᠪᠠᠨ ᠮᠣᠵᠢ ᠶ᠋ᠢ ᠳᠠᠢᠯᠠᠨ ᠠᠪᠬᠤᠶ᠎ᠠ ᠲᠠᠢᠽᠦ ᠡᠨᠡ ᠮᠣᠷᠢ ᠶ᠋ᠢ ᠵᠢᠨᠦᠩ ᠮᠤᠬᠤᠯᠢ ᠳ᠋ᠤᠷ ᠱᠠᠩᠨᠠᠨ ᠤᠨᠤᠭᠤᠯᠵᠤᠬᠤᠢ᠃ ᠴᠢᠦᠢ ᠴᠦ ᠯᠢᠦᠢ ᠡᠨᠡ ᠤᠳᠠᠭ᠎ᠠ ᠶ᠋ᠢᠨ ᠵᠡᠪᠰᠡᠭ ᠬᠢᠭᠡᠳ ᠭᠠᠯ᠂ ᠠᠳᠢᠰ᠂ ᠬᠣᠣᠷ᠎ᠠ᠂ ᠳᠥᠷᠪᠡᠨ ᠳᠠᠪᠬᠤᠷ ᠦᠬᠦᠯ ᠡᠴᠡ ᠭᠡᠲᠦᠯᠦᠭᠰᠡᠨ ᠢᠨᠦ ᠴᠥᠮ ᠡᠨᠡ ᠨᠢᠭᠡᠬᠡᠨ ᠮᠣᠷᠢᠨ ᠤ᠋ ᠠᠴᠢ ᠪᠠᠷ ᠠᠮᠢᠨ ᠭᠠᠷᠪᠠ ᠬᠡᠮᠡᠵᠦ ᠪᠣᠯᠤᠮᠤᠢ᠃ ᠦᠯᠦ ᠤᠬᠠᠭᠴᠢᠳ ᠬᠥᠮᠦᠨ ᠦ᠌ ᠪᠤᠶᠠᠨ ᠬᠡᠮᠡᠮᠦᠢ᠃ ᠦᠨᠡᠨ ᠢ᠋ ᠲᠥᠰᠦᠭᠡᠯᠡᠭᠴᠢᠳ ᠮᠣᠷᠢᠨ ᠤ᠋ ᠴᠢᠳᠠᠯ ᠳ᠋ᠤᠷ ᠪᠠᠢᠵᠤᠬᠤᠢ ᠬᠡᠮᠡᠮᠦ᠃ ᠡᠨᠡ ᠴᠦ᠍ ᠬᠣᠵᠢᠮ ᠤ᠋ᠨ ᠦᠢᠯᠡ ᠲᠤᠯᠠ ᠡᠳᠦᠭᠡ ᠳᠤᠷᠠᠳᠬᠤ ᠦᠭᠡᠢ᠃ 
       ᠭᠠᠭᠴᠠ ᠥᠭᠦᠯᠡᠬᠦ ᠢᠨᠦ᠂ ᠴᠢᠦᠢ ᠴᠦ ᠯᠢᠦᠢ ᠨᠢᠭᠡᠨ ᠰᠥᠨᠢ ᠶ᠋ᠢᠨ ᠵᠡᠪᠰᠡᠷ᠎ᠡ ᠪᠠᠷᠠᠭᠤᠨᠰᠢ ᠵᠡᠭᠦᠰᠢ ᠲᠠᠪᠢ ᠵᠢᠷᠠᠨ ᠭᠠᠵᠠᠷ ᠭᠦᠶᠦᠭᠰᠡᠨ ᠢ᠋ᠶ᠋ᠡᠷ ᠳᠠᠯᠤ ᠳ᠋ᠤᠷ ᠲᠤᠰᠤᠭᠰᠠᠨ ᠬᠣᠣᠷᠠᠲᠤ ᠰᠤᠮᠤᠨ ᠤ᠋ ᠬᠣᠣᠷ᠎ᠠ ᠶ᠋ᠢᠨ ᠬᠦᠴᠦᠨ ᠢᠨᠦ ᠪᠡᠶ᠎ᠡ ᠳ᠋ᠦ᠍ᠷ ᠭᠦᠶᠦᠵᠦ᠂ ᠵᠢᠭᠢᠷ ᠪᠤᠯᠠᠭ ᠤ᠋ᠨ ᠳᠡᠷᠭᠡᠳᠡ ᠬᠦᠷᠲᠡᠯ᠎ᠡ ᠨᠢᠭᠡᠨᠲᠡ ᠳᠣᠲᠣᠷ᠎ᠠ ᠪᠤᠳᠤᠩᠭᠤᠢᠷᠠᠨ ᠬᠡᠪᠲᠡᠭᠡᠳ᠂ ᠬᠠᠭᠠᠰ ᠰᠡᠷᠡᠭᠦᠨ ᠬᠠᠭᠠᠰ ᠪᠤᠳᠤᠩᠭᠤᠢᠷᠠᠬᠤ ᠵᠡᠪᠰᠡᠷ᠎ᠡ ᠪᠠᠬᠠᠨ ᠮᠡᠳᠡᠷᠡᠯ ᠣᠷᠣᠵᠤ ᠰᠡᠬᠡᠰᠬᠢᠨ ᠠᠮᠢᠰᠬᠤᠯ ᠠᠪᠬᠤᠢ ᠶ᠋ᠢᠨ ᠵᠡᠪᠰᠡᠷ᠎ᠡ ᠨᠢᠳᠦ ᠨᠡᠭᠡᠭᠡᠪᠡᠰᠦ ᠳᠠᠢᠶᠠᠩ ᠬᠠᠭᠠᠨ ᠦᠰᠦᠨ ᠢ᠋ᠶ᠋ᠡᠨ ᠲᠠᠯᠪᠢᠵᠤ᠂ ᠲᠡᠭᠦᠨᠦ ᠬᠦᠵᠦᠭᠦᠦ ᠶ᠋ᠢ ᠬᠥᠯ ᠳᠣᠣᠷ᠎ᠠ ᠭᠢᠰᠬᠢᠨ᠂ ᠠᠶᠤᠮᠰᠢᠭᠲᠠᠢ ᠰᠦᠷᠡᠬᠡᠢ ᠬᠢᠯᠢᠩ ᠦ᠋ᠨ ᠴᠢᠷᠠᠢ ᠪᠠᠷ ᠬᠠᠷᠠᠵᠤ ᠪᠠᠢᠬᠤᠶ᠎ᠠ ᠴᠢᠦᠢ ᠴᠦ ᠯᠢᠦᠢ ᠠᠷᠠᠢ ᠠᠮᠢᠰᠬᠤᠯ ᠲᠠᠰᠤᠷᠠᠬᠤ ᠰᠢᠬᠠᠨ᠂ ᠠᠮᠢ ᠲᠡᠮᠡᠴᠡᠨ ᠳᠠᠭᠤᠨ ᠭᠠᠷᠴᠤ ᠴᠢᠳᠠᠬᠤ ᠦᠭᠡᠢ ᠭᠠᠷ ᠰᠡᠷᠪᠡᠯᠵᠡᠨ ᠬᠥᠯ ᠢᠰᠬᠦᠴᠡᠵᠦ ᠪᠠᠢᠬᠤᠢ ᠳ᠋ᠤᠷ ᠲᠡᠷᠡ ᠬᠦᠷᠡᠩ ᠵᠡᠭᠡᠷᠳᠡ ᠮᠣᠷᠢᠨ ᠠᠨᠤ ᠭᠦᠶᠦᠨ ᠢᠷᠡᠵᠦ ᠪᠡᠶ᠎ᠡ ᠶ᠋ᠢ ᠢᠨᠦ ᠲᠣᠭᠣᠷᠢᠪᠠᠰᠤ᠂ ᠲᠠᠢᠶᠠᠩ ᠬᠠᠭᠠᠨ ᠤ᠋ ᠳᠦᠷᠰᠦ ᠳᠠᠷᠤᠢ ᠦᠵᠡᠭᠳᠡᠬᠦ ᠦᠭᠡᠢ ᠪᠣᠯᠵᠤ᠂ ᠴᠢᠦᠢ ᠴᠦ ᠯᠢᠦᠢ ᠶ᠋ᠢᠨ ᠬᠣᠭᠣᠯᠠᠢ ᠰᠤᠯᠠᠷᠠᠨ ᠠᠮᠢᠰᠬᠤᠯ ᠠᠪᠴᠤ ᠪᠠᠬᠠᠨ ᠠᠮᠠᠷᠠᠪᠠ᠃ ᠡᠢᠨ ᠬᠦ᠌ ᠭᠤᠷᠪᠠ ᠳᠥᠷᠪᠡᠨ ᠵᠡᠷᠭᠡ ᠠᠮᠢ ᠲᠡᠮᠡᠴᠡᠨ᠂ ᠮᠣᠷᠢ ᠠᠨᠤ ᠭᠤᠷᠪᠠ ᠳᠥᠷᠪᠡᠨ ᠵᠡᠷᠭᠡ ᠡᠷᠭᠢᠴᠡᠨ ᠲᠣᠭᠣᠷᠢᠵᠤ ᠠᠮᠢᠰᠬᠤᠯ ᠠᠪᠲᠠᠯ᠎ᠠ ᠲᠡᠭᠷᠢ ᠭᠡᠭᠡᠷᠡᠵᠦ᠂ ᠰᠠᠶᠢ ᠡᠨᠡ ᠳᠡᠪᠬᠤᠴᠢᠯᠠᠯ ᠪᠣᠭᠤᠮᠢᠯᠠᠯ ᠰᠠᠶᠢ ᠵᠣᠭᠰᠣᠵᠤ᠂ ᠠᠭᠤᠵᠢᠮ ᠠᠮᠢᠰᠬᠤᠨ ᠬᠡᠰᠡᠭ ᠭᠡᠭᠡᠬᠡᠨ ᠬᠡᠰᠡᠭ ᠬᠠᠷᠠᠩᠭᠤᠢ ᠰᠠᠨᠠᠭᠳᠠᠵᠤ ᠮᠢᠴᠦᠭᠦᠷᠡᠨ ᠬᠡᠪᠲᠡᠭᠰᠡᠭᠡᠷ ᠭᠡᠨᠡᠳᠲᠡ ᠳᠣᠲᠣᠷ᠎ᠠ ᠬᠡᠬᠡᠷᠡᠨ ᠰᠡᠩᠬᠡᠷᠡᠵᠦ ᠦᠵᠡᠪᠡᠰᠦ ᠨᠢᠭᠡᠨ ᠬᠥᠮᠦᠨ ᠳᠡᠭᠦᠨᠦ ᠬᠤᠪᠴᠠᠳ ᠬᠤᠨᠠᠷ ᠢ᠋ ᠳᠠᠢᠴᠢᠨ᠂ ᠳᠡᠭᠦᠨᠦ ᠪᠡᠶ᠎ᠡ ᠶ᠋ᠢ ᠤᠷᠪᠠᠭᠤᠯᠤᠨ ᠬᠥᠷᠪᠡᠭᠦᠯᠦᠨ ᠣᠷᠣᠯᠳᠣᠬᠤᠢ ᠶ᠋ᠢ ᠮᠡᠳᠡᠭᠡᠳ ᠪᠠᠰᠠ ᠬᠦ᠌ ᠲᠠᠢᠶᠠᠩ ᠬᠠᠭᠠᠨ ᠤ᠋ ᠰᠦᠨᠡᠰᠦᠨ ᠪᠣᠯᠭᠠᠨ ᠰᠠᠨᠠᠵᠤ᠂ ᠨᠢᠳᠦ ᠪᠡᠨ ᠠᠨᠢᠭᠰᠠᠭᠠᠷ《ᠠᠶ᠎ᠠ ! ᠬᠠᠭᠠᠨ ᠡᠴᠢᠭᠡ ᠠᠮᠢᠨ ᠢ᠋ ᠮᠢᠨᠦ ᠭᠡᠯᠳᠦᠷᠢᠭᠦᠯ᠂ ᠬᠥᠪᠡᠭᠦᠨ ᠪᠢ ᠴᠢᠬᠤᠯᠳᠠᠬᠤᠢ ᠳ᠋ᠠᠭᠠᠨ ᠠᠷᠭ᠎ᠠ ᠦᠭᠡᠢ ᠣᠬᠣᠷ ᠦᠵᠡᠯ ᠢ᠋ᠶ᠋ᠡᠷ ᠡᠴᠢᠭᠡ ᠬᠠᠭᠠᠨ ᠢ᠋ ᠬᠠᠳᠬᠤᠨ ᠬᠥᠨᠥᠭᠡᠭᠰᠡᠨ ᠪᠣᠢ ‍ᠶ᠎ᠠ᠃ ᠠᠳᠠᠪᠠᠰᠢ᠂ ᠬᠠᠭᠠᠨ ᠰᠠᠭᠤᠷᠢᠨ ᠢ᠋ ᠪᠤᠯᠢᠶᠠᠨ ᠡᠵᠡᠯᠡᠰᠦᠭᠡᠢ ᠭᠡᠮᠡᠨ ᠰᠠᠨᠠᠭ᠎ᠠ ᠠᠬᠤᠭᠤᠯᠤᠨ ᠡᠭᠦᠰᠬᠡᠭᠰᠡᠨ ᠬᠡᠷᠡᠭ ᠪᠤᠰᠤ ! 》 ᠭᠡᠮᠡᠨ ᠪᠠᠢᠨ ᠪᠠᠢᠨ ᠪᠠᠷᠬᠢᠷᠠᠨ ᠬᠡᠯᠡᠭᠰᠡᠭᠡᠷ ᠳᠣᠲᠣᠷ᠎ᠠ ᠨᠡᠯᠢᠶᠡᠳ ᠭᠡᠭᠡᠬᠡᠨ ᠪᠣᠯᠵᠤ᠂ ᠰᠠᠨᠠᠭᠠᠨ ᠢ᠋ᠶ᠋ᠠᠨ ᠲᠣᠭᠲᠠᠭᠠᠨ᠂ ᠨᠢᠳᠦᠨ ᠢ᠋ᠶ᠋ᠡᠨ ᠨᠤᠬᠤᠯᠬᠢᠯᠠᠨ ᠨᠢᠭᠡᠨ ᠵᠡᠷᠭᠡ ᠯᠠᠪᠯᠠᠨ ᠦᠵᠡᠭᠡᠳ ᠭᠠᠷ ᠢ᠋ᠶ᠋ᠠᠷ ᠲᠡᠷᠡ ᠬᠥᠮᠦᠨ ᠦ᠌ ᠴᠢᠬᠢ ᠶ᠋ᠢ ᠲᠡᠮᠲᠡᠷᠢᠵᠦ ᠦᠵᠡᠭᠡᠳ ᠰᠠᠶᠢ 《ᠠᠶ᠎ᠠ !  ᠪᠢ ᠠᠮᠢᠳᠤ ᠠᠭᠰᠠᠭᠠᠷ ᠠᠵᠤᠭᠤ ! 》ᠭᠡᠮᠡᠨ ᠳᠠᠭᠤ ᠲᠠᠯᠪᠢᠨ᠂ ᠵᠠᠯᠳᠠᠢᠮ᠎ᠠ ᠬᠡᠭᠡᠷ᠎ᠡ ᠳ᠋ᠦ᠍ᠷ ᠠᠭᠤᠵᠢᠷᠠᠲᠠᠯ᠎ᠠ ᠤᠬᠢᠯᠠᠨ ᠡᠭᠦᠰᠬᠡᠪᠡ᠃ ᠡᠨᠡ ᠬᠥᠮᠦᠨ ᠬᠡᠨ ᠬᠡᠮᠡᠪᠡᠰᠦ᠂ ᠴᠢᠪ ᠴᠢᠬᠡ ᠴᠢᠬᠢ ᠦᠭᠡᠢᠳᠡᠨ ᠦ᠌ ᠲᠥᠷᠥᠯ – ᠬᠤᠯᠤᠭᠠᠷ ᠲᠣᠯᠣᠭᠠᠢᠲᠤ ᠶ᠋ᠢᠨ ᠬᠣᠣᠰᠯᠠᠯ᠂ ᠲᠣᠭ᠎ᠠ ᠦᠭᠡᠢ ᠲᠣᠬᠢᠷᠠᠯᠳᠤ ᠲᠣᠳᠣ ᠴᠧᠩᠰᠢᠶᠠᠩ᠂ ᠮᠡᠯᠵᠢᠰᠢ ᠦᠭᠡᠢ ᠮᠡᠬᠡᠲᠦ ᠮᠠᠢᠯᠵᠢ ᠶ᠋ᠢᠨ ᠶᠤᠸᠠᠨᠱᠤᠸᠠᠢ – ᠴᠢᠷᠠᠢ ᠳᠦᠭᠦᠷᠡᠩ ᠴᠢᠰᠤ᠂ ᠲᠣᠯᠣᠭᠠᠢ ᠳᠦᠭᠦᠷᠡᠩ ᠰᠢᠷᠬ᠎ᠠ᠂ ᠭᠡᠵᠢᠭᠡ ᠦᠰᠦ ᠢᠨᠤ ᠰᠡᠭᠰᠡᠢᠵᠦ᠂ ᠦᠬᠦᠭᠰᠡᠨ ᠰᠦᠨᠡᠰᠦᠨ ᠮᠡᠲᠦ ᠳ᠋ᠦ᠍ᠷ ᠲᠠᠢᠶᠠᠩ ᠬᠠᠭᠠᠨ ᠤ᠋ ᠰᠦᠨᠡᠰᠦ ᠭᠡᠮᠡᠨ ᠡᠨᠳᠡᠭᠦᠷᠡᠨ ᠳᠠᠭᠤᠳᠠᠭᠰᠠᠨ ᠠᠵᠤᠭᠤ᠃ ᠡᠮᠦᠨᠡᠲᠦ ᠵᠠᠮ ᠤ᠋ᠨ ᠬᠢᠳᠠᠨ ᠤ᠋ ᠴᠡᠷᠢᠭ ᠢ᠋ ᠤᠭᠲᠤᠨ ᠡᠴᠢᠭᠰᠡᠨ ᠲᠣᠳᠣ ᠴᠧᠩᠰᠢᠶᠠᠩ ᠶᠠᠭᠠᠬᠢᠨ ᠡᠨᠳᠡ ᠡᠨᠡ ᠮᠡᠲᠦ ᠡᠪ ᠬᠠᠪ ᠲᠠᠢ ᠠᠭᠤᠯᠵᠠᠪᠠ?  ᠬᠡᠮᠡᠪᠡᠰᠦ᠂ ᠡᠳᠦᠭᠡ ᠦᠭᠡ ᠶ᠋ᠢ ᠡᠭᠡᠭᠦᠯᠵᠦ ᠡᠬᠢᠨ ᠦ᠌ ᠦᠶ᠎ᠡ ᠶ᠋ᠢᠨ ᠡᠮᠦᠨᠡᠲᠦ ᠶ᠋ᠢ ᠲᠤᠯᠤᠨ ᠲᠣᠰᠴᠤ ᠪᠠᠢᠯᠳᠤᠬᠤᠶ᠎ᠠ ᠲᠣᠭᠲᠠᠭᠠᠭᠰᠠᠨ ᠲᠣᠳᠣᠷᠬᠠᠢ ᠮᠡᠯᠵᠢᠭᠡᠲᠦ ᠲᠤᠩ ᠪᠠᠭᠠᠲᠤᠷ᠂ ᠲᠠᠢᠽᠢ ᠴᠢᠨ ᠸᠠᠩ ᠵᠣᠴᠢ ᠶ᠋ᠢᠨ ᠴᠡᠷᠢᠭ ᠦ᠋ᠨ ᠦᠢᠯᠡ ᠡᠴᠡ ᠡᠬᠢᠯᠡᠨ ᠬᠤᠷᠢᠶᠠᠩᠭᠤᠢᠯᠠᠨ ᠲᠣᠪᠴᠢᠶᠠᠯᠠᠵᠤ ᠲᠣᠳᠣᠷᠬᠠᠢᠯᠠᠨ ᠲᠣᠭᠠᠴᠢᠬᠤ ᠠᠨᠤ᠄ 
       ᠵᠣᠴᠢ ᠲᠠᠢᠽᠢ ᠮᠣᠩᠭᠣᠯ ᠤ᠋ᠨ ᠲᠥᠷᠥ ᠶ᠋ᠢᠨ ᠴᠡᠷᠢᠭ ᠦ᠋ᠨ ᠶᠡᠬᠡ ᠵᠢᠨᠦᠩ ᠦ᠋ᠨ ᠴᠠᠴᠠᠷ ᠲᠠᠭᠲᠤ ᠳ᠋ᠤᠷ ᠴᠡᠷᠢᠭ ᠦ᠋ᠨ ᠴᠠᠭᠠᠵᠠ ᠶ᠋ᠢᠨ ᠮᠠᠯᠵᠢᠶ᠎ᠠ ᠪᠢᠴᠢᠭ ᠪᠠᠢᠭᠤᠯᠵᠤ᠂ ᠴᠢᠯᠠᠭᠤᠨ ᠬᠦᠯᠦᠭ ᠲᠠᠢᠪᠤᠤ ᠨᠣᠶᠠᠨ ᠯᠤᠭ᠎ᠠ᠂ ᠠᠷᠬ᠎ᠠ ᠪᠢᠯᠢᠭ ᠦ᠋ᠨ ᠬᠣᠶᠠᠷ ᠬᠦᠷᠢᠶ᠎ᠡ ᠶ᠋ᠢᠨ ᠬᠣᠶᠠᠷ ᠨᠠᠢ᠍ᠮᠠᠨ ᠤ᠋ ᠨᠢᠭᠡᠨ ᠲᠦᠮᠡ ᠵᠢᠷᠭᠤᠭᠠᠨ ᠮᠢᠩᠭᠠᠨ ᠴᠡᠷᠢᠭ ᠢ᠋ ᠠᠪᠴᠤ᠂ ᠵᠡᠭᠦᠨ ᠪᠠᠷᠠᠭᠤᠨ ᠬᠣᠶᠠᠷ ᠵᠠᠮ ᠢ᠋ ᠡᠵᠡᠯᠡᠨ ᠮᠣᠷᠳᠠᠵᠤ᠂ ᠲᠠᠢᠽᠢ ᠵᠣᠴᠢ᠂ ᠬᠣᠣᠯᠪᠣᠣ ᠮᠠᠩᠬᠠᠨ᠎ᠠ ᠬᠦᠷᠴᠦ ᠠᠷᠤ ᠥᠪᠥᠷ ᠢᠯᠡ ᠳᠠᠯᠳᠠ ᠬᠣᠶᠠᠷ ᠬᠦᠷᠢᠶ᠎ᠡ ᠪᠠᠭᠤᠳᠠᠯᠯᠠᠵᠤ᠂ ᠲᠠᠢᠪᠤᠤ ᠴᠢᠯᠠᠭᠤᠨ ᠪᠣᠷᠣ ᠪᠤᠷᠭᠠᠰᠤᠲᠠᠢ ᠳ᠋ᠤᠷ ᠬᠦᠷᠴᠦ ᠪᠤᠷᠭᠠᠰᠤᠨ ᠲᠦᠩ ᠦ᠋ᠨ ᠳᠣᠲᠣᠷ᠎ᠠ ᠪᠤᠷᠤᠭᠤ ᠪᠠᠷ ᠲᠣᠭᠣᠷᠢᠭᠤᠯᠤᠨ᠂ ᠨᠠᠢ᠍ᠮᠠᠨ ᠬᠦᠷᠢᠶ᠎ᠡ ᠪᠠᠢᠭᠤᠯᠵᠤ᠂ ᠨᠠᠢ᠍ᠮᠠᠨ ᠪᠠᠭ᠎ᠠ ᠵᠠᠩᠵᠤᠨ ᠢ᠋ ᠲᠤᠰ ᠲᠤᠰ ᠲᠤᠷ ᠪᠦᠭᠭᠦᠭᠦᠯᠦᠨ᠂ ᠵᠠᠭᠤᠨ ᠭᠠᠵᠠᠷ ᠤᠷᠲᠤ ᠪᠤᠷᠭᠠᠰᠤᠲᠠᠢ ᠶ᠋ᠢᠨ ᠭᠣᠣᠯ ᠤ᠋ᠨ ᠳᠠᠭᠠᠤ ᠠᠷᠪᠠ ᠠᠷᠪᠠᠨ ᠭᠠᠵᠠᠷ ᠠᠯᠤᠰᠯᠠᠨ ᠫᠤᠤ ᠶ᠋ᠢᠨ ᠳᠠᠭᠤᠨ ᠪᠠ ᠴᠡᠷᠢᠭ ᠦ᠋ᠨ ᠳᠣᠬᠢᠶ᠎ᠠ ᠵᠠᠯᠭᠠᠯᠳᠤᠨ ᠰᠣᠨᠣᠰᠳᠠᠬᠤ ᠪᠠᠷ ᠪᠡᠯᠡᠳᠬᠡᠪᠡᠢ᠃ ᠵᠢᠴᠢ ᠬᠠᠮᠤᠭ ᠤ᠋ᠨ ᠰᠡᠭᠦᠯ ᠦ᠋ᠨ ᠨᠢᠭᠤᠴᠠ ᠵᠠᠮ ᠤ᠋ᠨ ᠬᠦᠩ ᠨᠠᠭᠠᠴᠤ ᠨᠣᠶᠠᠨ ᠠᠵᠢᠨᠠᠢ ᠮᠡᠷᠭᠡᠨ ᠬᠤᠳᠠᠷᠭ᠎ᠠ ᠪᠠᠭᠠᠲᠤᠷ ᠤ᠋ᠨ ᠨᠢᠭᠡᠨ ᠠᠩᠭᠢ ᠴᠡᠷᠢᠭ᠂ ᠴᠢᠪ ᠴᠢᠮᠡᠭᠡ ᠦᠭᠡᠢ ᠪᠡᠷ ᠪᠣᠷᠣ ᠪᠤᠷᠭᠠᠰᠤᠲᠠᠢ ᠬᠣᠣᠯᠪᠣᠣ ᠮᠠᠩᠬᠠᠨ ᠢ ᠬᠥᠲᠡᠭᠡᠰᠦᠨ ᠭᠦᠨ ᠭᠣᠣ᠂ ᠳᠠᠷᠢ ᠭᠠᠩᠭ᠎ᠠ ᠶ᠋ᠢ ᠬᠦᠷᠲᠡᠯ᠎ᠡ ᠵᠢᠨᠦᠩ ᠦ᠋ᠨ ᠵᠢᠷᠤᠭᠰᠠᠨ ᠵᠢᠷᠤᠭ ᠤ᠋ᠨ ᠶᠣᠰᠣ ᠪᠠᠷ ᠬᠢᠳᠠᠨ ᠤ᠋ ᠴᠡᠷᠢᠭ ᠦ᠋ᠨ ᠡᠭᠡᠵᠦ ᠪᠤᠷᠤᠭᠤᠯᠠᠬᠤ ᠪᠣᠢᠳᠠ ᠳᠠᠯᠳᠠ ᠵᠠᠮ ᠤ᠋ᠨ ᠰᠦᠪ ᠣᠨᠢᠰᠣᠨ ᠢ᠋ ᠨᠢᠭᠤᠴᠠ ᠪᠠᠷ ᠳᠠᠷᠤᠬᠤ ᠪᠠᠷ ᠪᠦᠭᠭᠦᠭᠦᠯᠵᠦ᠂ ᠪᠣᠷᠣ ᠪᠤᠷᠭᠠᠰᠤᠲᠠᠢ ᠶ᠋ᠢᠨ ᠰᠡᠭᠦᠯ ᠦ᠋ᠨ ᠪᠠᠭᠤᠳᠠᠯ ᠳ᠋ᠤᠷ ᠠᠷᠪᠠᠨ ᠳᠣᠪᠲᠣᠯᠭ᠎ᠠ ᠶ᠋ᠢᠨ ᠮᠣᠷᠢᠨ ᠤ᠋ ᠤᠶᠠᠭ᠎ᠠ ᠤᠶᠠᠭᠠᠳ᠂ ᠬᠢᠳᠠᠨ ᠤ᠋ ᠴᠡᠷᠢᠭ ᠦ᠋ᠨ ᠳᠠᠷᠤᠭᠳᠠᠨ ᠪᠤᠲᠠᠷᠠᠬᠤ ᠳᠣᠬᠢᠶ᠎ᠠ ᠲᠡᠮᠳᠡᠭ ᠪᠣᠯᠭᠠᠪᠠᠢ᠃ 
       ᠲᠡᠳᠦᠢ ᠬᠢᠳᠠᠨ ᠤ᠋ ᠡᠵᠡᠨ ᠴᠢ ᠸᠠᠩ ᠠ ᠯᠦᠨ᠂ ᠲᠣᠭᠠᠯᠠᠰᠢ ᠦᠭᠡᠢ ᠠᠷᠭᠠᠲᠤ ᠲᠣᠳᠣ ᠴᠧᠩᠰᠢᠶᠠᠩ ᠤ᠋ᠨ ᠠᠯᠤᠰ ᠤ᠋ᠨ ᠤᠭᠲᠤᠯᠭ᠎ᠠ ᠲᠠᠪᠤᠨ ᠵᠠᠭᠤᠨ ᠴᠡᠷᠢᠭ ᠲᠦ᠍ᠷ ᠠᠭᠤᠯᠵᠠᠭᠠᠳ ᠠᠮᠠ ᠪᠠᠨ ᠬᠠᠮᠬᠢᠰᠢ ᠦᠭᠡᠢ ᠪᠠᠶᠠᠷᠯᠠᠭᠠᠳ ᠠᠰᠠᠭᠤᠪᠠᠰᠤ :ᠮᠣᠩᠭᠣᠯ ᠤ᠋ᠨ ᠴᠡᠷᠢᠭ ᠪᠠᠷᠠᠭᠤᠨ ᠬᠣᠢᠲᠤ ᠵᠦᠭ ᠠᠪᠤᠯᠴᠠᠨ᠂ ᠣᠯᠠᠨ ᠴᠡᠷᠢᠭ ᠠᠩᠭᠢ ᠠᠩᠭᠢ ᠪᠠᠷ ᠶᠠᠪᠤᠵᠤ ᠠᠮᠤᠢ᠃ ᠡᠨᠡ ᠵᠠᠮ ᠲᠡᠳᠡᠨ ᠦ᠌ ᠰᠠᠨᠠᠭᠠᠨ ᠳ᠋ᠤ᠌ ᠬᠡᠷᠬᠢᠪᠡᠴᠦ ᠦᠭᠡᠢ ᠬᠡᠮᠡᠬᠦᠢ ᠳ᠋ᠦ᠍ᠷ ᠠ ᠯᠦᠨ ᠸᠠᠩ ᠠᠵᠢᠭ ᠰᠡᠷᠡᠮᠵᠢ ᠦᠭᠡᠢ ᠪᠡᠷ ᠶᠡᠬᠡ ᠪᠠᠢᠷᠢ ᠭᠠᠷᠭᠠᠨ᠂ ᠠᠯᠲᠠᠨ ᠤᠯᠤᠰ ᠤ᠋ᠨ ᠶᠠᠩᠵᠤᠯᠠᠬᠤ ᠮᠠᠶᠢᠭᠯᠠᠬᠤ ᠬᠠᠭᠤᠷᠮᠠᠭ ᠰᠦᠷ ᠦᠵᠡᠮᠵᠢ ᠶ᠋ᠢ ᠳᠠᠭᠤᠷᠢᠶᠠᠨ᠂ ᠵᠢᠷᠭᠤᠭᠠᠬᠠᠨ ᠮᠢᠩᠭᠠᠨ ᠴᠡᠷᠢᠭ ᠢ᠋ᠶ᠋ᠡᠨ ᠵᠢᠷᠠᠨ ᠲᠦᠮᠡᠨ ᠦ᠌ ᠴᠡᠷᠢᠭ ᠮᠡᠲᠦ ᠪᠠᠷᠳᠠᠮᠨᠠᠨ ᠰᠠᠨᠠᠵᠤ᠂ ᠠᠯᠲᠠᠨ ᠮᠥᠩᠭᠥᠨ ᠦ᠌ ᠣᠷᠣᠢ ᠸᠴᠢᠷᠳᠦ ᠲᠡᠭᠷᠢ ᠶ᠋ᠢᠨ ᠬᠥᠪᠡᠭᠦᠨ ᠦ᠌ ᠯᠤᠤ ᠭᠠᠷᠤᠳᠢ ᠶ᠋ᠢᠨ ᠲᠠᠵᠢ ᠮᠠᠩᠨᠤᠭ ᠤ᠋ᠨ ᠥᠷᠭᠥᠭᠡ ᠮᠠᠢᠬᠠᠨ᠂ ᠬᠣᠷᠢᠶ᠎ᠠ ᠬᠦᠷᠢᠶ᠎ᠡ ᠬᠡᠷᠡᠰᠬᠡ ᠭᠢᠰᠬᠢᠭᠦᠷᠲᠦ ᠬᠠᠭᠠᠨ ᠬᠥᠮᠦᠨ ᠦ᠌ ᠰᠢᠷ᠎ᠠ ᠤᠯᠠᠭᠠᠨ ᠲᠤᠭ ᠬᠢᠭᠢᠷᠢ᠂ ᠰᠢᠭᠦᠷ ᠳᠠᠯᠪᠠᠭ᠎ᠠ ᠠᠨᠤ ᠨᠠᠷᠠᠨ ᠢ᠋ ᠬᠠᠯᠬᠠᠯᠠᠨ᠂ ᠸᠠᠩ ᠬᠥᠮᠦᠨ ᠦ᠌ ᠲᠥᠷᠥ ᠶ᠋ᠢᠨ ᠶᠢᠰᠦᠨ ᠵᠢᠭᠰᠠᠭᠠᠯ ᠢ᠋ ᠳᠡᠯᠭᠡᠵᠦ᠂ ᠴᠢᠮᠡᠭ ᠮᠠᠨᠵᠢᠯᠭ᠎ᠠ᠂ ᠬᠡᠩᠭᠡᠷᠭᠡ ᠬᠥᠭᠵᠢᠮ ᠢᠷᠪᠢᠰ ᠦ᠋ᠨ ᠰᠡᠭᠦᠯ᠂ ᠰᠢᠷ᠎ᠠ ᠨᠤᠮᠤ᠂ ᠴᠠᠭᠠᠨ ᠥᠳᠥ᠂ ᠮᠥᠩᠭᠥᠨ ᠦ᠌ ᠰᠦᠬᠡ᠂ ᠠᠯᠳᠠᠮᠠᠯ ᠰᠢᠬᠦᠷ᠂ ᠯᠤᠤᠲᠤ ᠨᠢᠶᠠᠨ ᠲᠡᠷᠭᠡ ᠵᠡᠷᠭᠡ ᠶ᠋ᠢ ᠬᠡᠲᠦᠷᠬᠡᠶ᠎ᠡ ᠪᠡᠯᠡᠳᠬᠡᠨ᠂ ᠶᠢᠰᠦᠨ ᠵᠠᠭᠤᠨ ᠢᠯᠡᠭᠦᠦ ᠬᠥᠮᠦᠨ ᠦ᠌ ᠬᠦᠨᠳᠦ ᠵᠢᠭᠰᠠᠭᠠᠯ ᠵᠢᠭᠰᠠᠭᠠᠵᠤᠬᠤᠢ᠃ ᠥᠭᠡᠳᠡ ᠡᠴᠡ ᠦᠵᠡᠪᠡᠰᠦ ᠦᠨᠡᠬᠡᠷ ᠠᠯᠲᠠᠨ ᠤᠯᠤᠰ ᠤ᠋ᠨ ᠵᠠᠩᠽᠥ᠋ᠩ ᠬᠠᠭᠠᠨ᠂ ᠰᠥᠩ ᠤᠯᠤᠰ ᠤ᠋ᠨ ᠨᠢᠩᠽᠥ᠋ᠩ ᠬᠠᠭᠠᠨ ᠪᠣᠯᠪᠠᠴᠤ ᠰᠦᠷ ᠳᠦᠷᠢᠮ᠂ ᠮᠠᠶᠢᠭ ᠶᠠᠩᠵᠤ ᠡᠭᠦᠨ ᠳ᠋ᠦ᠍ᠷ ᠬᠦᠷᠬᠦ ᠦᠭᠡᠢ᠃ ᠲᠡᠭᠦᠨ ᠦ᠌ ᠪᠠᠭᠤᠳᠠᠯ ᠨᠡᠭᠦᠳᠡᠯ ᠦ᠋ᠨ ᠠᠴᠢᠶ᠎ᠠ ᠬᠥᠰᠬᠡ ᠵᠠᠭᠤᠨ ᠢᠯᠡᠭᠦᠦ ᠲᠡᠷᠭᠡ᠂ ᠲᠡᠮᠡᠭᠡ ᠮᠣᠷᠢ ᠲᠠᠯ᠎ᠠ ᠳᠦᠭᠦᠷᠡᠩ ᠦᠷᠭᠦᠯᠵᠢᠯᠡᠨ ᠵᠠᠯᠭᠠᠯᠳᠤᠵᠤ᠂ ᠰᠥᠨᠢ ᠶ᠋ᠢᠨ ᠵᠤᠯᠠ ᠲᠡᠭᠷᠢ ᠶ᠋ᠢᠨ ᠣᠳᠣᠳ ᠮᠡᠲᠦ ᠬᠢᠯᠠᠪᠠᠯᠵᠠᠨ ᠭᠡᠢᠭᠦᠯᠵᠦᠬᠦᠢ᠃ ᠲᠣᠳᠣ ᠶᠤᠸᠠᠨᠱᠤᠸᠠᠢ ᠡᠭᠦᠨ ᠢ᠋ ᠦᠵᠡᠭᠡᠳ᠂ ᠭᠠᠳᠠᠨ᠎ᠠ ᠪᠠᠨ ᠬᠡᠳᠦᠢ ᠭᠠᠢᠬᠠᠨ ᠮᠠᠭᠲᠠᠵᠤ ᠪᠢᠯᠪᠢᠭᠦᠷᠳᠡᠨ ᠪᠢᠯᠳᠠᠤᠴᠢᠯᠠᠪᠠᠴᠤ᠂ ᠳᠣᠲᠣᠷ᠎ᠠ ᠪᠠᠨ ᠲᠣᠭᠣᠮᠰᠠᠷᠯᠠᠬᠤ ᠦᠭᠡᠢ᠂ ᠳᠣᠳᠤᠷᠬᠠᠶ᠎ᠠ ᠳᠠᠷᠤᠭᠳᠠᠬᠤ ᠶ᠋ᠢ ᠲᠣᠪᠬᠢᠲᠠᠯ᠎ᠠ ᠲᠡᠮᠳᠡᠭᠯᠡᠵᠦ ᠠᠪᠤᠭᠠᠳ ᠲᠣᠯᠣᠭᠠᠢ ᠪᠤᠷᠤᠭᠤᠳᠠᠮᠠᠭᠴᠠ ᠲᠠᠤᠯᠠᠢ ᠶ᠋ᠢᠨ ᠭᠤᠲᠤᠯ ᠡᠮᠦᠰᠬᠦ ᠪᠡᠨ ᠪᠡᠯᠡᠳᠬᠡᠵᠦ ᠠᠪᠤᠭᠠᠳ ᠠ ᠯᠦᠨ ᠸᠠᠩ ᠠ᠋ᠴᠠ ᠠᠰᠠᠭᠤᠷᠤᠨ : 
      《ᠸᠠᠩ ᠡᠵᠡᠨ ᠡᠷᠲᠡ ᠡᠳᠦᠷ ᠮᠣᠩᠭᠣᠯ ᠬᠡᠮᠡᠬᠦ ᠪᠧᠲ᠋ᠠ᠋ ᠤᠯᠤᠰ ᠯᠤᠭ᠎ᠠ ᠪᠠᠢᠯᠳᠤᠨ ᠳᠠᠢᠳᠤᠵᠤ ᠦᠵᠡᠪᠡ ᠤᠤ? 》ᠬᠡᠮᠡᠭᠰᠡᠨ ᠳ᠋ᠦ᠍ᠷ ᠠ ᠯᠦᠨ ᠸᠠᠩ ᠠᠮᠠ ᠪᠠᠨ ᠳᠠᠷᠪᠠᠢᠨ ᠠᠰᠤᠷᠤ ᠪᠠᠷᠳᠠᠮ ᠢ᠋ᠶ᠋ᠠᠷ ᠢᠨᠢᠶᠡᠨ ᠥᠭᠦᠯᠡᠷᠦᠨ :
      《ᠠᠷᠤ ᠡᠯᠡᠰᠦᠨ ᠦ᠌ ᠠᠯᠠᠭᠳᠠᠭ᠎ᠠ᠂ ᠡᠮᠦᠨ᠎ᠡ ᠡᠯᠡᠰᠦᠨ ᠦ᠌ ᠨᠣᠮᠣᠨ ᠰᠣᠬᠣᠷ ᠥᠴᠦᠬᠡᠨ ᠠᠢᠮᠠᠭ ᠢ ᠬᠡᠨ ᠨᠢᠳᠦᠨ᠎ᠡ ᠦᠵᠡᠵᠦ᠂ ᠳᠠᠢᠯᠠᠯᠳᠤᠬᠤ ᠠᠵᠠᠢ ! ᠡᠨᠡ ᠤᠳᠠᠭ᠎ᠠ ᠠᠷᠭ᠎ᠠ ᠦᠭᠡᠢ ᠤᠭ ᠪᠠᠢᠭᠰᠠᠨ ᠨᠠᠢ᠍ᠮᠠᠨ ᠤᠯᠤᠰ ᠤ᠋ᠨ ᠢᠦᠢ ᠬᠠᠰ ᠬᠠᠭᠠᠨ᠂ ᠬᠤᠯᠤᠩᠰᠤ ᠵᠣᠷᠮ᠎ᠠ ᠶ᠋ᠢᠨ ᠮᠣᠩᠭᠣᠯ ᠳ᠋ᠤᠷ ᠬᠣᠯᠠ ᠳ᠋ᠠᠬᠢ ᠴᠡᠷᠢᠭ ᠮᠣᠷᠢᠨ ᠢ᠋ ᠬᠥᠳᠡᠯᠭᠡᠵᠦ ᠬᠤᠷᠠᠭ᠎ᠠ ᠬᠤᠴᠠ ᠶ᠋ᠢ ᠦᠯᠳᠡᠬᠦᠢ ᠳ᠋ᠦ᠍ᠷ ᠬᠣᠲᠠ ᠤᠷᠤᠭ ᠤ᠋ᠨ ᠨᠠᠢᠷ ᠢ᠋ᠶ᠋ᠠᠷ ᠢᠯᠳᠦᠨ ᠢ᠋ ᠬᠥᠳᠡᠯᠭᠡᠬᠦᠢ ᠳ᠋ᠦ᠍ᠷ ᠬᠦᠷᠴᠦᠬᠦᠢ 》ᠬᠡᠮᠡᠭᠰᠡᠨ ᠳ᠋ᠦ᠍ᠷ ᠲᠣᠳᠣ ᠴᠧᠩᠰᠢᠶᠠᠩ ᠳᠣᠲᠣᠷ᠎ᠠ ᠪᠠᠨ ᠶᠡᠬᠡᠯ᠎ᠡ ᠭᠡᠮᠰᠢᠵᠦ᠂ 《ᠡᠨᠡ ᠠᠮᠢᠲᠠᠨ ᠪᠧᠲ᠋ᠠ᠋ ᠤᠯᠤᠰ ᠤ᠋ᠨ ᠪᠡᠷᠬᠡ ᠪᠠᠭᠠᠲᠤᠷ᠂ ᠮᠣᠩᠭᠣᠯ ᠤᠯᠤᠰ ᠤ᠋ᠨ ᠮᠣᠬᠣᠰᠢ ᠦᠭᠡᠢ ᠡᠷᠡᠯᠬᠡᠭ ᠢ᠋ ᠮᠡᠳᠡᠭᠡᠳᠦᠢ ᠠᠵᠤᠭᠤ ! 》ᠭᠡᠮᠡᠨ ᠰᠠᠨᠠᠵᠤ᠂ ᠠᠷᠭ᠎ᠠ ᠦᠭᠡᠢ ᠵᠥᠪᠳᠡᠨ ᠥᠭᠦᠯᠡᠷᠦᠨ᠄ 
      《ᠶᠡᠬᠡ ᠸᠠᠩ ᠤ᠋ᠨ ᠶᠡᠬᠡ ᠴᠡᠷᠢᠭ ᠦᠨᠡᠨ ᠳ᠋ᠦ᠍ᠷ ᠮᠠᠰᠢ ᠰᠦᠷ ᠭᠡᠷᠡᠯᠲᠡᠢ᠃ ᠲᠡᠷᠡ ᠬᠦ᠌ ᠮᠣᠩᠭᠣᠯ ᠯᠤᠭ᠎ᠠ ᠦᠯᠢᠳᠬᠡᠪᠡᠰᠦ ᠮᠣᠯᠣᠷ ᠡᠷᠳᠡᠨᠢ᠂ ᠪᠧᠲ᠋ᠠ᠋ ᠯᠤᠭ᠎ᠠ ᠦᠯᠢᠳᠬᠡᠪᠡᠰᠦ ᠪᠢᠳᠦᠷᠶ᠎ᠡ ᠡᠷᠳᠡᠨᠢ ᠪᠣᠯᠠᠢ᠃ ᠬᠡᠳᠦᠢ ᠲᠡᠢᠮᠦ ᠪᠣᠯᠪᠠᠴᠤ ᠴᠡᠷᠢᠭ ᠲᠡᠢᠨ ᠦ᠌ ᠦᠢᠯᠡ ᠳ᠋ᠦ᠍ᠷ ᠴᠢᠬᠤᠯᠠ ᠠᠨᠤ ᠴᠢᠨᠠᠳᠤ ᠳᠠᠢᠰᠤᠨ ᠢ᠋ ᠪᠠᠰᠤᠮᠵᠢᠯᠠᠬᠤ ᠶ᠋ᠢ ᠴᠡᠭᠡᠷᠯᠡ ᠬᠡᠮᠡᠵᠦᠬᠦᠢ᠃ ᠪᠠᠰᠠ ᠶᠡᠷᠦ ᠶ᠋ᠢᠨ ᠡᠦ᠋ᠭᠡᠨ ᠳ᠋ᠦ᠍ᠷ ᠪᠠᠮᠪᠠᠷ ᠢ᠋ ᠪᠠᠷᠢᠬᠤᠢ ᠳ᠋ᠤᠷ ᠪᠠᠷᠰ ᠮᠡᠲᠦ ᠦᠵᠡᠭᠡᠳ᠂ ᠠᠩ ᠢ᠋ ᠪᠠᠷᠢᠬᠤᠢ ᠳ᠋ᠤᠷ ᠠᠷᠰᠯᠠᠨ ᠠᠳᠠᠯᠢ ᠤᠷᠠᠬᠠᠳᠠᠬᠤᠢ ᠬᠡᠮᠡᠵᠦᠬᠦᠢ᠃ ᠮᠣᠩᠭᠣᠯ ᠤ᠋ᠨ ᠮᠤᠷᠢᠯᠠᠯ ᠠᠨᠤ ᠬᠡᠴᠡᠭᠦᠦ ᠦᠭᠡᠢ᠂ ᠮᠤᠬᠤᠯᠢ ᠠᠨᠤ ᠠᠶᠤᠯᠲᠠᠢ᠃ ᠪᠧᠲ᠋ᠠ᠋ ᠶ᠋ᠢᠨ ᠪᠡᠶ᠎ᠡ ᠬᠡᠴᠡᠭᠦᠦ ᠦᠭᠡᠢ᠃ ᠪᠡᠷᠬᠡ ᠢᠨᠦ ᠮᠤᠬᠤᠯᠢ ᠪᠣᠯᠠᠢ᠃ ᠬᠥᠩᠭᠡᠯᠡᠨ ᠪᠠᠰᠤᠮᠵᠢᠯᠠᠪᠠᠰᠤ ᠦᠯᠦ ᠪᠣᠯᠤᠨᠠᠮ ‍ᠶ᠎ᠠ !  ᠬᠦᠴᠦᠲᠡᠢᠬᠡᠨ ᠰᠢᠭ ᠪᠡᠯᠡᠳᠬᠡᠪᠡᠰᠦ ᠵᠣᠬᠢᠨᠠᠮ ‍ᠶ᠎ᠠ ! 》ᠬᠡᠮᠡᠪᠡᠰᠦ ᠠ ᠯᠦᠨ ᠠᠵᠢᠭ ᠦᠭᠡᠢ ᠢᠨᠢᠶᠡᠨ ᠥᠭᠦᠯᠡᠷᠦᠨ : 
      《ᠬᠦᠨᠡᠰᠦ ᠦᠭᠡᠢ ᠬᠥᠳᠡᠭᠡ ᠬᠡᠭᠡᠷ᠎ᠡ ᠶ᠋ᠢᠨ ᠴᠡᠷᠢᠭ᠂ ᠲᠠᠬ᠎ᠠ ᠦᠭᠡᠢ ᠲᠠᠯ᠎ᠠ ᠶ᠋ᠢᠨ ᠪᠡᠯᠴᠢᠭᠡᠷ ᠦ᠋ᠨ ᠡᠮᠨᠢᠭ ᠦ᠋ᠳ ᠬᠡᠴᠡᠭᠦᠦ ᠪᠣᠯᠪᠠᠴᠤ ᠬᠡᠷᠬᠢᠨ ᠴᠢᠳᠠᠬᠤ᠂ ᠶᠠᠬᠢᠷ ᠬᠡᠮᠡᠭᠡᠳ ᠶᠠᠭᠠᠬᠢᠨ ᠴᠢᠳᠠᠨᠠᠮ?  ᠬᠠᠳᠠ ᠴᠢᠯᠠᠭᠤᠲᠤ ᠮᠠᠨ ᠤ᠋ ᠭᠠᠵᠠᠷ ᠤ᠋ᠨ ᠬᠠᠲᠠᠭᠰᠠᠨ ᠲᠠᠬᠠᠲᠤ ᠲᠤᠭᠤᠷᠠᠢ ᠴᠤ᠌ ᠵᠡᠪᠰᠡᠭ᠂ ᠬᠠᠰᠠᠭ ᠲᠡᠷᠭᠡ ᠳ᠋ᠦ᠍ᠷ ᠲᠡᠭᠡᠭᠡᠭᠰᠡᠨ ᠠᠮᠤ ᠬᠦᠨᠡᠰᠦ᠂ ᠬᠠᠷ᠎ᠠ ᠮᠣᠩᠭᠣᠯ ᠤ᠋ᠨ ᠬᠠᠨ ᠬᠠᠲᠤᠨ ᠳ᠋ᠤᠷ ᠴᠤ᠌ ᠬᠤᠷᠢᠮ᠂ ᠬᠠᠲᠠᠭᠤ ᠭᠠᠵᠠᠷ ᠤ᠋ᠨ ᠮᠠᠢᠬᠠᠨ ᠤ᠋ ᠲᠡᠮᠦᠷ ᠭᠠᠳᠠᠰᠤ᠂ ᠬᠠᠱᠠᠩ ᠮᠣᠩᠭᠣᠯ ᠤ᠋ᠨ ᠬᠠᠲᠤᠨ ᠤ᠋ ᠬᠠᠳᠬᠤᠷ ᠪᠢᠰᠢᠦ ? ᠦᠮᠡᠬᠡᠢ ᠮᠣᠩᠭᠣᠯ ᠤ᠋ᠨ ᠦᠵᠡᠭᠰᠡᠨ ᠢᠨᠦ ᠶᠠᠭᠤᠨ ? ᠰᠢᠩᠬᠡᠭ ᠮᠣᠩᠭᠣᠯ ᠤ᠋ᠨ ᠰᠢᠨᠵᠢᠭᠰᠡᠨ ᠢᠨᠦ ᠠᠯᠢ ᠪᠣᠢ? ᠠᠩᠭᠠᠰ ᠠᠩᠭᠠᠰ ᠵᠠᠵᠢᠯᠵᠤ ᠰᠠᠭᠤᠬᠤ᠂ ᠠᠯᠴᠠᠭ ᠠᠯᠴᠠᠭ ᠠᠷᠭᠠᠯ ᠲᠡᠭᠦᠭᠴᠢ ᠮᠣᠩᠭᠣᠯ᠂ ᠠᠳᠤᠭᠤ ᠮᠠᠯ ᠯᠤᠭ᠎ᠠ ᠪᠠᠨ ᠬᠣᠨᠣᠵᠤ ᠬᠡᠪᠲᠡᠬᠦ᠂ ᠠᠷᠭᠠᠯ ᠬᠣᠷᠭᠣᠯ ᠢ᠋ᠶ᠋ᠠᠨ ᠬᠡᠮᠡᠯᠢᠵᠦ ᠠᠮᠢᠳᠤᠷᠠᠭᠴᠢ ᠮᠣᠩᠭᠣᠯ ! 》 ᠭᠡᠮᠡᠨ ᠮᠠᠰᠢᠳᠠ ᠪᠠᠰᠤᠮᠵᠢᠯᠠᠨ ᠦᠯᠦ ᠣᠢᠰᠢᠶᠠᠨ᠂ ᠬᠦᠷᠢᠶ᠎ᠡ ᠪᠠᠭᠤᠳᠠᠯ ᠢ᠋ ᠬᠡᠲᠦᠷᠬᠡᠶ᠎ᠡ ᠶᠠᠩᠵᠤᠯᠠᠨ ᠴᠢᠮᠡᠭᠯᠡᠵᠦ᠂ ᠶᠠᠩᠪᠠᠯᠠᠨ ᠶᠡᠬᠡᠷᠬᠡᠵᠦ ᠭᠤᠷᠪᠠᠨ ᠳᠠᠪᠬᠤᠷ ᠬᠣᠲᠠ ᠬᠣᠷᠢᠶ᠎ᠠ ᠴᠤᠨᠴᠠᠯᠠᠨ᠂ ᠬᠤᠪᠴᠠᠳ ᠬᠤᠶᠠᠭ ᠤ᠋ᠨ ᠭᠡᠷ᠂ ᠡᠮᠡᠭᠡᠯ ᠬᠠᠵᠠᠭᠠᠷ ᠤ᠋ᠨ ᠳᠠᠷᠤᠭ᠎ᠠ᠂ ᠢᠳᠡᠭᠡᠨ ᠭᠡᠷ ᠦ᠋ᠨ ᠳᠠᠷᠤᠭ᠎ᠠ᠂ ᠵᠤᠯᠠ ᠭᠡᠷᠡᠯ ᠦ᠋ᠨ ᠳᠠᠭᠠᠭᠠᠮᠠᠯ ᠭᠡᠮᠡᠨ ᠲᠠᠯᠪᠢᠵᠤ᠂ ᠪᠠᠭᠤᠳᠠᠯ ᠪᠦᠷᠢ ᠳ᠋ᠦ᠍ᠷ ᠰᠢᠷᠤᠭ ᠪᠣᠰᠬᠠᠨ ᠡᠭᠦᠳᠡ ᠴᠣᠭᠴᠠᠯᠠᠵᠤ᠂ ᠵᠢᠯ ᠰᠠᠷ᠎ᠠ ᠪᠠᠷ ᠨᠤᠲᠤᠭᠯᠠᠬᠤ ᠮᠡᠲᠦ ᠠᠭᠠᠰᠢᠯᠠᠬᠤᠢ ᠳ᠋ᠤᠷ ᠲᠣᠳᠣ ᠴᠧᠩᠰᠢᠶᠠᠩ ᠳᠣᠲᠣᠷ᠎ᠠ ᠪᠠᠨ ᠢᠨᠢᠶᠡᠵᠦ《ᠮᠣᠬᠣᠰᠢ ᠦᠭᠡᠢ ᠵᠣᠷᠢᠭᠲᠤ ᠮᠣᠩᠭᠣᠯ ᠤ᠋ᠨ ᠮᠤᠬᠤᠯᠢ ᠬᠤᠪᠢᠯᠭᠠᠨ ᠯᠤᠭ᠎ᠠ ᠡᠨᠡ ᠪᠠᠢᠳᠠᠯ ᠢ᠋ᠶ᠋ᠠᠷ ᠶᠠᠭᠠᠬᠢᠨ ᠲᠤᠯᠵᠤ ᠪᠠᠢᠯᠳᠤᠬᠤ ᠪᠣᠢ ! 》 ᠭᠡᠮᠡᠨ ᠲᠣᠯᠣᠭᠠᠢ ᠭᠤᠯᠵᠢᠢᠨ ᠠᠷᠭ᠎ᠠ ᠦᠭᠡᠢ ᠬᠠᠮᠲᠤ ᠪᠠᠭᠤᠳᠠᠯᠯᠠᠨ ᠶᠠᠪᠤᠭᠰᠠᠭᠠᠷ ᠠ ᠯᠦᠨ ᠸᠠᠩ ᠨᠢᠭᠡᠨ ᠡᠳᠦᠷ ᠬᠤᠣᠯᠪᠤᠤ ᠮᠠᠩᠬᠠᠨ ᠤ᠋ ᠵᠡᠭᠦᠨ ᠪᠡᠶ᠎ᠡ ᠳ᠋ᠦ᠍ᠷ ᠬᠦᠷᠴᠦ ᠮᠥᠨ ᠬᠦ᠌ ᠶᠠᠩᠵᠤᠯᠠᠨ ᠶᠡᠬᠡ ᠬᠦᠷᠢᠶ᠎ᠡ ᠪᠠᠭᠤᠭᠠᠳ᠂ ᠠᠪᠠ ᠬᠣᠮᠣᠷᠭᠠᠨ ᠤ᠋ ᠪᠠᠶᠠᠷ ᠴᠡᠩᠭᠡᠯ ᠪᠣᠯᠤᠭᠰᠠᠨ ᠮᠡᠲᠦ ᠵᠢᠷᠭᠤᠭᠠᠨ ᠮᠢᠩᠭᠠᠨ ᠴᠡᠷᠢᠭ ᠦ᠋ᠨ ᠨᠢᠭᠡᠨ ᠮᠢᠩᠭᠠᠨ ᠢ᠋ ᠠᠨᠤ ᠥᠪᠡᠷᠦᠨ ᠬᠦᠷᠢᠶ᠎ᠡ ᠪᠠᠭᠤᠳᠠᠯ ᠤ᠋ᠨ ᠵᠠᠭᠤᠨ ᠵᠦᠢᠯ ᠦ᠋ᠨ ᠮᠠᠶᠢᠭ ᠲᠠᠶᠢᠭᠲᠤ ᠰᠦᠷ ᠦᠵᠡᠮᠵᠢ ᠶ᠋ᠢᠨ ᠶᠡᠬᠡ ᠪᠠᠭ᠎ᠠ᠂ ᠳᠣᠲᠣᠷ᠎ᠠ ᠭᠠᠳᠠᠨ᠎ᠠ ᠶ᠋ᠢᠨ ᠪᠦᠳᠦᠭᠦᠨ ᠨᠠᠷᠢᠨ ᠵᠢᠭᠰᠠᠭᠠᠯ ᠪᠠᠢᠷᠢᠯᠠᠯ ᠳ᠋ᠤᠷ ᠬᠡᠷᠡᠭᠯᠡᠭᠡᠳ᠂ ᠦᠯᠡᠭᠰᠡᠨ ᠲᠠᠪᠤᠬᠠᠨ ᠮᠢᠩᠭᠠᠨ ᠴᠡᠷᠢᠭ ᠢ᠋ᠶ᠋ᠡᠨ ᠲᠠᠯ᠎ᠠ ᠲᠦᠭᠦᠷᠡᠲᠡᠯ᠎ᠡ ᠳᠡᠯᠭᠡᠨ ᠪᠠᠭᠤᠳᠠᠯᠯᠠᠭᠤᠯᠵᠤ᠂ ᠲᠦᠮᠡᠨ ᠴᠡᠷᠢᠭ ᠦ᠋ᠨ ᠪᠠᠢᠳᠠᠯ ᠢ᠋ᠶ᠋ᠠᠷ ᠰᠦᠷ ᠦᠵᠡᠭᠦᠯᠦᠨ ᠠᠭᠠᠰᠢᠯᠠᠵᠤ ᠳᠡᠮᠡᠢᠯᠡ ᠬᠢᠷᠢ ᠬᠡᠮᠵᠢᠶ᠎ᠡ ᠦᠭᠡᠢ ᠪᠡᠷ ᠶᠡᠬᠡ ᠪᠠᠢᠷᠢ ᠲᠠᠯᠪᠢᠨ ᠵᠢᠷᠭᠤᠭᠠᠨ ᠮᠢᠩᠭᠠᠨ ᠤ᠋ ᠲᠡᠷᠢᠭᠦᠯᠡᠭᠴᠢ ᠨᠣᠶᠠᠳ ᠢ᠋ᠶ᠋ᠠᠨ ᠴᠤᠭᠯᠠᠭᠤᠯᠤᠨ ᠭᠠᠵᠠᠷ ᠬᠡᠮᠵᠢᠶᠡᠯᠡᠨ᠂ ᠳᠡᠭᠡᠰᠦᠨ ᠬᠦᠷᠢᠶ᠎ᠡ ᠲᠠᠲᠠᠵᠤ᠂ ᠣᠨᠢᠭᠤᠯ ᠬᠡᠷᠡᠮ ᠤᠬᠤᠬᠤ ᠲᠢᠭ ᠲᠥᠯᠥᠪ ᠢ᠋ ᠲᠣᠭᠲᠠᠭᠠᠨ᠂ ᠪᠠᠰᠠ ᠴᠡᠷᠢᠭ ᠦ᠋ᠨ ᠬᠦᠨᠡᠰᠦᠨ ᠦ᠌ ᠠᠮᠤ ᠡᠪᠡᠰᠦᠨ ᠦ᠌ ᠬᠣᠷᠢᠶ᠎ᠠ ᠯᠢᠶᠠᠩ ᠲᠠᠢ – ᠰᠡᠷᠢᠭᠦᠨ ᠳᠡᠭᠲᠡᠷ ᠢ᠋ ᠬᠣᠶᠠᠷ ᠳᠠᠪᠬᠤᠷ ᠬᠦᠷᠢᠶᠡᠯᠡᠨ ᠪᠠᠷᠢᠬᠤ ᠪᠠᠷ ᠵᠠᠷᠯᠠᠨ ᠵᠠᠬᠢᠵᠤ《ᠠᠷᠪᠠᠨ ᠡᠳᠦᠷ ᠪᠣᠯᠲᠠᠯ᠎ᠠ ᠴᠡᠷᠢᠭ ᠡᠰᠡ ᠢᠷᠠᠪᠠᠰᠤ ᠰᠠᠶᠢ ᠣᠷᠣᠭᠰᠢ ᠳᠠᠪᠰᠢᠨ ᠴᠡᠷᠢᠭ ᠣᠷᠣᠮᠤᠢ᠃ ᠠᠷᠪᠠᠨ ᠡᠳᠦᠷ ᠦ᠋ᠨ ᠳᠣᠲᠣᠷ᠎ᠠ ᠴᠡᠷᠢᠭ ᠲᠤᠯᠤᠨ ᠢᠷᠠᠪᠠᠰᠤ᠂ ᠬᠦᠷᠢᠶ᠎ᠡ ᠶ᠋ᠢ ᠪᠠᠲᠤᠳᠠ ᠰᠠᠬᠢᠵᠤ ᠰᠠᠮᠠᠭᠤᠨ ᠵᠡᠪᠡ ᠪᠡᠷ ᠬᠠᠷᠪᠤᠨ ᠵᠣᠭᠰᠣᠭ᠎ᠠ᠃ ᠮᠣᠩᠭᠣᠯ ᠤ᠋ᠨ ᠴᠡᠷᠢᠭ ᠦ᠋ᠨ ᠬᠣᠢᠨ᠎ᠠ ᠠ᠋ᠴᠠ ᠨᠠᠢ᠍ᠮᠠᠨ ᠤ᠋ ᠴᠡᠷᠢᠭ ᠨᠡᠬᠡᠵᠦ ᠢᠷᠡᠭᠰᠡᠨ ᠬᠣᠢᠨ᠎ᠠ ᠰᠠᠶᠢ ᠬᠣᠶᠠᠷ ᠡᠲᠡᠭᠡᠳ ᠡᠴᠡ ᠬᠠᠪᠴᠢᠨ ᠪᠠᠢᠯᠳᠤᠮᠤᠢ 》ᠭᠡᠮᠡᠨ ᠵᠠᠷᠯᠢᠭ ᠲᠣᠭᠲᠠᠭᠠᠭᠠᠳ᠂ 《 ᠮᠠᠷᠭᠠᠲᠠ ᠠ᠋ᠴᠠ ᠤᠨᠢᠭᠤᠯ ᠬᠡᠷᠡᠮ ᠢ᠋ ᠡᠬᠢᠯᠡᠨ ᠤᠬᠤᠵᠤ ᠴᠣᠭᠴᠠᠯᠠᠮᠤᠢ᠃ ᠡᠨᠡ ᠪᠣᠯᠪᠠᠰᠤ ᠭᠠᠭᠴᠠ ᠮᠣᠩᠭᠣᠯ ᠤᠯᠤᠰ ᠢ᠋ ᠰᠡᠵᠢᠭᠯᠡᠭᠦᠯᠦᠨ᠂ ᠳᠡᠭᠦᠨᠦ ᠴᠡᠷᠢᠭ ᠦ᠋ᠨ ᠬᠦᠴᠦᠨ ᠢ᠋ ᠬᠣᠶᠠᠷ ᠲᠡᠰᠢ ᠬᠤᠪᠢᠶᠠᠭᠳᠠᠭᠤᠯᠤᠨ ᠵᠠᠪᠰᠠᠷᠳᠠᠭᠤᠯᠬᠤ ᠠᠷᠭ᠎ᠠ ᠪᠣᠢ ᠢ᠎ᠡ᠂ ᠣᠨᠴᠠ ᠲᠡᠭᠦᠨ ᠯᠦ᠍ᠭᠡ ᠦᠬᠦᠬᠦ ᠰᠡᠬᠡᠬᠦ ᠶ᠋ᠢ ᠢᠯᠭᠠᠬᠤ ᠠᠨᠤ ᠪᠤᠰᠤ᠂ ᠮᠣᠩᠭᠣᠯ ᠤ᠋ᠨ ᠲᠤᠰ ᠡᠰᠡᠷᠭᠦᠴᠡᠯ᠂ ᠨᠠᠢ᠍ᠮᠠᠨ ᠤ᠋ ᠵᠢᠷᠭᠤᠭᠠᠨ ᠲᠦᠮᠡᠨ ᠦ᠌ ᠶᠡᠬᠡ ᠴᠡᠷᠢᠭ ᠬᠦᠷᠴᠦ ᠢᠷᠡᠭᠰᠡᠨ ᠴᠠᠭᠳᠠ᠂ ᠮᠣᠩᠭᠣᠯ ᠢ᠋ ᠬᠣᠶᠠᠷ ᠡᠲᠡᠭᠡᠳ ᠡᠴᠡ ᠬᠠᠪᠴᠢᠨ ᠪᠠᠢᠯᠳᠤᠮᠤᠢ 》ᠬᠡᠮᠡᠪᠡ᠃ 
       ᠡᠨᠡ ᠦᠶ᠎ᠡ ᠳ᠋ᠦ᠍ᠷ ᠮᠣᠩᠭᠣᠯ ᠤ᠋ᠨ ᠵᠣᠴᠢ ᠴᠢᠨ ᠸᠠᠩ᠂ ᠬᠡᠳᠦᠢᠪᠡᠷ ᠵᠢᠨᠦᠩ ᠯᠦ᠍ᠭᠡ ᠴᠡᠷᠢᠭ ᠦ᠋ᠨ ᠴᠠᠭᠠᠵᠠ ᠶ᠋ᠢᠨ ᠮᠠᠯᠵᠢᠶ᠎ᠠ ᠪᠢᠴᠢᠭ ᠪᠠᠢᠭᠤᠯᠤᠭᠰᠠᠨ ᠪᠣᠯᠪᠠᠴᠤ᠂ ᠬᠢᠳᠠᠨ ᠤ᠋ ᠴᠡᠷᠢᠭ ᠬᠡᠷᠬᠢᠪᠡᠴᠦ ᠲᠠᠯᠠᠭᠠᠷ ᠴᠡᠷᠢᠭ ᠦ᠋ᠨ ᠬᠦᠴᠦᠨ ᠢ᠋ ᠰᠦᠢᠳᠬᠡᠨ ᠡᠭᠡᠷᠡᠮ᠎ᠡ ᠬᠡᠭᠡᠷ᠎ᠡ ᠲᠠᠯ᠎ᠠ ᠪᠠᠷ ᠢᠷᠡᠬᠦ ᠦᠭᠡᠢ᠂ ᠲᠡᠢᠮᠦ ᠪᠣᠯᠪᠠᠴᠤ ᠬᠦᠯᠢᠶᠡᠰᠦᠭᠡᠢ ᠭᠡᠮᠡᠨ ᠮᠠᠰᠢᠳᠠ ᠬᠠᠯᠠᠰᠢᠷᠠᠨ ᠤᠢᠳᠴᠤ ᠵᠢᠬᠡᠭᠦᠨ ᠢ᠋ᠶ᠋ᠡᠷ ᠢᠨᠢᠶᠡᠵᠦ ᠪᠠᠢᠲᠠᠯ᠎ᠠ ᠭᠡᠨᠡᠳᠲᠡ ᠬᠣᠯᠠ ᠳ᠋ᠠᠬᠢ ᠲᠤᠷᠰᠢᠭᠤᠯ ᠤ᠋ᠨ ᠴᠡᠷᠢᠭ ᠳᠣᠪᠲᠣᠯᠤᠨ ᠢᠷᠡᠵᠦ 《ᠬᠢᠳᠠᠨ ᠤᠯᠤᠰ ᠤ᠋ᠨ ᠴᠡᠷᠢᠭ ᠦᠨᠡᠬᠡᠷ ᠲᠡᠭᠷᠢ ᠶ᠋ᠢᠨ ᠲᠦᠮᠡᠨ ᠣᠳᠣᠳ ᠤ᠋ᠨ ᠵᠢᠭᠰᠠᠭᠠᠯ ᠵᠢᠭᠰᠠᠭᠠᠵᠤ ᠶᠠᠪᠤᠭᠰᠠᠭᠠᠷ ᠬᠣᠣᠯᠪᠣᠤ ᠮᠠᠩᠬᠠᠨ ᠤ᠋ ᠵᠡᠭᠦᠨ ᠭᠣᠣᠯ ᠳ᠋ᠤᠷ ᠶᠡᠬᠡ ᠬᠦᠷᠢᠶ᠎ᠡ ᠪᠠᠭᠤᠵᠤ᠂ ᠵᠠᠷ ᠵᠡᠪᠰᠡᠭ ᠲᠤᠭ ᠬᠢᠭᠢᠷᠢ᠂ ᠭᠠᠵᠠᠷ ᠳᠡᠯᠡᠬᠡᠢ ᠶ᠋ᠢ ᠪᠦᠷᠬᠦᠨ᠂ ᠬᠥᠮᠦᠨ ᠦ᠌ ᠨᠢᠳᠦᠨ ᠢ᠋ ᠭᠢᠯᠠᠰᠠᠭᠠᠮᠤᠢ᠃ ᠲᠡᠭᠦᠨ ᠦ᠌ ᠰᠦᠷ ᠳᠦᠷᠢᠮ ᠢᠨᠦ ᠠᠯᠲᠠᠨ ᠤᠯᠤᠰ ᠤ᠋ᠨ ᠶᠡᠬᠡ ᠴᠡᠷᠢᠭ ᠡᠴᠡ ᠳᠣᠣᠷ᠎ᠠ ᠦᠭᠡᠢ᠂ ᠴᠡᠷᠢᠭ ᠦ᠋ᠨ ᠳᠡᠯᠭᠡᠮᠡᠯ ᠪᠠᠢᠳᠠᠯ ᠢ᠋ ᠦᠵᠡᠪᠡᠰᠦ ᠲᠦᠮᠡᠨ ᠴᠡᠷᠢᠭ ᠦ᠋ᠨ ᠲᠥᠯᠥᠪ ᠪᠠᠢᠳᠠᠯ ᠪᠣᠢ᠃ ᠬᠦᠷᠢᠶ᠎ᠡ ᠪᠠᠭᠤᠳᠠᠯ ᠤ᠋ᠨ ᠲᠤᠯᠭ᠎ᠠ ᠭᠣᠯᠣᠮᠲᠠ ᠶ᠋ᠢᠨ ᠣᠷᠣᠮ ᠢ᠋ ᠲᠣᠭᠠᠯᠠᠪᠠᠰᠤ ᠳᠣᠯᠣᠭᠠᠨ ᠮᠢᠩᠭᠠᠨ ᠠᠷᠠᠢ ᠬᠦᠷᠬᠦ ᠦᠭᠡᠢ ᠮᠡᠲᠦ᠃ ᠭᠡᠪᠡᠴᠦ ᠲᠠᠷᠬᠠᠭᠠᠭᠰᠠᠨ ᠴᠤᠤ ᠦᠭᠡᠰ ᠢᠨᠣ᠄ ᠲᠡᠷᠭᠡ ᠪᠠ ᠲᠡᠮᠡᠭᠡᠨ ᠠᠴᠢᠶ᠎ᠠ ᠪᠠᠷ ᠵᠥᠭᠡᠭᠡᠪᠡᠰᠦ ᠲᠦᠮᠡᠨ ᠴᠡᠷᠢᠭ ᠦ᠋ᠨ ᠭᠤᠷᠪᠠᠨ ᠰᠠᠷ᠎ᠠ ᠶ᠋ᠢᠨ ᠢᠳᠡᠬᠦ ᠠᠮᠤ ᠬᠦᠨᠡᠰᠦ ᠪᠣᠢ ᠬᠡᠮᠡᠮᠦᠢ᠂ ᠬᠥᠬᠡ ᠪᠠ ᠨᠣᠭᠣᠭᠠᠨ ᠥᠩᠭᠡᠲᠦ ᠲᠤᠭ ᠬᠢᠭᠢᠷᠢ᠂ ᠥᠷᠭᠥᠭᠡ ᠮᠠᠢᠬᠠᠨ᠂ ᠬᠣᠲᠠ ᠬᠦᠷᠢᠶ᠎ᠡ᠂ ᠴᠢᠮᠡᠭ ᠵᠤᠯᠠ ᠲᠠᠢ ᠠᠨᠤ ᠶᠡᠬᠡ ᠠᠮᠤ ᠬᠦᠨᠡᠰᠦᠨ ᠦ᠌ ᠰᠠᠩ ᠬᠦᠦ ᠯᠢ —ᠶᠠᠩ ᠲᠠᠢ ᠬᠡᠮᠡᠬᠦ ᠬᠦᠷᠢᠶ᠎ᠡ ᠮᠥᠨ᠃ ᠭᠤᠷᠪᠠᠨ ᠳᠠᠪᠬᠤᠷ ᠤ᠋ᠨ ᠴᠡᠷᠢᠭ ᠦ᠋ᠨ ᠬᠣᠷᠢᠶ᠎ᠠ ᠴᠥᠮ ᠮᠠᠨᠠᠭ᠎ᠠ ᠰᠠᠬᠢᠭᠤᠷᠲᠠᠢ᠃ ᠪᠠᠰᠠ ᠰᠣᠨᠣᠰᠬᠤᠯ᠎ᠠ᠂ ᠨᠠᠢ᠍ᠮᠠᠨ ᠤ᠋ ᠪᠤᠯᠤ ᠢᠦᠢ ᠬᠠᠭᠠᠨ ᠤ᠋ ᠡᠮᠦᠨ᠎ᠡ ᠡᠴᠡ ᠲᠡᠷᠢᠭᠦᠯᠡᠭᠰᠡᠨ ᠴᠧᠩᠰᠢᠶᠠᠩ ᠪᠥᠭᠡᠳ ᠶᠡᠬᠡ ᠶᠤᠸᠠᠨᠱᠤᠸᠠᠢ ᠲᠣᠳᠣ ᠶ᠋ᠢ ᠮᠢᠩᠭᠠᠨ ᠴᠡᠷᠢᠭ ᠢ᠋ᠶ᠋ᠡᠷ ᠤᠭᠲᠤᠵᠤ ᠢᠷᠡᠨ ᠨᠡᠢᠯᠡᠭᠡᠳ ᠡᠳᠦᠭᠡ ᠬᠣᠣᠯᠪᠣᠣ ᠮᠠᠩᠬᠠᠨ ᠤ᠋ ᠶᠡᠬᠡ ᠪᠠᠭᠤᠳᠠᠯ ᠳ᠋ᠤᠷ ᠪᠠᠭᠤᠳᠠᠯᠯᠠᠵᠤᠬᠤᠢ᠃ ᠨᠡᠢᠯᠡᠬᠦᠢ ᠶ᠋ᠢᠨ ᠤᠷᠢᠳ ᠪᠠᠭᠤᠳᠠᠯ ᠤ᠋ᠨ ᠭᠠᠯ ᠭᠣᠯᠣᠮᠲᠠ ᠶ᠋ᠢᠨ ᠣᠷᠣᠮ ᠢ᠋ ᠲᠣᠭᠠᠯᠠᠪᠠᠰᠤ ᠲᠠᠪᠤᠨ ᠵᠠᠭᠤᠨ ᠴᠡᠷᠢᠭ ᠡᠴᠡ ᠬᠡᠲᠦᠷᠡᠬᠦ ᠦᠭᠡᠢ 》ᠬᠡᠮᠡᠭᠰᠡᠨ ᠳ᠋ᠦ᠍ᠷ ᠲᠠᠢᠽᠢ ᠴᠢᠨ ᠸᠠᠩ ᠵᠣᠴᠢ ᠶᠡᠬᠡᠯ᠎ᠡ ᠰᠣᠴᠢᠨ ᠭᠠᠢᠬᠠᠵᠤ ᠂ ᠰᠢᠳᠠᠷ ᠳᠡᠷᠭᠡᠳᠡ ᠶ᠋ᠢᠨ ᠨᠠᠢ᠍ᠮᠠᠨ ᠪᠠᠭ᠎ᠠ ᠵᠠᠩᠵᠤᠨ ᠤ᠋ ᠵᠦᠭ ᠬᠡᠯᠡ ᠪᠣᠯᠲᠤᠢᠯᠭᠠᠵᠤ ᠢᠨᠢᠶᠡᠨ ᠥᠭᠦᠯᠡᠷᠦᠨ᠄ 
      《ᠮᠠᠨ ᠤ᠋ ᠵᠢᠨᠦᠩ ᠦᠨᠡᠬᠡᠷ ᠭᠠᠢᠬᠠᠮᠰᠢᠭ ᠲᠠᠢ ᠪᠣᠯᠠᠢ᠃ ᠡᠨᠡ ᠤᠳᠠᠭ᠎ᠠ ᠳ᠋ᠤᠷ ᠪᠢ ᠬᠡᠷᠪᠡ ᠲᠡᠭᠦᠨ ᠦ᠌ ᠬᠡᠯᠡᠭᠰᠡᠨ ᠦᠭᠡ ᠶᠣᠰᠣᠭᠠᠷ ᠪᠦᠷᠢᠨ᠎ᠡ ᠶᠠᠪᠤᠵᠤ ᠡᠰᠡ ᠴᠢᠳᠠᠪᠠᠰᠤ ᠵᠡᠷᠭᠡ ᠰᠠᠭᠤᠷᠢᠨ᠂ ᠴᠣᠯᠠ ᠬᠡᠷᠬᠡᠮ ᠢ᠋ᠶ᠋ᠡᠨ ᠠᠪᠲᠠᠬᠤᠢ ᠶ᠋ᠢᠨ ᠬᠡᠷᠡᠭ ᠬᠠᠷᠢᠨᠴᠤ ᠭᠠᠢᠭᠤᠢ᠂ ᠡᠴᠢᠭᠡ ᠬᠠᠭᠠᠨ ᠪᠠ ᠵᠢᠨᠦᠩ ᠬᠣᠶᠠᠷ ᠮᠥᠷᠢᠰᠦᠯᠲᠦᠭᠡ ᠡᠭᠦᠰᠪᠡᠰᠦ ᠮᠠᠰᠢᠳᠠ ᠠᠶᠤᠮᠰᠢᠭᠲᠠᠢ ᠪᠣᠯᠠᠢ᠃ ᠣᠯᠠᠨ ᠵᠠᠩᠵᠤᠨ ᠨᠠᠷ ᠲᠠᠨ ᠪᠦᠭᠦᠳᠡᠭᠡᠷ ᠠᠩᠭᠢᠳᠠ ᠬᠦᠴᠦᠯᠡᠨ ᠴᠢᠷᠮᠠᠢᠵᠤ᠂ ᠲᠡᠨᠡᠭ ᠸᠠᠩ ᠨᠠᠳᠤᠷ ᠲᠤᠰᠠᠯᠠᠨ ᠡᠨᠡ ᠨᠢᠭᠡᠨ ᠵᠦᠢᠯ ᠦ᠋ᠨ ᠮᠠᠯᠵᠢᠶ᠎ᠠ ᠶ᠋ᠢᠨ ᠶᠠᠯ᠎ᠠ ᠠ᠋ᠴᠠ ᠲᠡᠩᠬᠡᠷᠡᠭᠦᠯᠦᠨ ᠭᠠᠷᠭᠠᠭᠲᠤᠨ ! 》 ᠬᠡᠮᠡᠭᠰᠡᠨ ᠳ᠋ᠦ᠍ᠷ ᠣᠯᠠᠨ ᠢᠳᠡᠷ ᠵᠠᠯᠠᠭᠤ ᠵᠠᠩᠵᠤᠨ ᠨᠠᠷ ᠲᠡᠷᠢᠭᠦᠯᠡᠨ ᠣᠯᠠᠨ ᠴᠡᠷᠢᠭ ᠬᠤᠶᠠᠭ ᠤ᠋ᠳ ᠨᠢᠭᠡᠨ ᠳᠠᠭᠤᠨ ᠢ᠋ᠶ᠋ᠠᠷ ᠲᠦᠴᠢᠭᠢᠨᠡᠲᠡᠯ᠎ᠡ ᠰᠥᠭᠥᠳᠴᠦ᠂ 《ᠵᠠᠩᠵᠤᠨ ᠴᠡᠷᠢᠭ ᠦ᠋ᠳ ᠳᠤᠷᠠᠲᠠᠵ᠎ᠠ ᠲᠠᠢᠽᠢ ᠸᠠᠩ ᠤ᠋ᠨ ᠢ᠋ᠶ᠋ᠠᠨ ᠡᠮᠦᠨ᠎ᠡ ᠠᠮᠢ ᠪᠠᠨ ᠲᠡᠪᠴᠢᠵᠦ ᠦᠬᠦᠨ ᠵᠢᠳᠬᠦᠵᠦ ᠭᠠᠪᠢᠶ᠎ᠠ ᠪᠠᠢᠭᠤᠯᠰᠤᠭᠠᠢ᠃ ᠠᠯᠢᠪᠠ ᠴᠡᠷᠢᠭ ᠦ᠋ᠨ ᠦᠢᠯᠡ ᠠᠵᠢᠯ ᠲᠦᠷᠭᠡᠨ ᠬᠤᠷᠴᠠ ᠶ᠋ᠢ ᠡᠷᠬᠢᠮ ᠪᠣᠯᠭᠠᠵᠤᠬᠤᠢ᠃ ᠨᠡᠩᠳᠡ ᠪᠠᠰᠠ ᠡᠨᠳᠡ ᠢᠷᠡᠭᠡᠳ ᠭᠤᠷᠪᠠ ᠳᠥᠷᠪᠡᠨ ᠡᠳᠦᠷ ᠬᠡᠷᠡᠭ ᠦᠭᠡᠢ ᠰᠠᠭᠤᠪᠠᠰᠤ ᠬᠦᠨᠡᠰᠦ ᠬᠣᠭᠣᠯᠠ ᠪᠠᠨ ᠲᠠᠯᠠᠭᠠᠷ ᠪᠦᠷᠢᠯᠭᠡᠮᠦᠢ᠃ ᠴᠢᠳᠠᠬᠤᠯ᠎ᠠ ᠮᠥᠨ ᠰᠥᠨᠢ ᠪᠡᠷ ᠳᠠᠷᠤᠨ ᠣᠷᠣᠵᠤ᠂ ᠲᠡᠳᠡᠨ ᠦ᠌ ᠬᠦᠷᠢᠶ᠎ᠡ ᠪᠠᠢᠭᠤᠯᠤᠨ ᠵᠠᠪᠳᠤᠬᠤ ᠶ᠋ᠢᠨ ᠤᠷᠢᠳ ᠪᠠᠢᠯᠳᠤᠨ ᠪᠠᠷᠢᠪᠠᠰᠤ᠂ ᠯᠠᠪ ᠭᠠᠪᠢᠶ᠎ᠠ ᠪᠦᠲᠦᠮᠦᠢ 》ᠭᠡᠮᠡᠨ ᠪᠦᠭᠦᠳᠡᠭᠡᠷ ᠱᠦᠯᠬᠦᠲᠦᠬᠦᠢ ᠳ᠋ᠦ᠍ᠷ ᠲᠠᠢᠽᠢ ᠵᠣᠴᠢ ᠣᠯᠠᠨ ᠵᠠᠩᠵᠤᠨ ᠴᠡᠷᠢᠭ ᠦ᠋ᠨ ᠰᠡᠳᠬᠢᠯ ᠬᠥᠭᠵᠢᠬᠦ ᠶ᠋ᠢ ᠦᠵᠡᠭᠡᠳ ᠨᠡᠯᠢᠶᠡᠳ ᠬᠦᠴᠦᠨ ᠨᠡᠮᠡᠭᠳᠡᠵᠦ ᠳᠣᠲᠣᠷ᠎ᠠ ᠪᠠᠨ ᠠᠯᠠᠰᠬᠢᠨ ᠪᠠᠶᠠᠷᠯᠠᠵᠤᠬᠤᠢ᠃ ᠭᠠᠭᠴᠠ ᠡᠨᠡ ᠳᠠᠢᠰᠤᠨ ᠤ᠋ ᠠᠴᠢᠶ᠎ᠠ ᠬᠥᠰᠬᠡ ᠮᠠᠰᠢ ᠦᠯᠡᠮᠵᠢ ᠵᠤᠵᠠᠭᠠᠨ᠂ ᠣᠯᠠᠨ ᠵᠠᠩᠵᠤᠨ ᠴᠡᠷᠢᠭ ᠦᠨᠡᠬᠡᠷ ᠪᠠᠢᠯᠳᠤᠨ ᠳᠡᠢᠯᠪᠡᠴᠦ᠂ ᠡᠳ᠋ ᠠᠭᠤᠷᠠᠰᠤᠨ ᠳ᠋ᠤᠷ ᠲᠠᠴᠢᠶᠠᠨ ᠬᠣᠷᠭᠣᠳᠠᠪᠠᠰᠤ ᠴᠡᠷᠢᠭ ᠦ᠋ᠨ ᠦᠢᠯᠡ ᠳ᠋ᠦ᠍ᠷ ᠲᠤᠰᠠ ᠦᠭᠡᠢ ᠶ᠋ᠢ ᠪᠣᠳᠣᠵᠤ ᠰᠡᠭᠦᠷᠡᠰᠦᠨ ᠠᠯᠳᠠᠵᠤ ᠥᠭᠦᠯᠡᠷᠦᠨ᠄ 
      《 ᠳᠠᠢᠰᠤᠨ ᠢ᠋ ᠪᠠᠢᠯᠳᠤᠨ ᠳᠡᠢᠯᠬᠦᠢ ᠳ᠋ᠦ᠍ᠷ ᠬᠢᠯᠪᠠᠷ᠂ ᠪᠠᠷᠠᠲᠠᠯ᠎ᠠ ᠪᠠᠷᠢᠬᠤᠶ᠎ᠠ ᠪᠡᠷᠬᠡ᠃ ᠡᠨᠡ ᠤᠳᠠᠭ᠎ᠠ ᠲᠡᠨᠡᠭ ᠸᠠᠩ ᠮᠢᠨᠦ ᠮᠡᠯᠵᠢᠶᠡᠲᠦ ᠴᠡᠷᠢᠭ ᠦ᠋ᠨ ᠴᠠᠭᠠᠵᠠ ᠮᠠᠰᠢ ᠬᠡᠴᠡᠭᠦᠦ᠂ ᠣᠯᠠᠨ ᠵᠠᠩᠵᠤᠨ ᠴᠡᠷᠢᠭ ᠬᠢᠳᠠᠨ ᠤ᠋ ᠴᠡᠷᠢᠭ ᠦ᠋ᠨ ᠪᠠᠭᠤᠳᠠᠯ ᠢ᠋ ᠳᠠᠷᠤᠨ ᠪᠠᠢᠯᠳᠤᠬᠤ ᠠᠨᠤ ᠬᠠᠷᠢᠨᠴᠤ ᠬᠢᠯᠪᠠᠷ᠂ ᠴᠡᠷᠢᠭ ᠦ᠋ᠨ ᠪᠠᠭᠤᠳᠠᠯ ᠢ᠋ ᠪᠠᠷᠠᠲᠠᠯ᠎ᠠ ᠪᠠᠷᠢᠵᠤ ᠬᠥᠭᠡᠭᠡᠵᠦ ᠠᠪᠠᠴᠢᠬᠤ ᠠᠨᠤ ᠮᠠᠰᠢ ᠪᠡᠷᠬᠡᠲᠡᠢ ᠪᠠᠢᠨᠠᠮ᠃ ᠡᠰᠡᠬᠦᠯ᠎ᠡ ᠸᠠᠩ ᠮᠢᠨᠦ ᠪᠡᠶ᠎ᠡ ᠡᠨᠡ ᠰᠥᠨᠢ ᠬᠣᠢᠲᠤ ᠵᠠᠮ ᠤ᠋ᠨ ᠨᠢᠭᠤᠴᠠ ᠪᠦᠭᠭᠦᠭᠰᠡᠨ ᠵᠠᠩᠵᠤᠨ ᠴᠡᠷᠢᠭ ᠦ᠋ᠳ ᠢ᠋ ᠠᠪᠴᠤ᠂ ᠳᠠᠢᠰᠤᠨ ᠤ᠋ ᠴᠡᠷᠢᠭ ᠢ᠋ ᠥᠳᠥᠭᠡᠨ ᠪᠠᠢᠯᠳᠤᠨ ᠠᠪᠠᠴᠢᠵᠤ᠂ ᠴᠢᠯᠠᠭᠤᠨ ᠲᠠᠢᠪᠤᠤ ᠯᠤᠭ᠎ᠠ ᠨᠡᠢᠯᠡᠵᠦ ᠪᠠᠷᠢᠰᠤᠭᠠᠢ᠃ ᠲᠠᠨ ᠤ᠋ ᠡᠨᠡ ᠵᠠᠮ ᠤ᠋ᠨ ᠴᠡᠷᠢᠭ ᠲᠡᠳᠡᠨ ᠦ᠌ ᠴᠡᠷᠢᠭ ᠦ᠋ᠨ ᠬᠦᠷᠢᠶᠡᠨ ᠦ᠌ ᠣᠯᠵᠠ ᠠᠰᠢᠭ ᠢ᠋ ᠬᠤᠷᠢᠶᠠᠮᠵᠢᠯᠠᠨ ᠠᠪᠴᠤ ᠬᠠᠳᠠᠭᠠᠯᠠᠪᠠᠰᠤ ᠶᠠᠮᠪᠠᠷ? 》ᠬᠡᠮᠡᠭᠰᠡᠨ ᠳ᠋ᠦ᠍ᠷ᠂ ᠣᠯᠠᠨ ᠵᠠᠩᠵᠤᠨ ᠨᠠᠷ ᠤ᠋ᠨ ᠰᠦᠷᠦᠭ ᠡᠴᠡ ᠬᠠᠭᠤᠴᠢᠨ ᠰᠠᠢᠳ ᠮᠡᠩᠬᠡᠯᠢᠭ ᠦ᠋ᠨ ᠬᠣᠶᠠᠷ ᠬᠥᠪᠡᠭᠦᠨ — ᠳᠤᠮᠳᠠᠳᠤ ᠵᠠᠮ ᠤ᠋ᠨ ᠶᠡᠬᠡ ᠲᠠᠢᠹᠦ᠋ ᠲᠦᠰᠢᠮᠡᠯ᠂ ᠠᠯᠤᠬ᠎ᠠ ᠰᠦᠬᠡ ᠠᠬ᠎ᠠ ᠳᠡᠭᠦᠦ ᠬᠣᠶᠠᠷ ᠵᠠᠩᠵᠤᠨ ᠤᠷᠤᠭᠰᠢ ᠳᠠᠪᠰᠢᠨ᠂ ᠣᠯᠠᠨ ᠵᠠᠩᠵᠤᠨ ᠴᠡᠷᠢᠭ ᠢ᠋ᠶ᠋ᠡᠨ ᠠᠪᠤᠨ ᠰᠥᠭᠥᠳᠴᠦ ᠮᠥᠷᠭᠥᠨ ᠮᠡᠳᠡᠭᠦᠯᠦᠷᠦᠨ᠄ 
      《ᠡᠵᠡᠨ ᠲᠠᠢᠽᠢ ᠶ᠋ᠢᠨ ᠵᠠᠷᠯᠢᠭ ᠢ᠋ᠶ᠋ᠠᠷ ᠡᠲᠡᠭᠡᠳ ᠳᠠᠢᠰᠤᠨ ᠢ᠋ ᠳᠠᠷᠤᠬᠤ ᠶ᠋ᠢ ᠡᠷᠬᠢᠯᠡᠬᠦ ᠴᠢᠬᠤᠯᠠ ᠪᠣᠢ ᠊ᠢ᠎ᠡ᠃ ᠡᠳ᠋ ᠲᠠᠸᠠᠷ ᠲᠤᠷ ᠡᠷᠡᠭᠡᠯᠵᠡᠨ ᠲᠠᠴᠢᠶᠠᠵᠤ ᠡᠪᠳᠡᠷᠡᠯᠳᠦ ᠦᠬᠦᠯ ᠢ᠋ᠶ᠋ᠡᠷ ᠶᠠᠪᠤᠭᠴᠢᠳ ᠢ᠋ ᠴᠠᠪᠴᠢᠵᠤ ᠠᠯᠠᠶ᠎ᠠ᠂ ᠡᠰᠡᠷᠭᠦᠴᠡᠯ ᠢ᠋ ᠡᠪᠳᠡᠬᠦ ᠴᠡᠷᠢᠭ ᠦ᠋ᠨ ᠵᠡᠪᠰᠡᠭ ᠡᠴᠡ ᠥᠪᠡᠷ᠎ᠡ ᠡᠳ᠋ ᠶᠠᠭᠤᠮ᠎ᠠ ᠶ᠋ᠢ ᠮᠣᠷᠢᠨ ᠳ᠋ᠤᠷ ᠠᠪᠤᠪᠠᠰᠤ ᠡᠷᠬᠡᠪᠰᠢ ᠡᠷᠢᠨ ᠭᠠᠷᠭᠠᠵᠤ ᠡᠷᠡᠭᠦᠦ ᠬᠣᠣᠷ ᠢ᠋ᠶ᠋ᠠᠷ ᠠᠯᠠᠶ᠎ᠠ ! ᠭᠡᠮᠡᠨ ᠴᠢᠰᠤ ᠰᠠᠴᠤᠨ ᠲᠠᠩᠭᠠᠷᠢᠭᠯᠠᠯᠴᠠᠨ ᠮᠥᠨ ᠰᠥᠨᠢ ᠪᠡᠷ ᠬᠥᠮᠦᠨ ᠪᠦᠷᠢ ᠬᠣᠶᠠᠷ ᠬᠣᠨᠣᠭ ᠤ᠋ᠨ ᠬᠠᠲᠠᠭᠠᠭᠰᠠᠨ ᠦᠬᠡᠷ ᠦ᠋ᠨ ᠮᠢᠬ᠎ᠠ ᠶ᠋ᠢᠨ ᠦᠢᠷᠡᠮᠡᠯ ᠲᠠᠯᠬ᠎ᠠ ᠶ᠋ᠢᠨ ᠲᠠᠭᠠᠷᠴᠤᠭ ᠢ᠋ᠶ᠋ᠠᠨ ᠰᠤᠢᠷᠠᠯᠴᠠᠭᠠᠳ ᠬᠦᠷᠢᠶ᠎ᠡ ᠶ᠋ᠢ ᠬᠡᠷᠪᠡ ᠪᠠᠢᠯᠳᠤᠨ ᠣᠯᠤᠭᠠᠳ ᠬᠡᠨ ᠬᠥᠮᠦᠨ ᠮᠣᠷᠢᠨ ᠠ᠋ᠴᠠ ᠪᠠᠭᠤᠪᠠᠰᠤ ᠳᠣᠣᠷ᠎ᠠ ᠠᠨᠤ ᠴᠠᠪᠴᠢᠨ ᠤᠨᠠᠭᠠᠮᠤᠢ᠃ ᠳᠠᠢᠰᠤᠨ ᠤ᠋ ᠬᠦᠷᠢᠶᠡᠨ ᠦ᠌ ᠡᠳ᠋ ᠲᠠᠸᠠᠷ ᠢ᠋ ᠠᠪᠬᠤ ᠶ᠋ᠢ ᠴᠦ᠍ ᠪᠠᠢᠲᠤᠭᠠᠢ᠂ ᠥᠪᠡᠷᠦᠨ ᠬᠦᠷᠢᠶᠡᠨ ᠦ᠌ ᠬᠥᠰᠬᠡ ᠠᠴᠢᠶ᠎ᠠ ᠪᠠᠨ ᠲᠠᠰᠤᠷ ᠣᠷᠬᠢᠵᠤ ᠪᠠᠢᠯᠳᠤᠭᠠᠳ᠂ ᠳᠠᠢᠰᠤᠨ ᠢ᠋ ᠳᠠᠷᠤᠨ ᠴᠢᠳᠠᠪᠠᠰᠤ ᠰᠠᠶᠢ ᠡᠭᠡᠵᠦ ᠥᠪᠡᠷ ᠪᠠ ᠪᠤᠰᠤᠳ ᠤ᠋ᠨ ᠬᠦᠷᠢᠶ᠎ᠡ ᠶ᠋ᠢ ᠬᠤᠷᠢᠶᠠᠮᠤᠢ᠃ ᠬᠡᠷᠪᠡ ᠳᠠᠢᠰᠤᠨ ᠢ᠋ ᠳᠠᠷᠤᠨ ᠡᠰᠡ ᠴᠢᠳᠠᠪᠠᠰᠤ᠂ ᠥᠪᠡᠷᠦᠨ ᠬᠦᠷᠢᠶ᠎ᠡ ᠳ᠋ᠦ᠍ᠷ ᠡᠭᠡᠬᠦ ᠶ᠋ᠢ ᠴᠦ᠍ ᠲᠠᠰᠤᠷ ᠪᠢᠲᠡᠭᠡᠢ ᠰᠠᠨᠠ ! 》ᠬᠡᠮᠡᠭᠰᠡᠨ᠎ᠡ ᠲᠠᠢᠽᠢ ᠵᠣᠴᠢ ᠶᠡᠬᠡᠳᠡ ᠪᠠᠶᠠᠷᠯᠠᠨ ᠥᠪᠡᠷᠦᠨ ᠭᠠᠷ ᠢ᠋ᠶ᠋ᠠᠷ ᠠᠷᠢᠬᠢ ᠬᠦᠷᠲᠡᠭᠡᠨ ᠬᠤᠯᠤᠭᠠᠨ᠎ᠠ ᠴᠠᠭ ᠲᠤᠷ ᠪᠣᠰᠴᠤ᠂ ᠦᠬᠡᠷ ᠴᠠᠭ ᠲᠤᠷ ᠴᠠᠳᠲᠠᠯ᠎ᠠ ᠪᠤᠳᠠᠭᠠᠯᠠᠨ᠂ ᠪᠠᠷᠰ ᠴᠠᠭ ᠲᠤᠷ ᠮᠣᠷᠳᠠᠨ ᠭᠠᠷᠴᠤ᠂ ᠬᠣᠣᠯᠪᠣᠣ ᠮᠠᠩᠬᠠᠨ ᠤ᠋ ᠡᠮᠦᠨᠡᠭᠦᠷ ᠲᠣᠭᠣᠷᠢᠨ ᠵᠡᠭᠦᠨ ᠪᠡᠶ᠎ᠡ ᠳ᠋ᠦ᠍ᠷ ᠣᠷᠣᠵᠤ᠂ ᠬᠢᠳᠠᠨ ᠤ᠋ ᠴᠡᠷᠢᠭ ᠦ᠋ᠨ ᠲᠤᠰ ᠡᠮᠦᠨ᠎ᠡ ᠡᠲᠡᠭᠡᠳ ᠡᠴᠡ ᠬᠣᠢᠲᠤ ᠵᠦᠭ ᠳᠠᠷᠤᠨ᠂ ᠴᠡᠷᠢᠭ ᠢ᠋ ᠬᠣᠶᠠᠷ ᠳᠠᠪᠬᠤᠷ ᠪᠦᠰᠡᠯᠡᠬᠦ ᠪᠡᠷ ᠮᠥᠷᠥ ᠵᠡᠷᠭᠡᠴᠡᠨ ᠵᠢᠭᠰᠠᠭᠠᠵᠤ᠂ ᠴᠡᠷᠢᠭ ᠦ᠋ᠨ ᠰᠡᠭᠦᠯ ᠳ᠋ᠦ᠍ᠷ ᠭᠠᠯ ᠭᠠᠷᠤᠵᠠ᠂ ᠪᠣᠷᠣ ᠪᠦᠷᠭᠦᠳ ᠬᠣᠶᠠᠷ ᠵᠠᠩᠵᠤᠨ ᠠᠯᠮᠠᠩ ᠰᠦᠬᠡ᠂ ᠬᠦᠨᠳᠦ ᠢᠯᠳᠦ ᠪᠠᠷᠢᠵᠤ᠂ ᠡᠳ᠋ ᠠᠰᠢᠭ ᠲᠤᠷ ᠰᠢᠨᠤᠭᠴᠢᠳ ᠢ᠋ ᠳᠣᠣᠷ᠎ᠠ ᠠᠨᠤ ᠴᠠᠪᠴᠢᠬᠤ ᠰᠦᠷ ᠦᠵᠡᠭᠦᠯᠦᠭᠡᠳ᠂ ᠴᠡᠷᠢᠭ ᠦ᠋ᠨ ᠡᠮᠦᠨ᠎ᠡ᠂ ᠳᠤᠮᠳᠠᠳᠤ ᠳ᠋ᠤᠷ ᠲᠠᠢᠽᠢ ᠵᠣᠴᠢ ᠪᠡᠶ᠎ᠡ ᠪᠡᠷ ᠲᠡᠷᠢᠭᠦᠯᠡᠨ᠂ ᠬᠣᠶᠠᠷ ᠮᠥᠷᠥ ᠳ᠋ᠦ᠍ᠷ ᠠᠯᠤᠬ᠎ᠠ ᠰᠦᠬᠡ ᠠᠬ᠎ᠠ ᠳᠡᠭᠦᠦ ᠬᠣᠶᠠᠷ ᠵᠠᠩᠵᠤᠨ ᠵᠢᠭᠦᠷᠯᠡᠵᠦ᠂ ᠵᠡᠭᠦᠨ ᠡᠮᠦᠨ᠎ᠡ ᠪᠠᠷᠠᠭᠤᠨ ᠡᠮᠦᠨ᠎ᠡ ᠶ᠋ᠢ ᠬᠠᠭᠠᠵᠤ᠂ ᠴᠤᠭᠭᠠᠷ ᠬᠠᠰᠬᠢᠷᠤᠨ ᠬᠠᠷᠠᠩᠭ᠎ᠠ ᠬᠡᠩᠭᠡᠷᠭᠡ ᠳᠠᠭᠤᠷᠢᠰᠤᠨ ᠬᠣᠣᠯᠪᠤᠤ ᠮᠠᠩᠬᠠᠨ ᠤ᠋ ᠬᠣᠶᠠᠷ ᠰᠣᠵᠢᠭ᠋ ᠤ᠋ᠨ ᠴᠢᠯᠠᠭᠤᠨ ᠳᠠᠩ ᠢ᠋ᠶ᠋ᠠᠷ ᠳᠡᠯᠡᠳᠦᠨ ᠣᠷᠣᠬᠤᠶ᠎ᠠ ᠫᠤᠤ ᠶ᠋ᠢᠨ ᠳᠠᠭᠤᠨ ᠳ᠋ᠤᠷ ᠲᠡᠭᠷᠢ ᠭᠠᠵᠠᠷ ᠳᠡᠯᠪᠡᠷᠡᠨ ᠬᠠᠭᠠᠰ ᠰᠠᠷ᠎ᠠ ᠶ᠋ᠢᠨ ᠵᠠᠮ ᠳ᠋ᠤᠷ ᠶᠠᠳᠠᠵᠤ ᠴᠢᠯᠡᠭᠰᠡᠨ ᠣᠯᠠᠨ ᠴᠡᠷᠢᠭ ᠦ᠋ᠨ ᠣᠮᠣᠭ ᠵᠣᠷᠢᠭ ᠪᠠᠳᠠᠷᠠᠨ ᠴᠣᠭ ᠵᠢᠪᠬᠤᠯᠠᠩ ᠨᠡᠮᠡᠭᠳᠡᠵᠦ ᠪᠠᠢᠲᠠᠯ᠎ᠠ᠂ ᠬᠢᠳᠠᠨ ᠤ᠋ ᠴᠡᠷᠢᠭ ᠶᠡᠬᠡ ᠰᠠᠢᠬᠠᠨ ᠠᠮᠤᠭᠤᠯᠠᠩ ᠤᠨᠲᠠᠨ ᠲᠤᠭ ᠨᠣᠢᠷ ᠤ᠋ᠨ ᠳᠤᠮᠳᠠ ᠵᠡᠭᠦᠳᠦᠯᠡᠵᠦ ᠵᠢᠷᠭᠠᠲᠠᠯ᠎ᠠ᠂ ᠲᠡᠭᠷᠢ ᠶ᠋ᠢᠨ ᠴᠡᠷᠢᠭ ᠣᠭᠲᠠᠷᠭᠤᠢ ᠠ᠋ᠴᠠ ᠴᠢᠯᠠᠭᠤᠨ ᠮᠥᠨᠳᠥᠷ ᠪᠠᠭᠤᠯᠭᠠᠨ 《ᠠᠯᠠ ! 》ᠭᠡᠮᠡᠨ ᠬᠠᠰᠬᠢᠷᠬᠤ ᠳᠠᠭᠤᠨ ᠳ᠋ᠤᠷ ᠠᠭᠤᠯᠠ ᠲᠣᠭᠳᠣᠯᠵᠠᠨ ᠲᠠᠯ᠎ᠠ ᠬᠦᠩᠭᠢᠨᠡᠮᠦᠢ᠃ ᠬᠢᠳᠠᠨ ᠤ᠋ ᠴᠡᠷᠢᠭ ᠨᠢᠳᠦ ᠴᠢᠴᠢᠮ᠎ᠡ ᠬᠠᠷᠠᠩᠭᠤᠢ ᠰᠥᠨᠢ ᠴᠢᠯᠠᠭᠤᠨ ᠮᠥᠨᠳᠥᠷ ᠦ᠋ᠨ ᠦᠢᠮᠡᠭᠡᠨ᠎ᠡ ᠲᠥᠩᠬᠢᠨᠡᠷᠡᠨ ᠨᠢᠳᠦᠨ ᠡᠷᠢᠶᠡᠯᠵᠢᠯᠡᠨ᠂ ᠨᠢᠭᠡᠮᠦᠰᠦᠨ ᠠᠶᠤᠯᠳᠤᠭᠠᠳ ᠪᠡᠶ᠎ᠡ ᠬᠤᠶᠠᠭᠯᠠᠨ ᠮᠣᠷᠢ ᠡᠮᠡᠭᠡᠯᠯᠡᠨ ᠵᠠᠪᠳᠤᠬᠤ ᠦᠭᠡᠢ᠂ ᠴᠡᠷᠢᠭ ᠦ᠋ᠨ ᠬᠦᠷᠢᠶᠡᠨ ᠳᠣᠲᠣᠷ᠎ᠠ ᠮᠥᠷᠡᠨ ᠲᠡᠪᠡᠯᠬᠢᠯᠡᠨ᠂ ᠳᠠᠯᠠᠢ ᠪᠤᠴᠠᠯᠬᠤ ᠮᠡᠲᠦ ᠶᠡᠬᠡᠯ᠎ᠡ ᠰᠠᠮᠠᠭᠤᠷᠠᠨ ᠪᠤᠷᠬᠢᠷᠠᠯᠳᠤᠨ ᠪᠠᠷᠬᠢᠷᠠᠨ ᠴᠤᠤᠭᠢᠵᠤ᠂ ᠲᠦᠮᠡᠨ ᠣᠳᠣᠳ ᠤ᠋ᠨ ᠵᠤᠯᠠ᠂ ᠴᠢᠯᠠᠭᠤᠨ ᠮᠥᠨᠳᠥᠷ ᠲᠣᠷ ᠴᠠᠭ ᠭᠱᠠᠨ᠎ᠠ ᠬᠡᠮᠬᠡᠷᠡᠨ ᠶᠡᠭᠦᠷᠡᠭᠡᠳ᠂ ᠳᠠᠷᠠᠭ᠎ᠠ ᠪᠠᠷ ᠪᠠᠰᠠ ᠬᠠᠪᠤᠷ ᠤ᠋ᠨ ᠬᠤᠷ᠎ᠠ ᠶ᠋ᠢ ᠤᠷᠢᠬᠤ ᠡᠮᠦᠨᠡᠲᠦ ᠶᠡᠬᠡ ᠰᠠᠯᠬᠢᠨ ᠳᠡᠭᠳᠡᠨ ᠲᠡᠭᠷᠢ ᠲᠤᠰᠠᠯᠠᠬᠤ ᠮᠡᠲᠦ᠃ ᠵᠡᠪᠡ ᠴᠢᠯᠠᠭᠤᠨ ᠤ᠋ ᠰᠠᠯᠬᠢᠨ ᠤᠷᠤᠭᠤ ᠳᠡᠯᠡᠳᠬᠦᠶ᠎ᠡ ᠨᠢᠳᠦᠨ ᠨᠡᠭᠡᠭᠡᠵᠦ ᠪᠣᠯᠬᠤ ᠦᠭᠡᠢ᠃ ᠡᠨᠡ ᠦᠶ᠎ᠡ ᠳ᠋ᠦ᠍ᠷ ᠲᠣᠳᠣ ᠶᠤᠸᠠᠨᠱᠤᠸᠠᠢ ᠡᠭᠡᠨᠡᠭᠲᠡ ᠲᠠᠤᠯᠠᠢ ᠶ᠋ᠢᠨ ᠪᠥᠵᠥᠩ ᠡᠪᠦᠷᠯᠡᠨ ᠪᠠᠢᠭᠰᠠᠨ ᠲᠤᠯᠠ ᠮᠣᠷᠢᠨ ᠡᠮᠡᠭᠡᠯ ᠢ᠋ᠶ᠋ᠡᠨ ᠠᠪᠤᠭᠤᠯᠤᠭᠰᠠᠨ ᠦᠭᠡᠢ᠂ ᠲᠣᠩᠭᠣᠢᠨ ᠬᠡᠪᠲᠡᠵᠦ᠂ ᠲᠣᠭᠠᠯᠠᠰᠢ ᠦᠭᠡᠢ ᠣᠯᠠᠨ ᠰᠡᠵᠢᠭ ᠳᠠᠮᠵᠢᠭ ᠲᠥᠷᠥᠵᠦ᠂ ᠤᠷᠪᠠᠨ ᠬᠥᠷᠪᠡᠨ ᠤᠨᠲᠠᠨ ᠴᠢᠳᠠᠬᠤ ᠦᠭᠡᠢ ᠴᠢᠬᠢ ᠱᠤᠤᠭᠢᠨ ᠵᠢᠷᠦᠬᠡ ᠲᠦᠭᠰᠢᠵᠦ ᠪᠠᠢᠲᠠᠯ᠎ᠠ ᠭᠡᠨᠡᠳᠲᠡ ᠨᠢᠭᠡᠨ ᠬᠣᠨᠢᠨ ᠴᠢᠨᠡᠭᠡᠨ ᠦᠬᠡᠷ ᠣᠭᠣᠯᠢ ᠵᠢᠵᠢᠭᠢᠨᠠᠨ ᠵᠢᠵᠢᠭᠢᠨᠠᠨ ᠡᠲᠡᠭᠡᠳ ᠮᠠᠭᠤᠬᠠᠢ ᠳᠠᠭᠤᠨ ᠢ᠋ᠶ᠋ᠠᠷ ᠤᠢᠯᠠᠨ ᠬᠥᠮᠦᠨ ᠮᠡᠲᠦ ᠢᠨᠢᠶᠡᠬᠦ ᠳᠠᠭᠤᠨ ᠭᠠᠷᠤᠭᠰᠠᠨ ᠳ᠋ᠤᠷ ᠲᠣᠳᠣ ᠶ᠋ᠢᠨ ᠪᠦᠬᠦᠯᠢ ᠪᠡᠶ᠎ᠡ ᠵᠢᠷᠢᠰᠬᠢᠨ ᠰᠢᠷ᠎ᠠ ᠦᠰᠦ ᠬᠣᠷᠪᠣᠢᠨ ᠶᠠᠭᠠᠷᠠᠨ ᠭᠦᠶᠦᠨ ᠪᠣᠰᠴᠤ ᠰᠠᠭᠤᠲᠠᠯ᠎ᠠ᠂ ᠳᠠᠭᠠᠯᠳᠤᠭ᠎ᠠ ᠪᠠᠷ ᠳᠠᠷᠤᠢ ᠴᠢᠯᠠᠭᠤᠨ ᠮᠥᠨᠳᠥᠷ ᠦ᠋ᠨ ᠶᠡᠬᠡ ᠦᠢᠮᠡᠭᠡᠨ ᠡᠬᠢᠯᠡᠵᠦ᠂ ᠫᠤᠤ ᠬᠦᠩᠭᠢᠨᠡᠨ ᠪᠦᠷᠢᠶ᠎ᠡ ᠦᠯᠢᠶᠡᠨ ᠴᠠᠩ ᠬᠡᠩᠭᠡᠷᠭᠡ ᠬᠠᠷᠠᠩᠭ᠎ᠠ ᠬᠠᠰᠬᠢᠷᠤᠯᠭ᠎ᠠ ᠬᠠᠮᠲᠤᠪᠠᠷ ᠳᠠᠭᠤᠷᠢᠰᠴᠤ᠂ ᠬᠥᠳᠡᠭᠡ ᠲᠠᠯ᠎ᠠ ᠲᠠᠴᠢᠭᠢᠨᠠᠨ᠂ ᠴᠡᠷᠢᠭ ᠦ᠋ᠨ ᠬᠦᠷᠢᠶᠡᠨ ᠦ᠌ ᠳᠣᠲᠣᠷ᠎ᠠ ᠲᠦᠴᠢᠭᠢᠨᠡᠨ ᠲᠠᠴᠢᠭᠢᠨᠠᠨ ᠳᠣᠷᠭᠢᠯᠳᠤᠨ ᠪᠤᠷᠬᠢᠷᠠᠯᠳᠤᠬᠤᠢ ᠳ᠋ᠤᠷ ᠲᠣᠳᠣ ᠦᠰᠦᠷᠦᠨ ᠪᠣᠰᠴᠤ ᠥᠨᠳᠥᠷ ᠳᠠᠭᠤᠨ ᠢ᠋ᠶ᠋ᠠᠷ 《ᠶᠠᠮᠪᠠᠷ ᠪᠠᠢᠨ᠎ᠠ ? ᠪᠠᠷᠢᠪ ᠱᠠ ! ᠪᠠᠯᠳᠠᠷ ᠱᠠ ! 》ᠭᠡᠮᠡᠨ ᠪᠠᠷᠬᠢᠷᠠᠨ ᠪᠡᠯᠡᠩᠳᠡᠵᠦ ᠬᠠᠮᠤᠭ ᠠ᠋ᠴᠠ ᠤᠷᠢᠳᠠ ᠮᠣᠷᠢᠨ ᠳ᠋ᠠᠭᠠᠨ ᠮᠣᠷᠳᠠᠭᠠᠳ᠂ ᠠ ᠯᠦᠨ ᠸᠠᠩ ᠢ᠋ᠶ᠋ᠠᠨ ᠠᠷᠤ ᠶ᠋ᠢᠨ ᠬᠣᠢᠨ᠎ᠠ ᠪᠠᠨ ᠣᠷᠬᠢᠨ ᠤᠮᠠᠷ᠎ᠠ ᠵᠦᠭ ᠵᠠᠪ ᠴᠢᠯᠥᠭᠡ ᠶ᠋ᠢ ᠦᠵᠡᠨ ᠬᠦᠷᠢᠶᠡᠨ ᠦ᠌ ᠳᠣᠲᠣᠷ᠎ᠠ ᠠ᠋ᠴᠠ ᠳᠣᠪᠲᠣᠯᠤᠨ ᠭᠠᠷᠪᠠ᠃ ᠳᠡᠭᠦᠨᠦ ᠬᠠᠷᠢᠶᠠᠲᠤ ᠲᠠᠪᠤᠨ ᠵᠠᠭᠤᠨ ᠴᠡᠷᠢᠭ ᠴᠢᠯᠠᠭᠤᠨ ᠮᠥᠨᠳᠥᠷ ᠳᠣᠭᠤᠤᠷ ᠰᠢᠷᠭᠤᠯᠠᠨ ᠳᠠᠯᠳᠢᠷᠠᠯᠴᠠᠨ ᠂ ᠪᠡᠯᠡᠨ ᠪᠦᠬᠦᠢ ᠡᠮᠡᠭᠡᠯᠲᠦ ᠮᠣᠷᠢᠳ ᠢ᠋ᠶ᠋ᠠᠨ ᠰᠢᠭᠦᠷᠡᠯᠴᠡᠨ ᠣᠨᠣᠯᠴᠠᠭᠠᠳ ᠳᠣᠪᠲᠣᠯᠤᠯᠴᠠᠪᠠ᠃ ᠡᠭᠦᠨ ᠳ᠋ᠦ᠍ᠷ ᠬᠢᠳᠠᠨ ᠤ᠋ ᠠ ᠯᠦᠨ ᠸᠠᠩ ᠠᠯᠭᠤᠷ ᠠᠭᠠᠵᠢᠮ ᠠᠭᠠᠰᠢᠯᠠᠶ᠎ᠠ ᠬᠡᠮᠡᠪᠡᠴᠦ ᠠᠯᠠᠯᠳᠤᠬᠤ ᠳᠠᠢᠰᠤᠨ ᠤ᠋ ᠵᠡᠪᠡ ᠴᠢᠯᠠᠭᠤᠨ ᠠᠮᠢᠰᠬᠤᠯ ᠦᠭᠡᠢ ᠳᠡᠯᠡᠳᠬᠦᠶ᠎ᠡ ᠲᠡᠰᠳᠡᠰᠢ ᠦᠭᠡᠢ᠂ ᠰᠢᠳᠠᠷ ᠠᠷᠠᠳ ᠰᠢᠷ᠎ᠠ ᠮᠠᠩᠨᠤᠭ ᠥᠷᠭᠥᠭᠡ ᠳ᠋ᠦ᠍ᠷ ᠰᠢᠬᠠᠯᠴᠠᠨ ᠢᠪᠡᠯᠴᠡᠨ ᠣᠷᠣᠯᠴᠠᠵᠤ᠂ ᠠ ᠯᠦᠨ ᠸᠠᠩ ᠢ᠋ ᠠᠯᠲᠠᠨ ᠬᠤᠶᠠᠭ ᠢ᠋ᠶ᠋ᠠᠷ ᠠᠨᠤ ᠠᠷᠤ ᠥᠪᠥᠷ ᠢ᠋ ᠬᠠᠯᠲᠤ ᠮᠥᠯᠲᠥ ᠡᠯᠲᠦᠯᠡᠨ ᠣᠷᠢᠶᠠᠮᠠᠭᠴᠠ᠂ ᠸᠠᠩ ᠤ᠋ᠨ ᠶᠢᠰᠦᠨ ᠦ᠌ ᠵᠢᠭᠰᠠᠭᠠᠯ ᠤ᠋ᠨ ᠠᠯᠲᠠᠨ ᠡᠮᠡᠭᠡᠯ ᠬᠠᠰ ᠤ᠋ᠨ ᠬᠠᠵᠠᠭᠠᠷᠲᠤ ᠠᠵᠢᠨᠠᠢ ᠬᠦᠯᠦᠭ ᠲᠣᠷ ᠲᠡᠳᠬᠦᠨ ᠤᠨᠤᠭᠤᠯᠤᠭᠠᠳ᠂ ᠰᠢᠳᠠᠷ ᠠᠷᠠᠳ ᠤ᠋ᠳ ᠥᠷᠭᠥᠭᠡ ᠮᠠᠢᠬᠠᠨ ᠤ᠋ ᠳᠠᠯᠳᠠ ᠳᠠᠯᠳᠠᠯᠠᠨ ᠪᠠᠢᠵᠤ ᠰᠠᠢᠨ ᠮᠣᠷᠢᠨ ᠡᠮᠡᠭᠡᠯᠯᠡᠨ ᠣᠨᠣᠯᠴᠠᠵᠤ᠂ ᠬᠡᠳᠦᠨ ᠵᠠᠭᠤᠨ ᠬᠥᠮᠦᠨ ᠴᠢᠬᠢᠯᠴᠡᠨ ᠢᠪᠡᠯᠴᠡᠭᠰᠡᠭᠡᠷ ᠰᠢᠷ᠎ᠠ ᠮᠠᠩᠨᠤᠭ ᠥᠷᠭᠥᠭᠡ ᠶ᠋ᠢ ᠳᠠᠭᠠᠷᠢᠨ ᠬᠠᠭᠠᠯᠵᠤ ᠵᠦᠭ ᠴᠢᠭ ᠦᠭᠡᠢ ᠦᠢᠮᠡᠯᠳᠦᠨ ᠠᠲᠠᠯ᠎ᠠ ᠭᠡᠨᠡᠳᠲᠡ ᠳᠠᠢᠰᠤᠨ ᠤ᠋ ᠡᠲᠡᠭᠡᠳ ᠦ᠋ᠨ ᠨᠢᠭᠡᠨ ᠥᠨᠳᠥᠷ ᠪᠡᠶᠡᠲᠦ ᠵᠠᠩᠵᠤᠨ᠂ ᠰᠠᠷᠠᠨ ᠰᠦᠬᠡ ᠪᠠᠷᠢᠵᠤ ᠴᠠᠭᠠᠨ ᠰᠠᠷᠠᠯ ᠮᠣᠷᠢ ᠤᠨᠤᠵᠤ᠂ ᠮᠠᠢᠬᠠᠨ ᠢ᠋ ᠭᠢᠰᠬᠢᠯᠡᠨ ᠬᠥᠮᠦᠨ ᠢ᠋ ᠳᠠᠭᠠᠷᠢᠭᠤᠯᠤᠨ ᠠᠯᠠᠨ ᠣᠷᠣᠵᠤ ᠢᠷᠡᠭᠡᠳ᠂ ᠶᠡᠬᠡ ᠸᠠᠩ ᠤ᠋ᠨ ᠰᠢᠷ᠎ᠠ ᠲᠤᠭ ᠢ᠋ ᠴᠠᠪᠴᠢᠨ ᠤᠨᠠᠭᠠᠵᠤ᠂ ᠨᠢᠭᠡᠨᠲᠡ ᠬᠠᠰᠬᠢᠷᠤᠭᠰᠠᠨ᠎ᠠ ᠴᠡᠷᠢᠭ ᠦ᠋ᠨ ᠬᠦᠷᠢᠶᠡᠨ ᠦ᠌ ᠡᠮᠦᠨ᠎ᠡ ᠪᠡᠶ᠎ᠡ ᠶᠡᠭᠦᠷᠡᠵᠦ᠂ ᠮᠣᠩᠭᠣᠯ ᠤᠯᠤᠰ ᠤ᠋ᠨ ᠴᠡᠷᠢᠭ ᠬᠡᠳᠦᠢᠨᠡᠢ ᠨᠢᠳᠦ ᠴᠢᠴᠢᠮ᠎ᠡ ᠣᠢᠷ᠎ᠠ ᠬᠦᠷᠴᠦ ᠢᠷᠡᠭᠡᠳ : 《ᠨᠢᠭᠡᠬᠡᠨ ᠬᠥᠮᠦᠨ ᠢ᠋ ᠴᠦ᠍ ᠲᠠᠯᠪᠢᠨ ᠭᠠᠷᠭᠠᠵᠤ ᠪᠣᠯᠬᠤ ᠦᠭᠡᠢ᠂ ᠴᠥᠮ ᠢ᠋ ᠠᠯᠠᠨ ᠳᠠᠭᠤᠰᠬ᠎ᠠ ! 》 ᠬᠡᠮᠡᠲᠡᠯ᠎ᠡ᠂ ᠵᠠᠷ ᠵᠡᠪᠰᠡᠭ ᠦ᠋ᠨ ᠬᠢᠮᠤᠷᠠᠯᠳᠤᠬᠤ ᠴᠢᠮᠡᠭᠡ ᠵᠠᠢ ᠵᠠᠪᠰᠠᠷ ᠦᠭᠡᠢ᠂ ᠵᠡᠪᠡ ᠴᠢᠯᠠᠭᠤᠨ ᠤ᠋ ᠲᠤᠰᠬᠤ ᠠᠨᠤ ᠠᠶᠤᠩᠭ᠎ᠠ ᠴᠠᠬᠢᠯᠭᠠᠨ ᠠᠳᠠᠯᠢ ᠳ᠋ᠤᠷ ᠠ ᠯᠦᠨ ᠸᠠᠩ ᠨᠣᠶᠠᠨ ᠤ᠋ ᠠᠮᠢᠨ ᠰᠦᠨᠡᠰᠦᠨ ᠠᠷᠪᠠᠨ ᠲᠡᠰᠢ ᠰᠠᠷᠨᠢᠨ᠂ ᠬᠤᠶᠠᠭ ᠳᠤᠭᠤᠯᠠᠭ᠎ᠠ ᠤᠨᠵᠢᠢᠵᠤ ᠰᠠᠨᠵᠢᠢᠨ ᠮᠣᠷᠢᠨ ᠳᠡᠭᠡᠷ᠎ᠡ ᠪᠡᠨ ᠡᠯᠢᠭᠡᠳᠡᠨ ᠬᠡᠪᠲᠡᠵᠦ᠂ ᠰᠢᠳᠠᠷ ᠵᠠᠩᠵᠤᠨ ᠨᠠᠷ ᠬᠡᠳᠦᠨ ᠳᠠᠪᠬᠤᠷ ᠬᠦᠷᠢᠶᠡᠯᠦᠨ ᠲᠡᠮᠦᠷ ᠬᠤᠶᠠᠭ ᠢ᠋ᠶ᠋ᠠᠷ ᠬᠠᠮᠠᠭᠠᠯᠠᠨ ᠬᠤᠴᠢᠵᠤ᠂ ᠡᠮᠦᠨ᠎ᠡ ᠡᠴᠡ ᠬᠥᠲᠦᠯᠡᠨ᠂ ᠬᠣᠢᠨ᠎ᠠ ᠠ᠋ᠴᠠ ᠳᠠᠭᠠᠵᠤ  ᠲᠣᠳᠣ ᠶ᠋ᠢᠨ ᠳᠤᠲᠠᠭᠠᠭᠰᠠᠨ ᠵᠠᠮ ᠢ᠋ᠶ᠋ᠠᠷ ᠮᠣᠷᠢ ᠪᠠᠨ ᠭᠤᠶᠠᠳᠠᠨ ᠳᠤᠲᠠᠭᠠᠪᠠ᠃ ᠪᠤᠰᠤ ᠲᠠᠪᠤᠭᠠᠳ ᠮᠢᠩᠭᠠᠨ ᠴᠡᠷᠢᠭ ᠦ᠋ᠨ ᠶᠡᠬᠡ ᠬᠠᠭᠠᠰ ᠠᠨᠤ ᠳᠡᠪᠡᠯ ᠢ᠋ᠶ᠋ᠡᠨ ᠨᠥᠮᠥᠷᠦᠨ ᠵᠠᠢᠳᠠᠩ ᠮᠣᠷᠢᠨ ᠢ᠋ ᠰᠢᠭᠦᠷᠡᠨ ᠪᠠᠷᠢᠵᠤ ᠤᠨᠤᠯᠴᠠᠭᠠᠳ᠂ ᠪᠣᠯᠵᠣᠮᠣᠷ ᠪᠤᠲᠠᠷᠠᠯᠴᠠᠨ᠂ ᠲᠠᠷᠭᠠᠯᠵᠠᠢ ᠲᠠᠷᠬᠠᠯᠴᠠᠬᠤ ᠮᠡᠲᠦ 《ᠬᠣᠢᠲᠤ ᠵᠦᠭ ᠬᠠᠮᠢᠭ᠎ᠠ ᠪᠣᠢ ? 》 ᠭᠡᠮᠡᠨ ᠪᠤᠷᠤᠭᠤᠯᠠᠨ ᠳᠤᠲᠠᠭᠠᠪᠠ᠃ ᠡᠨᠡ ᠦᠶ᠎ᠡ ᠳ᠋ᠦ᠍ᠷ ᠠᠩᠬᠠᠨ ᠤ᠋ ᠲᠤᠭ ᠴᠠᠪᠴᠢᠭᠰᠠᠨ ᠠᠯᠤᠬ᠎ᠠ ᠵᠠᠩᠵᠤᠨ ᠠᠮᠤ ᠡᠪᠡᠰᠦᠨ ᠦ᠌ ᠬᠦᠷᠢᠶ᠎ᠡ ᠶ᠋ᠢ ᠬᠡᠳᠦᠢᠨ ᠭᠠᠯᠳᠠᠭᠰᠠᠨ᠎ᠠ᠂ ᠡᠨᠡ ᠭᠠᠯ ᠭᠡᠭᠡᠷᠡᠬᠦ ᠦᠶ᠎ᠡ ᠶ᠋ᠢᠨ ᠡᠮᠦᠨᠡᠲᠦ ᠰᠠᠯᠬᠢᠨ᠎ᠠ ᠶᠡᠬᠡᠯ᠎ᠡ ᠬᠥᠭᠵᠢᠨ᠂ ᠲᠠᠯ᠎ᠠ ᠶ᠋ᠢᠨ ᠲᠦᠢᠮᠡᠷ ᠪᠣᠯᠵᠤ ᠦᠷᠭᠦᠯᠵᠢᠯᠡᠭᠡᠳ ᠶᠡᠬᠡᠯ᠎ᠡ ᠠᠶᠤᠮᠰᠢᠭᠲᠠᠢ ᠪᠣᠯᠵᠤ ᠪᠠᠢᠲᠠᠯ᠎ᠠ ᠮᠣᠩᠭᠣᠯ ᠤ᠋ᠨ ᠴᠡᠷᠢᠭ ᠦ᠋ᠳ ᠪᠠᠰᠠ《ᠬᠦᠷᠢᠶ᠎ᠡ ᠳ᠋ᠦ᠍ᠷ ᠪᠦᠬᠦᠢ ᠴᠡᠷᠢᠭ ᠢ᠋ ᠨᠢᠭᠡᠬᠡᠨ ᠴᠦ᠍ ᠦᠯᠡᠳᠡᠭᠡᠯ ᠦᠭᠡᠢ ᠠᠯᠠ ! 》ᠭᠡᠮᠡᠨ ᠬᠠᠰᠬᠢᠷᠤᠯᠴᠠᠨ ᠵᠠᠷᠯᠠᠬᠤᠶ᠎ᠠ ᠬᠢᠳᠠᠨ ᠤ᠋ ᠴᠡᠷᠢᠭ ᠦ᠋ᠳ ᠠᠮᠢ ᠮᠤᠯᠲᠤᠷᠠᠰᠤᠭᠠᠢ ᠭᠡᠮᠡᠨ ᠮᠣᠷᠢ ᠪᠠᠨ ᠡᠷᠢᠵᠦ ᠡᠰᠡ ᠡᠣᠯᠤᠭᠰᠠᠨ ᠠᠨᠤ ᠳᠡᠪᠡᠯ ᠢ᠋ᠶ᠋ᠡᠨ ᠨᠥᠮᠥᠷᠦᠨ ᠶᠠᠪᠠᠭᠠᠨ ᠢ᠋ᠶ᠋ᠠᠷ ᠳᠤᠲᠠᠭᠠᠯᠴᠠᠨ ᠭᠠᠷᠤᠭᠠᠳ᠂ ᠡᠮᠦᠨ᠎ᠡ ᠢᠨᠤ ᠭᠦᠶᠦᠬᠦ ᠮᠣᠷᠢᠨ ᠤ᠋ ᠰᠡᠭᠦᠯ᠂ ᠳᠥᠷᠦᠭᠡᠨ ᠰᠤᠷ᠂ ᠬᠤᠳᠠᠷᠭ᠎ᠠ ᠬᠥᠮᠥᠯᠳᠥᠷᠭᠡ ᠡᠴᠡ ᠰᠢᠭᠦᠷᠡᠯᠴᠡᠨ ᠠᠳᠬᠤᠯᠴᠠᠨ ᠳᠠᠭᠠᠵᠤ ᠳᠤᠲᠠᠭᠠᠨ᠂ ᠵᠠᠷᠢᠮ ᠬᠡᠳᠦᠨ ᠬᠥᠮᠦᠨ ᠨᠢᠭᠡᠨ ᠮᠣᠷᠢᠨ ᠳ᠋ᠤᠷ ᠰᠤᠨᠳᠠᠯᠠᠵᠤ᠂ ᠬᠥᠮᠦᠨ ᠮᠣᠷᠢ ᠲᠠᠢ ᠪᠠᠨ ᠪᠥᠮᠪᠥᠷᠢᠨ ᠤᠨᠠᠵᠤ ᠥᠪᠡᠷ ᠵᠠᠭᠤᠷ᠎ᠠ ᠪᠠᠨ ᠲᠡᠮᠡᠴᠡᠯᠳᠦᠨ ᠳᠡᠭᠡᠷ᠎ᠡ ᠳᠣᠣᠷ᠎ᠠ ᠪᠠᠨ ᠣᠷᠣᠵᠤ᠂ ᠶᠣᠣᠯᠠᠬᠤ ᠪᠠᠷᠬᠢᠷᠠᠬᠤ ᠬᠠᠰᠬᠢᠷᠬᠤ  ᠤᠬᠢᠯᠠᠯᠳᠤᠬᠤ ᠳᠠᠭᠤᠨ ᠲᠡᠭᠷᠢ ᠳ᠋ᠦ᠍ᠷ ᠲᠤᠯᠵᠤ᠂ ᠴᠢᠷᠦᠯᠴᠡᠨ ᠡᠭᠦᠷᠦᠯᠴᠡᠨ ᠬᠡᠳᠦᠨ ᠭᠠᠵᠠᠷ ᠵᠠᠯᠭᠠᠯᠳᠤᠵᠤᠬᠤᠢ᠃ ᠲᠠᠢᠽᠢ ᠵᠣᠴᠢ ᠴᠠᠭᠠᠵᠠ ᠵᠠᠷᠯᠠᠨ ᠴᠡᠷᠢᠭ ᠢ᠋ ᠳᠠᠪ ᠠᠪᠤᠨ ᠬᠥᠳᠡᠯᠭᠡᠬᠦ ᠦᠭᠡᠢ᠂ ᠬᠢᠳᠠᠨ ᠤ᠋ ᠴᠡᠷᠢᠭ ᠬᠦᠷᠢᠶ᠎ᠡ ᠡᠴᠡ ᠪᠡᠨ ᠠᠩᠭᠢᠵᠢᠷᠠᠨ ᠭᠠᠷᠬᠤ ᠵᠠᠮ ᠢ᠋ ᠲᠠᠯᠪᠢᠨ ᠥᠭᠴᠦ᠂ ᠬᠦᠷᠢᠶ᠎ᠡ ᠢᠨᠤ ᠬᠣᠭᠣᠰᠣᠨ ᠪᠣᠯᠵᠤ ᠵᠡᠭᠦᠨ ᠡᠲᠡᠭᠡᠳ ᠡᠴᠡ ᠦᠷ ᠮᠠᠩᠬᠠᠢᠮᠠᠭᠴᠠ ᠰᠠᠶᠢ ᠭᠤᠷᠪᠠᠨ ᠵᠠᠮ ᠢ᠋ᠶ᠋ᠠᠷ ᠬᠤᠮᠪᠢᠵᠤ ᠳᠠᠷᠤᠨ ᠣᠷᠣᠭᠰᠠᠨ᠎ᠠ᠂ ᠪᠣᠯᠵᠣᠮᠣᠷ ᠤ᠋ᠨ ᠰᠦᠷᠦᠭ ᠲᠣᠷ ᠬᠢᠷᠭᠤᠢ ᠣᠷᠣᠵᠤ᠂ ᠬᠣᠨᠢᠨ ᠤ᠋ ᠰᠦᠷᠦᠭ ᠲᠣᠷ ᠪᠠᠷᠰ ᠳᠣᠪᠲᠣᠯᠬᠤ ᠮᠡᠲᠦ᠂ ᠴᠡᠷᠢᠭ ᠢ᠋ᠶ᠋ᠡᠷ ᠬᠥᠭᠡᠭᠡᠯᠭᠡᠨ ᠮᠣᠷᠢᠨ ᠢ᠋ᠶ᠋ᠠᠷ ᠭᠢᠰᠬᠢᠯᠡᠭᠦᠯᠦᠨ᠂ ᠬᠠᠮᠵᠢᠨ ᠬᠤᠮᠪᠢᠵᠤ᠂ ᠢᠪ ᠳᠠᠷᠤᠨ᠂ ᠠᠩ ᠬᠥᠭᠡᠭᠡᠬᠦ ᠠᠳᠠᠯᠢ ᠲᠡᠭᠦᠨ ᠠᠯᠠᠵᠤ᠂ ᠤᠮᠠᠷᠠᠰᠢ ᠬᠥᠭᠡᠭᠡᠨ ᠭᠡᠯᠢᠵᠦ ᠠᠪᠠᠴᠢᠪᠠ᠃ ᠡᠨᠡ ᠦᠶ᠎ᠡ ᠳ᠋ᠦ᠍ᠷ ᠲᠡᠷᠢᠭᠦᠨ ᠠᠩᠭᠢ ᠳ᠋ᠤᠷ ᠳᠣᠪᠲᠣᠯᠤᠨ ᠪᠤᠷᠤᠭᠤᠯᠠᠭᠰᠠᠨ ᠲᠣᠳᠣ ᠴᠧᠩᠰᠢᠶᠠᠩ ᠤ᠋ᠨ ᠨᠢᠭᠡᠨ ᠪᠦᠯᠦᠭ ᠴᠡᠷᠢᠭ ᠴᠢᠪᠬᠢᠲᠡᠯ᠎ᠡ ᠲᠠᠢᠽᠢ ᠵᠣᠴᠢ ᠶ᠋ᠢᠨ ᠬᠤᠤᠯᠪᠤᠤ ᠮᠠᠩᠬᠠᠨ ᠤ᠋ ᠬᠣᠲᠣᠭᠣᠷ ᠲᠤᠷ ᠪᠦᠭᠭᠦᠭᠰᠡᠨ ᠨᠢᠭᠤᠴᠠ ᠵᠠᠮ ᠤ᠋ᠨ ᠴᠡᠷᠢᠭ ᠲᠦ᠍ᠷ ᠰᠣᠴᠢᠮᠠᠲᠠᠭᠠᠢ ᠪᠠᠷ ᠤᠴᠠᠷᠠᠵᠤ ᠪᠠᠯᠢᠳᠠᠭᠰᠠᠨ ᠢ᠋ᠶ᠋ᠠᠷ ᠲᠣᠳᠣ ᠭᠠᠭᠴᠠᠭᠠᠷ ᠪᠤᠯᠲᠠᠷᠠᠨ ᠭᠦᠨ ᠡᠪᠡᠰᠦᠨ ᠢ᠋ᠶ᠋ᠡᠷ ᠭᠤᠯᠭᠤᠨ ᠭᠠᠷᠴᠤ᠂ ᠦᠯᠡᠭᠰᠡᠨ ᠴᠡᠷᠢᠭ ᠦ᠋ᠳ ᠵᠠᠷ ᠵᠡᠪᠰᠡᠭ ᠢ᠋ᠶ᠋ᠡᠨ ᠬᠡᠪᠲᠡᠭᠦᠯᠦᠨ ᠮᠥᠷᠭᠥᠵᠦ ᠳᠠᠭᠠᠯᠴᠠᠲᠠᠯ᠎ᠠ᠂ ᠠ ᠯᠦᠨ ᠸᠠᠩ ᠤ᠋ᠨ ᠳᠠᠭᠠᠭᠤᠯᠤᠭᠰᠠᠨ ᠰᠠᠢᠨ ᠮᠣᠷᠢᠲᠤ ᠴᠡᠷᠢᠭ ᠳᠣᠪᠲᠣᠯᠤᠨ ᠬᠦᠷᠴᠦ ᠢᠷᠡᠲᠡᠯ᠎ᠡ᠂ ᠮᠣᠩᠭᠣᠯ ᠴᠡᠷᠢᠭ ᠦ᠋ᠨ ᠨᠢᠳᠦᠨ ᠤᠯᠠᠢᠵᠤ ᠬᠥᠨᠳᠡᠯᠢᠳᠦᠨ ᠣᠷᠣᠵᠤ ᠠᠯᠠᠨ ᠡᠭᠦᠰᠬᠡᠲᠡᠯ᠎ᠡ᠂ ᠬᠣᠢᠨ᠎ᠠ ᠠ᠋ᠴᠠ ᠲᠠᠢᠽᠢ ᠵᠣᠴᠢ᠂ ᠠᠯᠤᠬ᠎ᠠ᠂ ᠰᠦᠬᠡ ᠶ᠋ᠢᠨ ᠭᠤᠷᠪᠠᠨ ᠵᠠᠮ ᠤ᠋ᠨ ᠴᠡᠷᠢᠭ ᠴᠢᠯᠠᠭᠤ ᠦᠮᠬᠦᠷᠢᠨ ᠮᠥᠷᠡᠨ ᠰᠡᠲᠡᠷᠡᠭᠰᠡᠨ ᠮᠡᠲᠦ ᠰᠠᠯᠬᠢᠨ ᠬᠥᠯᠭᠡᠯᠡᠨ᠂ ᠲᠦᠢᠮᠡᠷ ᠦᠯᠢᠶᠡᠨ ᠠᠯᠠᠨ ᠬᠦᠷᠴᠦ ᠢᠷᠡᠭᠡᠳ ᠡᠮᠦᠨ᠎ᠡ ᠬᠣᠢᠨ᠎ᠠ ᠠ᠋ᠴᠠ ᠬᠠᠪᠴᠢᠨ ᠪᠠᠢᠯᠳᠤᠭᠰᠠᠨ᠎ᠠ᠂ ᠬᠢᠳᠠᠨ ᠤ᠋ ᠴᠡᠷᠢᠭ ᠦ᠋ᠳ ᠨᠢᠭᠡᠨᠲᠡ ᠰᠠᠷᠨᠢᠯᠴᠠᠨ ᠪᠤᠷᠤᠭᠤᠯᠠᠬᠤᠶ᠎ᠠ᠂ ᠰᠠᠢᠨ ᠮᠣᠷᠢᠲᠤ ᠬᠡᠳᠦᠨ ᠠᠷᠪᠠᠨ ᠴᠡᠷᠢᠭ ᠮᠣᠷᠢᠨ ᠠ᠋ᠴᠠ ᠰᠠᠯᠵᠤ ᠶᠠᠪᠠᠭᠠᠨ ᠢ᠋ᠶ᠋ᠠᠷ ᠪᠤᠷᠭᠠᠰᠤᠨ ᠲᠦᠩ ᠳ᠋ᠦ᠍ᠷ ᠰᠢᠷᠭᠤᠵᠤ ᠂ ᠬᠠᠮᠤᠭ ᠡᠴᠦᠰ ᠲᠦ᠍ᠷ ᠠᠷᠭ᠎ᠠ ᠦᠭᠡᠢ ᠮᠥᠷᠭᠥᠨ ᠲᠠᠭᠠᠯᠴᠠᠪᠠ᠃ ᠠ ᠯᠦᠨ ᠸᠠᠩ ᠤ᠋ᠨ ᠰᠠᠢᠨ ᠮᠣᠷᠢᠲᠤ ᠴᠡᠷᠢᠭ ᠪᠠᠰᠠ ᠨᠢᠭᠡᠨ ᠠᠩᠭᠢ ᠠᠨᠤ ᠬᠦᠯᠦᠭ ᠨᠣᠶᠠᠨ ᠲᠠᠢᠪᠤᠤ ᠴᠢᠯᠠᠭᠤᠨ ᠤ᠋ ᠪᠦᠭᠭᠦᠭᠰᠡᠨ ᠴᠡᠷᠢᠭ ᠲᠦ᠍ᠷ ᠤᠴᠠᠷᠠᠮᠠᠭᠴᠠ ᠴᠢᠯᠠᠭᠤᠨ ᠤ᠋ ᠨᠠᠢ᠍ᠮᠠᠨ ᠠᠩᠭᠢ ᠴᠡᠷᠢᠭ ᠴᠤᠭᠭᠠᠷ ᠱᠠᠯᠠᠮᠠᠭᠠᠢᠯᠠᠨ ᠲᠣᠰᠴᠤ ᠬᠠᠪᠬ᠎ᠠ ᠳ᠋ᠤᠷ ᠣᠷᠣᠭᠰᠠᠨ ᠬᠤᠯᠤᠭᠠᠨ᠎ᠠ ᠮᠡᠲᠦ ᠨᠢᠭᠡᠬᠡᠨ ᠢ᠋ ᠴᠦ᠍ ᠭᠠᠷᠭᠠᠯ ᠦᠭᠡᠢ ᠲᠡᠭᠦᠵᠦ ᠪᠠᠷᠢᠭᠠᠳ᠂ ᠲᠠᠢᠽᠢ ᠵᠣᠴᠢ ᠴᠢᠨ ᠸᠠᠩ ᠤ᠋ᠨ ᠴᠡᠷᠢᠭ ᠢ᠋ ᠤᠭᠲᠤᠨ ᠭᠠᠷᠤᠭᠰᠠᠨ ᠳ᠋ᠤᠷ ᠲᠠᠯ᠎ᠠ ᠳ᠋ᠤᠷ ᠲᠡᠨᠦᠵᠦ ᠪᠠᠢᠭᠰᠠᠨ ᠬᠢᠳᠠᠨ ᠤ᠋ ᠴᠡᠷᠢᠭ ᠦ᠋ᠨ ᠦᠯᠡᠳᠡᠭᠳᠡᠯ ᠴᠦ᠍ ᠰᠠᠨᠠᠭᠠᠨ ᠮᠣᠬᠣᠵᠤ ᠮᠥᠷᠭᠥᠨ ᠳᠠᠭᠠᠪᠠᠢ᠃ ᠠᠯᠤᠬ᠎ᠠ᠂ ᠰᠦᠬᠡ ᠴᠠᠭᠠᠵᠠ ᠵᠠᠷᠯᠠᠨ ᠪᠠᠷᠢᠭᠳᠠᠭᠰᠠᠨ ᠴᠡᠷᠢᠭ ᠪᠦᠬᠦᠨ ᠦ᠌ ᠪᠠᠷᠠᠭᠤᠨ ᠴᠢᠬᠢ ᠶ᠋ᠢ ᠤᠭ ᠢ᠋ᠶ᠋ᠠᠷ ᠣᠭᠲᠣᠯᠤᠭᠤᠯᠤᠨ᠂ ᠥᠪᠡᠷ ᠢ᠋ᠶ᠋ᠡᠨ ᠳᠠᠭᠠᠭᠰᠠᠳ ᠤ᠋ᠨ ᠴᠢᠬᠢ ᠶ᠋ᠢ ᠬᠠᠭᠠᠰ ᠣᠭᠲᠣᠯᠤᠭᠤᠯᠤᠨ ᠢᠮ ᠲᠡᠮᠳᠡᠭ ᠲᠠᠯᠪᠢᠪᠠ᠃ ᠬᠢᠳᠠᠨ ᠤ᠋ ᠴᠡᠷᠢᠭ ᠦ᠋ᠨ ᠭᠤᠷᠪᠠᠨ ᠠᠩᠭᠢ ᠶ᠋ᠢ ᠲᠠᠪᠢᠨ ᠭᠠᠵᠠᠷ ᠤ᠋ᠨ ᠳᠣᠲᠣᠷ᠎ᠠ ᠨᠢᠭᠡᠬᠡᠨ ᠴᠦ᠍ ᠦᠯᠡᠳᠡᠭᠡᠯ ᠦᠭᠡᠢ ᠪᠠᠷᠢᠭᠰᠠᠨ ᠪᠣᠯᠪᠠᠴᠤ ᠭᠠᠭᠴᠠ ᠴᠡᠷᠢᠭ ᠦ᠋ᠨ ᠡᠵᠡᠨ ᠠ ᠯᠦᠨ ᠸᠠᠩ ᠢ᠋ ᠣᠯᠵᠤ ᠪᠠᠷᠢᠭᠰᠠᠨ ᠦᠭᠡᠢ ᠲᠤᠯᠠ ᠲᠠᠢᠽᠢ ᠵᠣᠴᠢ ᠶᠡᠬᠡᠯ᠎ᠡ ᠴᠢᠬᠤᠯᠳᠠᠨ᠂ ᠶᠡᠬᠡ ᠪᠠᠭ ᠤ᠋ᠨ ᠴᠡᠷᠢᠭ ᠢ᠋ ᠬᠦᠯᠦᠭ ᠴᠢᠯᠠᠭᠤᠨ ᠳ᠋ᠤᠷ ᠲᠤᠰᠢᠶᠠᠭᠠᠳ᠂ ᠥᠪᠡᠷᠦᠨ ᠪᠡᠶ᠎ᠡ ᠪᠡᠷ ᠰᠢᠳᠠᠷ ᠵᠠᠩᠵᠤᠨ ᠨᠠᠷ ᠢ᠋ ᠠᠪᠤᠨ ᠮᠥᠷ ᠮᠥᠰᠬᠢᠨ ᠳᠣᠪᠲᠣᠯᠪᠠ᠃ 
       ᠡᠭᠦᠨ ᠢ᠋ ᠲᠦᠷ ᠬᠡᠯᠡᠬᠦ ᠦᠭᠡᠢ᠃ ᠲᠡᠷᠢᠭᠦᠨ ᠳ᠋ᠦ᠍ᠷ ᠳᠣᠪᠲᠣᠯᠤᠨ ᠭᠠᠷᠤᠭᠰᠠᠨ ᠲᠣᠳᠣ ᠴᠧᠩᠰᠢᠶᠠᠩ ᠨᠢᠭᠡᠨ ᠠᠮᠢ ᠪᠠᠷ ᠵᠢᠷᠠᠨ ᠭᠠᠵᠠᠷ ᠳᠣᠪᠲᠣᠯᠤᠨ᠂ ᠮᠣᠷᠢ ᠪᠦᠳᠦᠷᠢᠵᠦ ᠣᠢᠴᠢᠭᠠᠳ ᠬᠥᠳᠡᠯᠬᠦ ᠦᠭᠡᠢ ᠪᠣᠯᠤᠭᠰᠠᠨ ᠳ᠋ᠤᠷ ᠴᠢᠪᠬᠢᠲᠡᠯ᠎ᠡ ᠪᠠᠰᠠ ᠠ ᠯᠦᠨ ᠸᠠᠩ ᠤ᠋ᠨ ᠬᠣᠶᠠᠷ ᠰᠠᠢᠨ ᠮᠣᠷᠢᠲᠤ ᠴᠡᠷᠢᠭ ᠲᠡᠭᠦᠨ ᠦ᠌ ᠬᠣᠢᠨ᠎ᠠ ᠠ᠋ᠴᠠ ᠳᠣᠪᠲᠣᠯᠤᠨ ᠢᠷᠡᠭᠡᠳ ᠤᠷᠢᠳᠠᠪᠡᠷ ᠣᠯᠠᠨ ᠠ᠋ᠴᠠ ᠬᠣᠯᠠ ᠬᠣᠴᠣᠷᠤᠭᠰᠠᠨ ᠦᠢᠯᠡ ᠬᠡᠮᠡᠭᠴᠢ ᠵᠠᠩᠵᠤᠨ ᠤ᠋ ᠬᠥᠲᠥᠯᠦᠭᠰᠡᠨ ᠰᠤᠯᠠ ᠮᠣᠷᠢᠨ ᠳ᠋ᠠᠭᠠᠨ ᠤᠨᠤᠭᠤᠯᠵᠤ ᠠᠪᠠᠴᠢᠰᠤᠭᠠᠢ ᠬᠡᠮᠡᠬᠦᠢ ᠳ᠋ᠦ᠍ᠷ ᠦᠢᠯᠡ ᠶᠡᠬᠡᠯ᠎ᠡ ᠪᠠᠶᠠᠷᠯᠠᠨ ᠪᠠᠰᠠ ᠲᠡᠳᠡ ᠨᠠᠷ ᠤ᠋ᠨ ᠴᠢᠬᠢ ᠦᠭᠡᠢ ᠶ᠋ᠢ ᠦᠵᠡᠭᠡᠳ ᠪᠤᠷᠤᠭᠤᠯᠠᠨ ᠳᠤᠲᠠᠭᠠᠬᠤ ᠴᠡᠷᠢᠭ ᠭᠡᠮᠡᠨ ᠲᠣᠳᠣᠷᠬᠠᠢ ᠲᠠᠨᠢᠭᠰᠠᠨ ᠴᠤ᠌᠂ ᠰᠠᠢᠨ ᠰᠡᠳᠬᠢᠯ ᠲᠡᠢ ᠭᠡᠮᠡᠨ ᠬᠥᠬᠢᠭᠡᠭᠡᠳ ᠲᠣᠳᠣ ᠶ᠋ᠢᠨ ᠳᠡᠷᠭᠡᠳᠡ ᠢᠷᠡᠵᠦ ᠲᠡᠳᠬᠦᠨ ᠪᠤᠰᠬᠠᠭᠠᠳ ᠪᠠᠰᠠ ᠨᠢᠭᠡᠨ ᠮᠣᠷᠢ ᠣᠯᠵᠤ ᠤᠨᠤᠭᠤᠯᠤᠨ ᠬᠠᠮᠲᠤ ᠳᠣᠪᠲᠣᠯᠬᠤᠢ ᠳ᠋ᠤᠷ ᠲᠣᠳᠣ ᠦᠵᠡᠪᠡᠰᠦ ᠦᠢᠯᠡ ᠵᠠᠩᠵᠤᠨ ᠤ᠋ ᠤᠨᠤᠭᠰᠠᠨ ᠮᠣᠷᠢ ᠦᠨᠡᠬᠡᠷ ᠨᠢᠭᠡᠨ ᠨᠡᠷᠡᠲᠦ ᠰᠠᠢᠨ ᠮᠣᠷᠢ ᠪᠥᠭᠡᠳ ᠥᠪᠡᠷᠦᠨ ᠤᠨᠤᠭᠰᠠᠨ ᠮᠣᠷᠢ ᠠᠨᠤ ᠬᠠᠱᠠᠩ ᠪᠢᠳᠠᠭᠤ ᠮᠡᠲᠦ ᠳ᠋ᠦ᠍ᠷ ᠰᠠᠨᠠᠪᠠᠰᠤ ᠶᠠᠪᠤᠬᠤ ᠵᠠᠮ ᠴᠥᠮ ᠭᠦᠨ ᠭᠣᠣ ᠭᠠᠩᠭ᠎ᠠ ᠲᠤᠯᠠ ᠬᠡᠷᠪᠡ ᠮᠣᠩᠭᠣᠯ ᠤ᠋ᠨ ᠪᠦᠭᠭᠦᠭᠰᠡᠨ ᠴᠡᠷᠢᠭ ᠯᠣᠭᠡ ᠤᠴᠠᠷᠠᠪᠠᠰᠤ ᠮᠤᠯᠲᠤᠷᠠᠬᠤᠶ᠎ᠠ ᠪᠡᠷᠬᠡ ᠪᠣᠯᠤᠮᠤᠢ᠃ ᠲᠡᠷᠡ ᠦᠶ᠎ᠡ ᠳ᠋ᠦ᠍ᠷ ᠡᠨᠡ ᠦᠢᠯᠡ ᠵᠠᠩᠵᠤᠨ ᠬᠡᠷᠬᠢᠪᠡᠴᠦ ᠨᠠᠮᠠᠶ᠋ᠢ ᠲᠡᠳᠬᠦᠬᠦ ᠦᠭᠡᠢ ᠣᠷᠬᠢᠵᠤ ᠳᠤᠲᠠᠭᠠᠮᠤᠢ᠂ ᠲᠡᠢᠨ ᠬᠦ᠌ ᠡᠭᠦᠨ ᠦ᠌ ᠮᠣᠷᠢ ᠶ᠋ᠢ ᠡᠷᠲᠡᠬᠡᠨ ᠠᠪᠴᠤ ᠤᠨᠤᠬᠤ ᠶ᠋ᠢ ᠬᠦᠷᠬᠦ ᠦᠭᠡᠢ ᠭᠡᠮᠡᠨ ᠬᠠᠷ᠎ᠠ ᠰᠡᠳᠬᠢᠯ ᠡᠭᠦᠰᠴᠦ ᠰᠡᠮᠡᠬᠡᠷ ᠵᠡᠪᠡ ᠣᠨᠢᠯᠠᠨ ᠦᠢᠯᠡ ᠶ᠋ᠢᠨ ᠰᠢᠯᠢ ᠬᠦᠵᠦᠭᠦᠦ ᠤᠷᠤᠭᠤ ᠨᠢᠭᠡᠨᠲᠡ ᠬᠠᠷᠪᠤᠭᠰᠠᠨ ᠳ᠋ᠤᠷ ᠦᠢᠯᠡ ᠠᠷᠤ ᠪᠠᠷ ᠰᠠᠪᠠᠨ ᠤᠨᠠᠮᠠᠭᠴᠠ ᠲᠣᠳᠣ ᠬᠡᠳᠦᠢᠨ ᠪᠡᠯᠡᠨ ᠮᠣᠷᠢᠨ ᠤ᠋ ᠵᠢᠯᠣᠭᠣ ᠠ᠋ᠴᠠ ᠰᠢᠭᠦᠷᠡᠨ ᠠᠪᠴᠤ ᠦᠢᠯᠡ ᠶ᠋ᠢᠨ ᠮᠣᠷᠢᠨ ᠳᠡᠭᠡᠷ᠎ᠡ ᠠᠯᠠᠪᠬᠢᠨ ᠤᠨᠤᠭᠠᠳ ᠵᠠᠮ ᠪᠤᠷᠤᠭᠤᠯᠠᠨ᠂ ᠵᠡᠭᠦᠨ ᠬᠣᠢᠲᠤ ᠵᠦᠭ ᠳᠣᠪᠲᠣᠯᠬᠤᠶ᠎ᠠ᠂ ᠨᠥᠭᠦᠭᠡ ᠬᠣᠶᠠᠷ ᠮᠣᠷᠢᠲᠠᠨ ᠮᠥᠨ ᠪᠠᠰᠠ ᠳᠠᠭᠠᠵᠤ ᠶᠠᠪᠤᠪᠠ᠃ ᠲᠣᠳᠣ ᠡᠨᠡ ᠡᠳᠦᠷ ᠠᠮᠢ ᠭᠠᠷᠪᠠ ᠭᠡᠮᠡᠨ ᠳᠣᠲᠣᠷ᠎ᠠ ᠪᠠᠨ ᠪᠠᠶᠠᠷᠯᠠᠨ ᠨᠠᠢ᠍ᠮᠠᠨ ᠤ᠋ ᠶᠡᠬᠡ ᠴᠡᠷᠢᠭ ᠦ᠋ᠨ ᠢᠷᠡᠬᠦ ᠵᠦᠭ ᠢ᠋ ᠴᠢᠭᠯᠡᠨ᠂ ᠪᠣᠷᠣ ᠪᠤᠷᠭᠠᠰᠤᠲᠠᠢ ᠶ᠋ᠢᠨ ᠥᠨᠴᠥᠭ ᠢ᠋ᠶ᠋ᠡᠷ ᠲᠠᠰᠢᠭᠤ ᠬᠥᠳᠡᠭᠡᠰᠢᠵᠦ ᠥᠩᠭᠡᠷᠡᠬᠦᠶ᠎ᠡ ᠲᠡᠮᠦᠷ ᠦ᠋ᠨ ᠨᠢᠭᠡᠨ ᠠᠩᠭᠢ ᠬᠣᠯᠬᠣᠪᠴᠢ ᠨᠤᠮᠤᠲᠤ ᠪᠦᠭᠭᠦᠭᠰᠡᠨ ᠴᠡᠷᠢᠭ ᠲᠦ᠍ᠷ ᠬᠠᠷᠪᠤᠭᠳᠠᠨ ᠬᠡᠳᠦ ᠬᠡᠳᠦᠨ ᠰᠠᠮᠠᠭᠤᠨ ᠵᠡᠪᠡ ᠶ᠋ᠢᠨ ᠰᠢᠷᠬ᠎ᠠ ᠣᠯᠤᠭᠰᠠᠨ ᠴᠤ᠌ ᠵᠡᠪᠰᠢᠶᠡᠨ᠎ᠡ ᠠᠮᠢᠨ ᠭᠠᠵᠠᠷ ᠲᠤᠰᠤᠭᠰᠠᠨ ᠦᠭᠡᠢ ᠲᠤᠯᠠ ᠰᠠᠢᠨ ᠮᠣᠷᠢᠨ ᠤ᠋ ᠠᠴᠢ ᠪᠠᠷ ᠭᠦᠨ ᠡᠪᠡᠰᠦᠨ ᠳᠣᠲᠣᠭᠤᠷ ᠪᠤᠷᠤᠭᠤᠯᠠᠨ ᠭᠠᠷᠪᠠᠢ᠃ ᠳᠠᠭᠠᠭᠰᠠᠨ ᠬᠣᠶᠠᠷ ᠴᠡᠷᠢᠭ ᠪᠠᠰᠠ ᠣᠯᠵᠠᠯᠠᠨ ᠠᠪᠠᠴᠢᠭᠳᠠᠭᠰᠠᠨ ᠢ᠋ ᠬᠡᠯᠡᠬᠦ ᠦᠭᠡᠢ᠃ 
       ᠵᠢᠴᠢ ᠥᠭᠦᠯᠡᠬᠦ ᠢᠨᠦ᠂ ᠬᠢᠳᠠᠨ ᠤ᠋ ᠴᠡᠷᠢᠭ ᠦ᠋ᠨ ᠡᠵᠡᠨ ᠠ ᠯᠦᠨ ᠸᠠᠩ ᠨᠠᠶᠠᠭᠠᠳ ᠭᠠᠵᠠᠷ ᠨᠡᠰᠢ ᠴᠠᠰᠢ ᠠᠮᠢ ᠲᠡᠮᠡᠴᠡᠨ ᠭᠦᠶᠦᠵᠦ ᠬᠤᠶᠠᠭ ᠳᠤᠭᠤᠯᠠᠭ᠎ᠠ ᠪᠠᠨ ᠴᠥᠮ ᠭᠡᠭᠡᠭᠡᠳ᠂ ᠰᠤᠪᠠᠢ ᠰᠤᠭᠤᠯᠳᠤᠷ ᠢ᠋ᠶ᠋ᠠᠷ ᠰᠤᠭᠰᠤᠷᠠᠨ ᠳᠣᠪᠲᠣᠯᠤᠭᠰᠠᠭᠠᠷ ᠦᠳᠡ ᠶ᠋ᠢᠨ ᠬᠢᠷᠢ ᠳ᠋ᠦ᠍ᠷ ᠭᠦᠨ ᠭᠣᠣ ᠶ᠋ᠢᠨ ᠠᠮᠠᠰᠠᠷ ᠲᠤᠷ ᠣᠷᠣᠵᠤ ᠢᠷᠡᠭᠡᠳ᠂ 《ᠬᠥᠮᠦᠨ ᠮᠣᠷᠢ ᠲᠠᠢ ᠪᠠᠨ ᠳᠠᠯᠳᠠ ᠭᠠᠵᠠᠷ ᠣᠷᠣᠪᠠ᠂ ᠣᠳᠣ ᠨᠡᠬᠡᠬᠦ ᠴᠡᠷᠢᠭ ᠳᠠᠪ ᠠᠪᠤᠨ ᠢᠷᠡᠬᠦ ᠦᠭᠡᠢ ᠪᠣᠯᠪᠠ 》ᠭᠡᠮᠡᠨ ᠰᠠᠨᠠᠵᠤ᠂ ᠮᠣᠷᠢᠨ ᠠᠮᠠ ᠶ᠋ᠢ ᠲᠠᠲᠠᠵᠤ ᠪᠠᠬᠠᠨ ᠠᠮᠢᠰᠬᠤᠯ ᠠᠪᠤᠨ ᠭᠣᠢᠭᠣᠷᠤᠭᠤᠯᠵᠤ᠂ ᠠᠮᠠᠨ ᠳᠣᠲᠣᠷ᠎ᠠ ᠪᠠᠨ ᠬᠠᠷᠢᠶᠠᠨ ᠥᠭᠦᠯᠡᠷᠦᠨ:《ᠮᠤᠩᠭᠠᠨᠢᠨ ᠮᠥᠬᠥᠭᠴᠢ ᠮᠤᠩᠬᠠᠭ ᠮᠣᠩᠭᠣᠯ᠂ ᠮᠤᠯᠲᠤᠷᠠᠲᠠᠯ᠎ᠠ ᠴᠠᠪᠴᠢᠭᠳᠠᠭᠴᠢ ᠮᠤᠬᠤᠯᠢ ᠮᠣᠭᠠᠢᠯᠵᠢ᠃ ᠮᠤᠬᠤᠷ ᠮᠤᠰᠬᠢᠭᠤ ᠮᠥᠨ ᠭᠣᠣ ᠳ᠋ᠤᠷ ᠮᠠᠭᠤ ᠰᠠᠢᠨ ᠴᠡᠷᠢᠭ ᠪᠦᠭᠭᠦᠭᠰᠡᠨ ᠪᠥᠭᠡᠰᠦ ᠂ ᠮᠤᠯᠲᠤᠷᠠᠨ ᠪᠤᠯᠲᠠᠷᠠᠬᠤ ᠵᠠᠮ ᠪᠣᠢ ᠤᠤ ? ᠮᠤᠤᠰᠠᠢᠨ ᠤ᠋ ᠵᠤᠯᠵᠠᠭ᠎ᠠ ᠮᠤᠬᠤᠯᠢ ᠪᠣᠭᠣᠯ᠃ ᠮᠤᠬᠢᠷ ᠲᠠᠬᠢᠷ ᠲᠠᠭᠠᠨ ᠵᠢᠨᠦᠩ ᠪᠣᠯᠤᠯᠲᠠᠢ ! 》ᠭᠡᠮᠡᠨ ᠬᠡᠯᠡᠵᠦ ᠪᠠᠷᠠᠬᠤᠢ ᠶ᠋ᠢᠨ ᠤᠷᠢᠳ ᠭᠦᠨ ᠭᠣᠣ ᠶ᠋ᠢᠨ ᠬᠣᠶᠠᠷ ᠠᠮᠠᠰᠠᠷ ᠲᠤᠷ ᠥᠭᠡᠷᠯᠢᠭ ᠶᠡᠬᠡ ᠬᠠᠨ ᠪᠤᠤ ᠶ᠋ᠢᠨ ᠳᠠᠭᠤᠨ ᠠᠶᠤᠩᠭ᠎ᠠ ᠳᠡᠯᠪᠡᠷᠡᠨ᠂ ᠴᠠᠬᠢᠯᠭᠠᠨ ᠪᠠᠭᠤᠬᠤ ᠮᠡᠲᠦ ᠳᠠᠷᠠᠭ᠎ᠠ ᠳᠠᠷᠠᠭ᠎ᠠ ᠪᠠᠷ ᠳᠠᠭᠤᠷᠢᠰᠲᠠᠯ᠎ᠠ ᠬᠣᠶᠠᠷ ᠢᠷᠮᠡᠭ ᠦ᠋ᠨ ᠪᠦᠭᠭᠦᠭᠰᠡᠨ ᠴᠡᠷᠢᠭ ᠦ᠋ᠳ ᠴᠤᠭᠭᠠᠷ ᠪᠣᠰᠤᠯᠴᠠᠨ ᠵᠡᠪᠡ ᠴᠢᠯᠠᠭᠤᠨ ᠬᠠᠮᠲᠤᠪᠠᠷ ᠳᠡᠯᠡᠳᠦᠨ ᠡᠭᠦᠰᠬᠡᠪᠡ᠃ ᠠ ᠯᠦᠨ ᠸᠠᠩ ᠤ᠋ᠨ ᠠᠮᠢ ᠵᠠᠶᠠᠭ᠎ᠠ ᠶᠠᠮᠪᠠᠷ ᠪᠣᠯᠬᠤ ᠶ᠋ᠢ ᠠᠯᠭᠤᠷ ᠢ᠋ᠶ᠋ᠠᠷ ᠮᠡᠳᠡᠭᠳᠡᠬᠦᠢ᠃ 

         ᠠᠳᠠᠪᠠᠰᠢ ᠳᠤᠯᠠᠭᠠᠨ ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠤᠯᠠᠷᠢᠯ ᠳ᠋ᠤᠷ 
         ᠠᠴᠢ ᠦᠶ᠎ᠡ ᠬᠡᠦᠬᠡᠳ ᠢ᠋ᠶ᠋ᠡᠨ ᠳᠠᠭᠠᠭᠤᠯᠤᠨ ᠴᠡᠴᠡᠭ ᠲᠣᠷ ᠴᠢᠳᠬᠤᠨ ᠨᠠᠭᠠᠳᠬᠤᠶ᠎ᠠ᠂ 
         ᠠᠷᠢᠭᠤᠨ ᠪᠣᠯᠣᠷ ᠤ᠋ᠨ ᠤᠮᠠᠷᠠᠲᠤ ᠴᠣᠩᠬᠣ ᠪᠠᠷ ᠲᠤᠩᠭᠠᠯᠠᠭ ᠤᠷᠤᠰᠬᠠᠯ ᠢ᠋ ᠦᠵᠡᠷᠦᠨ 
         ᠠᠭᠤᠯᠠ ᠤᠰᠤᠲᠤ ᠬᠣᠢᠲᠤ ᠴᠡᠴᠡᠭᠯᠢᠭ ᠲᠣᠷ ᠬᠠᠪᠤᠷ ᠤ᠋ᠨ ᠳᠣᠯᠭᠢᠶᠠᠨ ᠵᠡᠷᠭᠡᠯᠡᠵᠦᠬᠦᠢ᠃