ᠬᠠᠢᠷᠠᠨ ᠬᠠᠢᠷᠠᠨ᠂ ᠲᠣᠭ᠎ᠠ ᠦᠭᠡᠢ ᠲᠣᠭ᠎ᠠ ᠦᠭᠡᠢ - ᠳ· ᠨᠠᠴᠤᠭᠳᠣᠷᠵᠢХайран хайран, тоогүй тоогүй
ᠳ· ᠨᠠᠴᠤᠭᠳᠣᠷᠵᠢ
ᠵᠠᠯᠠᠭᠤ ᠬᠦᠦ ᠠᠷᠪᠠᠨ ᠨᠠᠰᠤᠲᠠᠢ
ᠳᠤᠮᠳᠠ ᠰᠤᠷᠭᠠᠭᠤᠯᠢ ᠶ᠋ᠢᠨ ᠡᠷᠳᠡᠮ ᠲᠡᠢ
ᠲᠤᠩ ᠴᠠᠭᠠᠨ ᠴᠢᠷᠠᠢ ᠲᠠᠢ
ᠳᠤᠷᠠᠨ ᠬᠠᠷ᠎ᠠ ᠨᠢᠳᠦ ᠲᠡᠢ᠃
ᠡᠴᠢᠭᠡ ᠡᠬᠡ ᠨᠢ ᠬᠠᠢᠷ᠎ᠠ ᠲᠠᠢ
ᠡᠩ ᠦ᠋ᠨ ᠬᠥᠮᠦᠰ ᠴᠦ᠍ ᠡᠷᠬᠢᠮᠯᠡᠨ᠎ᠡ᠃
ᠭᠡᠷ ᠲᠡᠭᠡᠨ ᠲᠤᠰᠠ ᠲᠠᠢ ᠤᠯᠤᠰ ᠲᠠᠭᠠᠨ ᠬᠡᠷᠡᠭ ᠲᠡᠢ
ᠬᠥᠮᠦᠨ ᠪᠣᠯᠬᠤ ᠨᠢ ᠵᠠᠢᠯᠠᠰᠢ ᠦᠭᠡᠢ ᠪᠢᠯᠡ᠃
ᠬᠠᠮᠤᠭ ᠢ᠋ ᠵᠣᠪᠠᠭᠠᠭᠴᠢ ᠭᠠᠮᠰᠢᠭ
ᠬᠠᠮᠢᠶ᠎ᠠ ᠦᠭᠡᠢ ᠬᠠᠯᠳᠠᠪᠤᠷᠢ
ᠭᠡᠳᠡᠰᠦᠨ ᠦ᠌ ᠬᠠᠯᠠᠭᠤᠨ ᠡᠪᠡᠳᠴᠢᠨ
ᠬᠠᠢᠷᠠᠨ ᠬᠦᠦ ᠶ᠋ᠢ ᠦᠬᠦᠭᠦᠯᠪᠡ᠃
ᠡᠴᠢᠭᠡ ᠡᠬᠡ ᠨᠢ ᠲᠣᠯᠣᠭᠠᠢ ᠲᠠᠲᠠᠬᠤ ᠦᠭᠡᠢ
ᠡᠮᠭᠡᠨᠢᠵᠦ ᠭᠠᠰᠠᠯᠬᠤ ᠨᠢ ᠪᠠᠷᠠᠰᠢ ᠦᠭᠡᠢ᠃
ᠡᠷᠲᠡᠨ ᠡᠴᠡ ᠰᠡᠷᠭᠡᠢᠯᠡᠭᠰᠡᠨ ᠪᠣᠯᠪᠠᠯ
ᠡᠢᠮᠦ ᠳ᠋ᠦ᠍ ᠬᠡᠷᠬᠢᠨ ᠬᠦᠷᠬᠦ ᠪᠢᠯᠡ᠃
1935 ᠣᠨ
ᠦᠰᠦᠭ ᠠᠮᠢᠯᠠᠭᠤᠯᠤᠭᠴᠢ᠄ ᠭᠠᠷᠮ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
