ᠦᠵᠡᠰᠬᠦᠯᠡᠩᠲᠦ ᠥᠬᠢᠨ ᠰᠠᠨ- ᠳ· ᠨᠠᠴᠤᠭᠳᠣᠷᠵᠢҮзэсгэлэнт охин сан-Д.Нацагдорж
ᠳ· ᠨᠠᠴᠤᠭᠳᠣᠷᠵᠢ
ᠴᠡᠴᠡᠭ ᠦ᠋ᠨ ᠬᠤᠷ᠎ᠠ ᠣᠷᠣᠵᠤ
ᠲᠠᠪᠤᠨ ᠥᠩᠭᠡ ᠶ᠋ᠢᠨ ᠰᠣᠯᠣᠩᠭ᠎ᠠ ᠲᠠᠲᠠᠬᠤ ᠳ᠋ᠤ᠌
ᠴᠡᠮᠴᠡᠭᠡᠷ ᠴᠠᠭᠠᠨ ᠭᠡᠷ ᠦ᠋ᠨ ᠬᠠᠵᠠᠭᠤ ᠳ᠋ᠤ᠌
ᠵᠢᠪᠬᠤᠯᠠᠩᠲᠤ ᠥᠬᠢᠨ ᠵᠣᠭᠰᠣᠬᠤ ᠨᠢ ᠦᠵᠡᠰᠬᠦᠯᠡᠩ ᠲᠡᠢ᠃
ᠴᠢᠷᠠᠢ ᠶ᠋ᠢᠨ ᠥᠩᠭᠡ ᠠᠷᠴᠢᠭᠰᠠᠨ ᠲᠣᠯᠢ ᠮᠡᠲᠦ
ᠴᠠᠪ ᠴᠠᠭᠠᠨ ᠰᠢᠳᠦ ᠢᠷᠠᠯᠵᠠᠵᠤ ᠥᠲᠥᠨ ᠬᠥᠮᠥᠰᠬᠡ ᠵᠤᠷᠠᠢᠨ᠎ᠠ᠃
ᠬᠠᠷᠠᠬᠤ ᠨᠢᠳᠦᠨ ᠦ᠌ ᠬᠠᠷ᠎ᠠ ᠴᠠᠭᠠᠨ ᠨᠢ ᠬᠣᠣᠰᠯᠠᠨ
ᠬᠠᠰ ᠴᠢᠯᠠᠭᠤᠨ ᠳ᠋ᠤ᠌ ᠰᠢᠭᠢᠳᠬᠡᠭᠰᠡᠨ ᠯᠦᠩᠲᠠᠩ ᠮᠡᠲᠦ᠃
ᠡᠩᠬᠦᠷᠡᠢ ᠥᠬᠢᠨ ᠡᠨᠡ ᠵᠢᠯ ᠠᠷᠪᠠᠨ ᠳᠣᠯᠣᠭᠠᠨ ᠨᠠᠰᠤ ᠲᠠᠢ
ᠡᠴᠢᠭᠡ ᠡᠬᠡ ᠳ᠋ᠡᠭᠡᠨ ᠡᠷᠳᠡᠨᠢ ᠮᠡᠲᠦ ᠬᠠᠢᠷᠠᠯᠠᠭᠳᠠᠵᠠᠢ᠃
ᠢᠳᠡᠷ ᠵᠠᠯᠠᠭᠤᠰ ᠢ᠋ ᠥᠩᠭᠡ ᠪᠡᠷ ᠢ᠋ᠶ᠋ᠡᠨ ᠭᠢᠯᠪᠠᠭᠤᠯᠵᠤ
ᠨᠢᠭᠡᠨ ᠠᠢᠮᠠᠭ ᠬᠣᠲᠠᠨ ᠳ᠋ᠤ᠌ ᠮᠠᠭᠲᠠᠭᠳᠠᠨ ᠬᠦᠰᠡᠭᠳᠡᠵᠡᠢ᠃
ᠦᠵᠡᠰᠬᠦᠯᠡᠩᠲᠦ ᠥᠬᠢᠳ ᠣᠯᠠᠨ ᠪᠣᠯᠪᠠᠴᠤ
ᠦᠨᠡᠬᠡᠷ ᠲᠡᠭᠦᠨ ᠳ᠋ᠦ᠍ ᠲᠡᠩᠴᠡᠬᠦ ᠨᠢ ᠬᠣᠪᠣᠷ᠂
ᠥᠰᠬᠦ ᠲᠥᠯᠵᠢᠬᠦ ᠠᠮᠢᠳᠤ ᠡᠷᠳᠡᠨᠢ ᠮᠡᠲᠦ ᠪᠥᠭᠡᠳ
ᠦᠵᠡᠭᠰᠡᠨ ᠬᠥᠮᠦᠨ ᠪᠦᠬᠦᠨ ᠦ᠌ ᠰᠡᠳᠬᠢᠯ ᠡᠴᠡ ᠦᠯᠦ ᠬᠠᠭᠠᠴᠠᠨ᠎ᠠ᠃
ᠡᠢᠮᠦ ᠯᠡ ᠨᠢᠭᠡ ᠰᠠᠢᠬᠠᠨ ᠥᠬᠢᠨ
ᠡᠨᠡ ᠶᠢᠷᠲᠢᠨᠴᠦ ᠶ᠋ᠢᠨ ᠳ᠋ᠧᠩᠯᠦ ᠪᠣᠯᠵᠠᠢ᠃
ᠡᠰᠡᠨ ᠮᠡᠨᠳᠦ ᠶᠠᠪᠤᠬᠤ ᠶ᠋ᠢ
ᠡᠨᠡ ᠲᠡᠷᠡ ᠬᠡᠨ ᠴᠤ᠌ ᠬᠦᠰᠡᠬᠦ ᠪᠢᠯᠡ᠃
ᠭᠡᠲᠡᠯ᠎ᠡ ᠴᠡᠴᠡᠭ ᠡᠪᠡᠳᠴᠢᠨ ᠦ᠌ ᠨᠢᠶᠠᠨ
ᠪᠦᠬᠦ ᠣᠷᠴᠢᠯᠠᠩ ᠢ᠋ ᠪᠦᠷᠬᠦᠬᠦ ᠳ᠋ᠦ᠍
ᠬᠡᠳᠦᠢᠨ ᠦ᠌ ᠡᠴᠡ ᠰᠡᠷᠭᠡᠢᠯᠡᠭᠰᠡᠨ ᠦᠭᠡᠢ ᠶ᠋ᠢᠨ ᠬᠠᠷᠠᠭ᠎ᠠ ᠪᠠᠷ
ᠬᠥᠭᠡᠷᠦᠬᠦᠢ ᠥᠬᠢᠨ ᠡᠪᠡᠳᠪᠡ᠃
ᠡᠮᠵᠡᠭ ᠵᠥᠭᠡᠯᠡᠨ ᠪᠡᠶ᠎ᠡ ᠨᠢ
ᠬᠥᠳᠡᠯᠵᠦ ᠴᠢᠳᠠᠬᠤ ᠦᠭᠡᠢ ᠪᠣᠯᠪᠠ᠃
ᠡᠩᠬᠦᠷᠡᠢ ᠬᠥᠭᠡᠷᠦᠬᠦᠢ ᠥᠬᠢᠨ
ᠭᠠᠰᠠᠯᠠᠩ ᠤ᠋ᠨ ᠣᠷᠣᠨ ᠳ᠋ᠤ᠌ ᠬᠡᠪᠲᠡᠪᠡ᠃
ᠥᠪᠡᠷ ᠦ᠋ᠨ ᠨᠢᠭᠤᠷ ᠢ᠋ ᠲᠣᠯᠢᠨ ᠳ᠋ᠤ᠌ ᠬᠠᠷᠠᠵᠤ
ᠦᠶ᠎ᠡ ᠦᠶ᠎ᠡ ᠰᠡᠭᠦᠷᠡᠰᠦ ᠠᠯᠳᠠᠨ᠎ᠠ᠃
ᠦᠵᠡᠰᠬᠦᠯᠡᠩ ᠦ᠋ᠨ ᠴᠢᠷᠠᠢ ᠶ᠋ᠢ ᠬᠡᠷᠬᠢᠨ ᠦᠵᠡᠬᠦ ᠡᠴᠡ
ᠢᠴᠢᠩᠭᠦᠷᠡᠨ ᠪᠠᠢᠨ ᠪᠠᠢᠨ ᠪᠤᠬᠢᠨᠢᠳᠤᠨ᠎ᠠ᠃
ᠲᠣᠯᠢ ᠰᠢᠭ᠋ ᠴᠢᠷᠠᠢ ᠨᠢ ᠪᠠᠷᠤᠢᠵᠤ
ᠵᠢᠭᠰᠢᠮᠡᠷ ᠬᠢᠷᠳ᠋ᠬᠢᠮᠡᠷ ᠦᠵᠡᠭᠳᠡᠨ᠎ᠡ᠃
ᠲᠤᠩᠭᠠᠯᠠᠭ ᠨᠢᠳᠦ ᠨᠢ ᠡᠭᠦᠯᠡᠲᠦᠵᠦ
ᠦᠵᠡᠰᠢ ᠦᠭᠡᠢ ᠪᠣᠯᠵᠠᠢ᠃
ᠤᠷᠢᠳᠤᠬᠢ ᠦᠵᠡᠰᠬᠦᠯᠡᠩ ᠢ᠋ ᠰᠠᠨᠠᠬᠤ ᠪᠦᠷᠢ
ᠬᠥᠮᠦᠨ ᠪᠦᠬᠦᠨ ᠭᠠᠰᠢᠭᠤᠳᠠᠨ᠎ᠠ᠃
ᠤᠷᠢᠳᠠ ᠠ᠋ᠴᠠ ᠲᠠᠷᠢᠭᠤᠯᠤᠭᠰᠠᠨ ᠦᠭᠡᠢ ᠶ᠋ᠢᠨ ᠬᠠᠷᠠᠭ᠎ᠠ ᠪᠠᠷ
ᠡᠢᠮᠦ ᠪᠣᠯᠤᠭᠰᠠᠨ ᠨᠢ ᠭᠡᠮᠰᠢᠯ ᠲᠡᠢ᠃
1935 ᠣᠨ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
ᠬᠢᠨᠠᠭᠴᠢ᠄ ᠣᠳᠬᠠᠨᠰᠣ᠎ᠠ
