ᠬᠠᠯᠠᠭᠤᠨ ᠬᠢᠵᠢᠭ- ᠳ· ᠨᠠᠴᠤᠭᠳᠣᠷᠵᠢХалуун хижиг-Д.Нацагдорж
ᠳ· ᠨᠠᠴᠤᠭᠳᠣᠷᠵᠢ
ᠪᠣᠯᠭᠣᠵᠤ ᠪᠣᠯᠪᠠᠰᠤᠷᠠᠭᠤᠯᠤᠭᠰᠠᠨ ᠦᠭᠡᠢ ᠨᠣᠭᠣᠭ᠎ᠠ ᠬᠣᠭᠣᠯᠠᠨ ᠤ᠋ ᠵᠦᠢᠯ
ᠪᠤᠷᠲᠠᠭ ᠭᠬᠢᠷ ᠪᠤᠵᠠᠷ ᠮᠠᠭᠤ ᠪᠠᠢᠳᠠᠯ ᠤ᠋ᠳ ᠠ᠋ᠴᠠ ᠡᠭᠦᠰᠴᠦ
ᠭᠡᠳᠡᠰᠦᠨ ᠦ᠌ ᠬᠠᠯᠠᠭᠤᠨ ᠬᠢᠵᠢᠭ ᠬᠡᠴᠡᠭᠦᠦ ᠲᠣᠭᠰᠢᠨ ᠨᠢᠶᠠᠨ ᠲᠥᠷᠥᠵᠦ᠂
ᠭᠡᠷ ᠪᠦᠯᠢ ᠠᠢᠯ ᠡᠷᠦᠬᠡ ᠶ᠋ᠢ ᠰᠦᠢᠳᠬᠡᠨ ᠰᠠᠷᠨᠢᠭᠤᠯᠤᠨᠠ᠃
ᠡᠪᠦᠭᠡᠳ ᠡᠮᠡᠭᠡᠳ ᠤᠬᠢᠯᠠᠨ ᠭᠠᠰᠠᠯᠵᠤ ᠵᠣᠪᠠᠯᠠᠩ ᠢ᠋ ᠦᠵᠡᠨ᠎ᠡ᠃
ᠬᠡᠦᠬᠡᠳ ᠨᠢᠯᠬᠠᠰ ᠦᠬᠦᠵᠦ ᠦᠷᠡᠭᠳᠡᠨ ᠰᠡᠳᠬᠢᠯ ᠢ᠋ ᠰᠢᠨᠠᠯᠭᠠᠨ᠎ᠠ᠃
ᠡᠳ᠋ ᠬᠥᠷᠥᠩᠭᠡ ᠰᠦᠢᠳᠴᠦ ᠠᠢᠯ ᠭᠡᠷ ᠢ᠋ ᠪᠤᠰᠠᠨᠢᠭᠤᠯᠤᠨ᠎ᠠ᠃
ᠡᠴᠢᠭᠡ ᠡᠬᠡ ᠵᠣᠪᠠᠵᠤ ᠭᠠᠰᠠᠯᠠᠩ ᠢ᠋ ᠡᠳ᠋ᠯᠡᠨ᠎ᠡ᠃
ᠡᠨᠡ ᠬᠦᠨᠳᠦ ᠮᠠᠭᠤ ᠡᠪᠡᠳᠴᠢᠨ ᠡᠴᠡ ᠰᠡᠷᠭᠡᠢᠯᠡᠬᠦ ᠳ᠋ᠦ᠍
ᠡᠷᠲᠡ ᠡᠴᠡ ᠰᠡᠷᠭᠡᠢᠯᠡᠬᠦ ᠲᠠᠷᠢᠯᠭ᠎ᠠ ᠶ᠋ᠢ ᠡᠰᠡ ᠦᠢᠯᠡᠳᠪᠡᠯ
ᠵᠣᠪᠠᠯᠠᠩ ᠤ᠋ᠨ ᠨᠢᠯᠪᠤᠰᠤ ᠨᠢᠳᠦᠨ ᠳ᠋ᠦ᠍ ᠡᠭᠦᠯᠡ ᠲᠠᠲᠠᠨ᠎ᠠ᠃
ᠭᠠᠰᠠᠯᠠᠩ ᠤ᠋ᠨ ᠳᠠᠭᠤ ᠴᠡᠭᠡᠵᠢᠨ ᠳ᠋ᠦ᠍ ᠪᠤᠬᠢᠨᠢᠳᠤᠵᠤ ᠠᠭᠤᠯᠠ ᠪᠣᠯᠤᠨ᠎ᠠ᠃
ᠬᠠᠭᠠᠴᠠᠭᠰᠠᠨ ᠬᠠᠢᠷᠠᠲᠠᠨ ᠰᠢᠨᠠᠯᠵᠤ ᠮᠡᠳᠡᠷᠡᠯ ᠮᠠᠭᠤᠳᠠᠨ᠎ᠠ᠃
ᠬᠠᠯᠠᠭᠤᠨ ᠵᠤᠨ ᠤ᠋ ᠪᠦᠭᠴᠢᠮ ᠳ᠋ᠦ᠍ ᠰᠡᠳᠬᠢᠯ ᠮᠡᠳᠡᠷᠡᠯ ᠳᠣᠷᠣᠢᠲᠠᠨ᠎ᠠ᠃
1935 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠰᠡᠬᠡᠭᠡᠷᠡᠯ᠂ ᠭᠠᠷᠮ᠎ᠠ᠂ ᠣᠳᠬᠠᠨᠰᠤ᠎ᠠ
