ᠵᠠᠯᠠᠭ᠎ᠠ ᠡᠪᠡᠰᠦЗалаа өвс

ᠵᠠᠯᠠᠭ᠎ᠠ ᠡᠪᠡᠰᠦ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠪᠤᠲᠠᠯᠠᠵᠤ᠂ ᠰᠢᠯᠤᠭᠤᠨ ᠤᠷᠭᠤᠬᠤ ᠪᠤᠶᠤ ᠣᠵᠣᠭᠣᠷ ᠲᠠᠭᠠᠨ ᠮᠤᠷᠤᠢᠨ᠎ᠠ᠃30—100cm ᠥᠨᠳᠥᠷ᠂2—3 ᠦᠶ᠎ᠡ ᠲᠡᠢ᠃ ᠨᠠᠪᠴᠢᠨ ᠤ᠋ ᠲᠣᠭᠳᠣᠢ ᠨᠢ ᠦᠰᠦ ᠦᠭᠡᠢ; ᠨᠠᠪᠴᠢᠨ ᠤ᠋ ᠬᠡᠯᠡ ᠨᠢ ᠲᠣᠷᠭᠠᠨ ᠬᠠᠯᠢᠰᠤᠯᠢᠭ᠂5—7mm ᠤᠷᠲᠤ; ᠨᠠᠪᠴᠢ ᠨᠢ ᠮᠠᠰᠢ ᠪᠥᠬᠡ᠂ ᠭᠤᠯᠳᠤ ᠪᠠᠷ ᠬᠤᠮᠢᠷᠠᠨ᠎ᠠ᠂3—7cm ᠤᠷᠲᠤ᠂1—3mm ᠥᠷᠭᠡᠨ᠂ ᠬᠠᠶᠠ20cm ᠤᠷᠲᠤ ᠴᠣ ᠪᠣᠢ᠃ ᠰᠠᠯᠠᠭ᠎ᠠ ᠨᠤᠭᠤᠳ ᠨᠢ ᠮᠠᠰᠢ ᠨᠠᠷᠢᠨ ᠪᠥᠭᠡᠳ ᠳᠣᠭᠣᠭᠰᠢ ᠬᠡᠰᠡᠭ ᠲᠦ᠋ᠨᠢ ᠵᠢᠵᠢᠭ ᠲᠦᠷᠦᠭᠦᠦ ᠦᠭᠡᠢ; ᠵᠢᠵᠢᠭ ᠲᠦᠷᠦᠭᠦᠦ ᠨᠢ4—4.5mm ᠤᠷᠲᠤ᠂ ᠨᠣᠭᠣᠪᠲᠤᠷ ᠠ᠋ᠴᠠ ᠬᠦᠷᠡᠩ ᠪᠣᠷᠣ ᠪᠣᠯᠵᠤ ᠬᠤᠪᠢᠷᠠᠨ᠎ᠠ; ᠨᠢᠭᠡᠳᠦᠭᠡᠷ ᠬᠠᠯᠢᠰᠤ ᠨᠢ ᠨᠢᠭᠡ ᠰᠤᠳᠠᠯ ᠲᠠᠢ᠂3.5—4.5mm ᠤᠷᠲᠤ᠂ ᠬᠣᠶᠠᠳᠤᠭᠠᠷ ᠬᠠᠯᠢᠰᠤ ᠨᠢ ᠭᠤᠷᠪᠠᠨ ᠰᠤᠳᠠᠯ ᠲᠠᠢ᠂ ᠨᠢᠭᠡᠳᠦᠭᠡᠷ ᠬᠠᠯᠢᠰᠤ ᠲᠠᠢ ᠪᠠᠨ ᠢᠵᠢᠯ ᠤᠷᠲᠤ ᠪᠤᠶᠤ ᠪᠠᠬᠠᠨ ᠤᠷᠲᠤ; ᠭᠠᠳᠠᠷ ᠬᠡᠪᠡᠭ ᠨᠢ3—3.5mm ᠤᠷᠲᠤ᠂ ᠬᠡᠷᠴᠢᠶᠡᠰᠤᠲᠤ ᠦᠵᠦᠭᠦᠷ ᠲᠡᠢ᠂ ᠰᠠᠭᠤᠷᠢ ᠲᠠᠪᠠᠭ ᠤ᠋ᠨ ᠬᠣᠶᠠᠷ ᠬᠠᠪᠢ ᠶ᠋ᠢᠨ ᠦᠰᠦ ᠨᠢ ᠬᠡᠪᠡᠭ ᠦ᠋ᠨ ᠭᠤᠷᠪᠠᠨ ᠤ᠋ ᠨᠢᠭᠡ ᠴᠢᠨᠡᠭᠡ ᠤᠷᠲᠤ; ᠰᠤᠷ ᠨᠢ ᠰᠢᠯᠤᠭᠤᠨ᠂ ᠭᠠᠳᠠᠷ ᠬᠡᠪᠡᠭ ᠦ᠋ᠨ ᠭᠠᠳᠠᠷ ᠲᠠᠯ᠎ᠠ ᠶ᠋ᠢᠨ ᠤᠭ ᠣᠷᠴᠢᠮ ᠠ᠋ᠴᠠ ᠤᠷᠭᠤᠵᠤ᠂ ᠬᠡᠪᠡᠭ ᠡᠴᠡ ᠪᠡᠨ ᠪᠠᠬᠠᠨ ᠣᠬᠣᠷ ᠪᠤᠶᠤ ᠪᠠᠬᠠᠨ ᠤᠷᠲᠤ ᠴᠤ ᠪᠠᠢᠳᠠᠭ; ᠳᠣᠲᠣᠷ ᠬᠡᠪᠡᠭ ᠨᠢ ᠭᠠᠳᠠᠷ ᠬᠡᠪᠡᠭ ᠲᠡᠢ ᠪᠡᠨ ᠢᠵᠢᠯ ᠤᠷᠲᠤ ᠪᠤᠶᠤ ᠪᠠᠬᠠᠨ ᠣᠬᠣᠷ; ᠲᠣᠭᠣᠰᠣᠪᠴᠢ ᠨᠢ2mm ᠣᠷᠴᠢᠮ ᠤᠷᠲᠤ᠃
ᠴᠢᠭᠢᠭᠲᠡᠢ ᠬᠡᠭᠡᠷ᠎ᠡ ᠲᠠᠯ᠎ᠠ ᠬᠢᠭᠡᠳ ᠭᠣᠣᠯ ᠤ᠋ᠨ ᠬᠥᠪᠡᠭᠡ ᠪᠡᠷ ᠤᠷᠭᠤᠨ᠎ᠠ᠃
ᠮᠠᠨ ᠤ᠋ ᠤᠯᠤᠰ ᠤ᠋ᠨ ᠤᠮᠠᠷᠠᠲᠤ ᠣᠷᠣᠨ᠂ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠬᠢᠭᠡᠳ ᠪᠠᠷᠠᠭᠤᠨ ᠡᠮᠦᠨᠡᠲᠦ ᠣᠷᠣᠨ ᠤ᠋ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠦᠷᠡᠯᠡᠬᠦ ᠡᠴᠡ ᠡᠮᠦᠨ᠎ᠡ ᠨᠢ ᠮᠠᠯ ᠲᠡᠵᠢᠭᠡᠪᠦᠷᠢ ᠢᠳᠡᠬᠦ ᠳᠤᠷᠠᠲᠠᠢ ᠪᠡᠯᠴᠢᠭᠡᠷ ᠡᠪᠡᠰᠦ᠂ ᠴᠢᠨᠠᠷ ᠨᠢ ᠳᠡᠮᠡᠢ ᠰᠠᠢᠨ ᠪᠢᠰᠢ᠃ ᠡᠰᠢ ᠨᠢ ᠨᠠᠷᠢᠬᠠᠨ ᠤᠷᠲᠤ ᠪᠥᠭᠡᠳ ᠤᠶᠠᠨ ᠪᠡᠬᠡ ᠲᠤᠯᠠ ᠡᠪᠡᠰᠦᠨ ᠮᠠᠯᠠᠭᠠᠢ ᠵᠡᠷᠭᠡ ᠶ᠋ᠢ ᠭᠦᠷᠦᠳᠡᠭ᠃
ᠬᠢᠲᠠᠳ ᠨᠡᠷ᠎ᠡ᠄发草
ᠠᠩᠭ᠌ᠯᠢ ᠨᠡᠷ᠎ᠡ᠄Deschampsia caespitosa(L.)Beauv.
ᠦᠰᠦᠭ ᠠᠮᠢᠯᠠᠭᠤᠯᠤᠭᠴᠢ᠄ ᠣ · ᠰᠡᠴᠡᠨᠲᠦ
ᠬᠢᠨᠠᠭᠴᠢ᠄ ᠲᠤᠶᠠᠭ᠎ᠠ
