ᠷᠣᠮᠠᠨ ᠬᠦᠦ – ᠶᠣᠨᠳᠣᠨ ᠤ ᠪᠢᠯᠢᠭ᠌ - ᠪᠠᠭᠠᠲᠤᠷ - Роман хүү –Ёндоны Билиг - Баатар
ᠷᠣᠮᠠᠨ ᠬᠦᠦ
(ᠳᠠᠭᠤᠨ ᠤ᠋ ᠰᠢᠯᠦᠭ )
ᠡᠪᠦᠭᠡ ᠪᠡᠨ ᠥᠪᠴᠢᠵᠦ ᠪᠠᠳᠠᠷᠠᠩᠭᠤᠢ ᠪᠠᠷ᠎ᠠ ᠲᠠᠢ ᠲᠥᠷᠥᠭᠰᠡᠨ
ᠡᠮᠡᠭᠡ ᠪᠡᠨ ᠳᠠᠭᠤᠷᠢᠶᠠᠵᠤ ᠬᠢᠴᠢᠶᠡᠩᠭᠦᠢ ᠳᠠᠷᠤᠤ ᠠᠮᠢᠳᠤᠷᠠᠭᠰᠠᠨ
ᠠᠪᠤ ᠪᠠᠨ ᠠᠷᠭᠠᠳᠠᠵᠤ ᠵᠢᠩᠭᠠᠷ ᠭᠡᠰᠡᠷ ᠬᠠᠢᠯᠠᠭᠰᠠᠨ
ᠡᠵᠢ ᠪᠡᠨ ᠮᠥᠷᠥᠭᠡᠳᠤᠵᠤ ᠮᠣᠷᠢᠨ ᠬᠤᠭᠤᠷ ᠬᠥᠭᠯᠡᠭᠰᠡᠨ
ᠠᠢ ᠬᠦᠢ᠂
ᠤᠶᠠᠷᠠᠬᠤ ᠳ᠋ᠠᠭᠠᠨ
ᠴᠠᠰᠤᠲᠤ ᠥᠨᠳᠥᠷᠯᠢᠭ ᠰᠢᠭ ᠬᠠᠢᠯᠤᠬᠤᠢ
ᠣᠪᠣᠣ ᠡᠷ᠎ᠡ ᠶᠦᠮ ᠠ᠋ ᠴᠢ
ᠨᠥᠬᠥᠷᠯᠡᠬᠦ ᠳ᠋ᠡᠭᠡᠨ
ᠲᠡᠭᠷᠢᠯᠢᠭ ᠲᠠᠩᠭᠠᠷᠢᠭ ᠰᠢᠭ᠋
ᠲᠠᠴᠢᠭᠢᠨᠠᠬᠤᠢ ᠭᠠᠢᠭᠤᠢ ᠭᠠᠢᠬᠠᠯ ᠶᠤᠮ ᠠ᠋ ᠴᠢ
ᠬᠣᠯᠠ ᠶ᠋ᠢ ᠰᠢᠷᠳᠡᠵᠦ ᠭᠢᠯᠪᠡᠬᠡᠨ ᠬᠤᠢᠪᠢ ᠬᠠᠶᠠᠭᠰᠠᠨ
ᠬᠣᠲᠠ ᠶ᠋ᠢ ᠰᠡᠭᠰᠦᠷᠴᠦ ᠵᠥᠭᠡᠯᠡᠨ ᠬᠥᠳᠡᠭᠡ ᠳ᠋ᠦ᠍ ᠲᠡᠮᠡᠦᠯᠡᠭᠰᠡᠨ
ᠦᠷ᠎ᠡ ᠪᠡᠨ ᠳᠣᠳᠣᠮᠳᠠᠵᠤ ᠲᠣᠭᠣᠨᠣ ᠪᠠᠨ ᠲᠤᠯᠤᠭᠰᠠᠨ
ᠤᠭᠰᠠᠭ᠎ᠠ ᠪᠠᠨ ᠲᠡᠳᠬᠦᠵᠦ ᠰᠣᠶᠣᠯ ᠢ᠋ᠶ᠋ᠠᠨ ᠳᠡᠭᠡᠳᠦᠯᠡᠭᠰᠡᠨ
ᠠᠢ ᠬᠦᠢ᠂
ᠮᠡᠷᠡᠢᠬᠦ ᠳ᠋ᠡᠭᠡᠨ
ᠠᠷᠠᠯ ᠤ᠋ᠨ ᠱᠠᠷ ᠰᠢᠭ᠋ ᠵᠢᠳᠬᠦᠬᠦᠢ
ᠵᠦᠭᠡᠷ ᠴᠤ᠌ ᠦᠭᠡᠢ ᠰᠠᠢᠨ ᠡᠷ᠎ᠡ ᠶᠦᠮ ᠠ᠋ ᠴᠢ
ᠮᠠᠨᠳᠤᠬᠤ ᠳ᠋ᠠᠭᠠᠨ
ᠠᠭᠤᠯᠠ ᠶ᠋ᠢᠨ ᠠᠷᠰᠯᠠᠨ ᠰᠢᠭ᠋ ᠮᠠᠭᠰᠢᠬᠤᠢ
ᠠᠷᠠᠢ ᠴᠤ᠌ ᠣᠨᠳᠣᠣ ᠵᠣᠯᠢᠭ ᠶᠤᠮ ᠠ᠋ ᠴᠢ
2024᠂ 6᠂ 7᠃ ᠦᠦᠷ ᠢ᠋ᠶ᠋ᠡᠷ᠃
ᠬᠥᠬᠡᠬᠣᠲᠠᠨ᠎ᠠ ᠪᠦᠲᠦᠭᠡᠪᠡᠢ᠃
