ᠨᠢᠭᠡ ᠳᠤᠰᠤᠯ ᠴᠢᠰᠤᠨ ᠳ᠋ᠤ᠌ ᠲᠠᠪᠤᠨ ᠰᠠᠶ᠎ᠠ- ᠳ· ᠨᠠᠴᠤᠭᠳᠣᠷᠵᠢНэг досол цусанд таван сая-Д.Нацагдорж
ᠨᠢᠭᠡ ᠳᠤᠰᠤᠯ ᠴᠢᠰᠤᠨ ᠳ᠋ᠤ᠌ ᠲᠠᠪᠤᠨ ᠰᠠᠶ᠎ᠠ
ᠳ· ᠨᠠᠴᠤᠭᠳᠣᠷᠵᠢ
ᠥᠨᠳᠥᠷ ᠬᠠᠩᠭᠠᠢ ᠬᠠᠯᠵᠠᠨ ᠠᠭᠤᠯᠠ ᠶ᠋ᠢᠨ ᠪᠠᠯ ᠳᠡᠭᠡᠷ᠎ᠡ
ᠡᠪᠦᠭᠡᠨ ᠲᠠᠷᠪᠠᠭ᠎ᠠ ᠱᠣᠭᠰᠢᠷᠠᠨ ᠬᠣᠰᠬᠢᠷᠤᠨ ᠰᠠᠭᠤᠨ᠎ᠠ᠃
ᠠᠩᠴᠢᠨ ᠵᠠᠮᠰᠡᠷᠡᠩ ᠠᠮᠢᠰᠬᠤᠯ ᠳᠠᠷᠤᠨ ᠭᠡᠲᠡᠵᠦ ᠬᠦᠷᠦᠭᠡᠳ
ᠠᠮᠢᠨ ᠵᠢᠷᠦᠬᠡᠨ ᠳ᠋ᠦ᠍ᠨᠢ ᠠᠯᠲᠠᠨ ᠲᠣᠪᠴᠢ ᠶ᠋ᠢ ᠲᠤᠰᠢᠶᠠᠨ᠎ᠠ᠃
ᠣᠯᠤᠭᠰᠠᠨ ᠣᠯᠵᠠ ᠥᠪᠴᠢᠭᠰᠡᠨ ᠠᠷᠠᠰᠤ ᠨᠤᠭᠤᠳ ᠢ᠋ᠶ᠋ᠠᠨ
ᠬᠣᠷᠰᠢᠶᠠᠨ ᠳ᠋ᠤ᠌ ᠥᠭᠴᠦ ᠬᠣᠨᠵᠢᠵᠤ ᠪᠡᠶᠡᠰᠦᠨ᠎ᠡ᠃
ᠬᠣᠶᠠᠷ ᠭᠤᠷᠪᠠ ᠳᠥᠷᠪᠡ ᠲᠠᠪᠤ ᠶ᠋ᠢ ᠡᠳᠦᠷ ᠲᠦ᠍ ᠠᠯᠳᠠᠬᠤ ᠦᠭᠡᠢ
ᠬᠣᠨᠵᠢᠪᠤᠷᠢ ᠬᠥᠯᠥᠰᠥ᠂ ᠬᠣᠭᠣᠯᠠ ᠤᠮᠳᠠ ᠳ᠋ᠤ᠌ ᠪᠠᠷᠠᠬᠤ ᠥᠬᠡᠢ᠂
ᠠᠮᠤᠷ ᠠᠮᠤᠭᠤᠯᠠᠩ ᠰᠠᠭᠤᠵᠤ ᠪᠠᠢᠲᠠᠯ᠎ᠠ
ᠠᠶᠤᠯᠲᠤ ᠡᠪᠡᠳᠴᠢᠨ ᠠᠶᠤᠯᠲᠤ ᠡᠪᠡᠳᠴᠢᠨ
ᠠᠷᠠᠳ ᠲᠦᠮᠡᠨ ᠳ᠋ᠦ᠍ ᠤᠬᠠᠭᠤᠯᠭ᠎ᠠ ᠵᠠᠷᠯᠠᠯ
ᠠᠷᠠᠴᠢᠯᠠᠵᠤ ᠬᠠᠮᠠᠭᠠᠯᠠᠬᠤ ᠶᠣᠰᠣ ᠵᠢᠷᠤᠮ
ᠠᠯᠢ ᠤᠴᠢᠷ ᠨᠢ ᠮᠡᠳᠡᠭᠳᠡᠬᠦ ᠦᠭᠡᠢ ᠶᠠᠳᠠᠵᠤ ᠪᠠᠢᠲᠠᠯ᠎ᠠ
ᠠᠶᠤᠯᠲᠤ ᠲᠠᠬᠤᠯ ᠤ᠋ᠨ ᠨᠢᠶᠠᠨ ᠥᠴᠦᠬᠡᠨ ᠠᠮᠢᠲᠠᠨ ᠤ᠋ ᠲᠤᠬᠠᠢ
ᠳ᠋ᠣᠺᠲ᠋ᠣᠷ ᠠ᠋ᠴᠠ ᠲᠠᠨᠢᠭᠤᠯᠤᠭᠰᠠᠨ ᠨᠢ
ᠨᠢᠭᠡ ᠳᠤᠰᠤᠯ ᠴᠢᠰᠤᠨ ᠳ᠋ᠤ᠌ ᠲᠠᠪᠤᠨ ᠰᠠᠶ᠎ᠠ ᠭᠡᠨ᠎ᠡ᠃
1935 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠰᠡᠬᠡᠭᠡᠷᠡᠯ᠂ ᠭᠠᠷᠮ᠎ᠠ᠂ ᠣᠳᠬᠠᠨᠰᠤ᠎ᠠ
