ᠷᠠᠰᠢᠶᠠᠨ- ᠳ· ᠨᠠᠴᠤᠭᠳᠣᠷᠵᠢРашаан-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠷᠠᠰᠢᠶᠠᠨ- ᠳ· ᠨᠠᠴᠤᠭᠳᠣᠷᠵᠢРашаан-Д.Нацагдорж

ᠷᠠᠰᠢᠶᠠᠨ- ᠳ· ᠨᠠᠴᠤᠭᠳᠣᠷᠵᠢРашаан-Д.Нацагдорж

2024-06-09

448

           ᠳ· ᠨᠠᠴᠤᠭᠳᠣᠷᠵᠢ 
ᠭᠠᠵᠠᠷ ᠤ᠋ᠨ ᠬᠣᠯᠠ ᠬᠥᠷᠥᠰᠥᠨ ᠦ᠌ ᠬᠣᠯᠠ ᠠ᠋ᠴᠠ ᠣᠷᠬᠢᠵᠤ ᠭᠠᠷᠤᠭᠰᠠᠨ 
ᠭᠠᠩ ᠪᠣᠯᠣᠳ ᠠᠮᠲᠠ ᠶ᠋ᠢ ᠴᠢᠨᠠᠷ ᠪᠣᠯᠭᠠᠨ ᠰᠢᠩᠭᠡᠭᠡᠭᠰᠡᠨ 
ᠲᠤᠩᠭᠠᠯᠠᠭ ᠰᠠᠢᠬᠠᠨ ᠷᠠᠰᠢᠶᠠᠨ ᠤᠰᠤ ᠶᠢᠷᠲᠢᠨᠴᠦ ᠳ᠋ᠦ᠍ ᠦᠨᠡᠯᠡᠭᠳᠡᠨ 
ᠲᠤᠤᠯᠠ ᠭᠣᠣᠯ ᠤ᠋ᠨ ᠣᠷᠴᠢᠮ ᠺᠣᠮᠪᠢᠨᠠᠲ ᠤ᠋ᠨ ᠳᠡᠷᠭᠡᠳᠡ ᠣᠨᠳᠣᠷᠴᠠᠢ᠃

ᠡᠷᠬᠡᠲᠡᠨ ᠮᠠᠲᠠᠯ ᠢ᠋ ᠰᠤᠪᠢᠯᠠᠨ ᠴᠢᠳᠠᠬᠤ ᠡᠷᠳᠡᠮ ᠲᠡᠢ 
ᠵᠢᠷᠦᠬᠡ ᠴᠢᠰᠤ ᠶ᠋ᠢ ᠰᠢᠨᠡᠳᠬᠡᠨ ᠴᠢᠳᠠᠬᠤ ᠰᠢᠮ᠎ᠡ ᠲᠡᠢ 
ᠰᠢᠨ᠎ᠡ ᠮᠠᠨᠳᠤᠭᠰᠠᠨ ᠵᠠᠰᠠᠭ ᠲᠥᠷᠥ ᠳ᠋ᠦ᠍ ᠠᠰᠢᠭ ᠲᠠᠢ 
ᠰᠢᠮᠡᠵᠦ ᠤᠤᠭᠤᠭᠰᠠᠨ ᠬᠥᠮᠦᠨ ᠪᠦᠬᠦᠨ ᠳ᠋ᠦ᠍ ᠠᠪᠤᠷᠠᠯ ᠲᠠᠢ᠃

ᠡᠢᠮᠦ ᠨᠢᠭᠡᠨ ᠲᠤᠩᠭᠠᠯᠠᠭ
ᠷᠠᠰᠢᠶᠠᠨ ᠤᠨᠳᠤᠷᠤᠨ ᠤᠨᠳᠤᠷᠤᠭᠠᠳ
ᠲᠡᠢᠮᠦ ᠰᠠᠢᠬᠠᠨ 
ᠰᠢᠮ᠎ᠡ ᠡᠷᠳᠡᠮ ᠢ᠋ ᠠᠭᠤᠯᠤᠨ ᠴᠢᠳᠠᠭᠠᠳ

ᠤᠯᠠᠭᠠᠨᠪᠠᠭᠠᠲᠤᠷ ᠬᠣᠲᠠ ᠶ᠋ᠢᠨ ᠤᠷᠲᠤ ᠲᠠᠯ᠎ᠠ ᠳ᠋ᠤ᠌
ᠤᠯᠤᠰ ᠤ᠋ᠨ ᠶᠡᠬᠡ ᠦᠢᠯᠡᠳᠪᠦᠷᠢ ᠶ᠋ᠢᠨ ᠳᠡᠷᠭᠡᠳᠡ
ᠲᠦᠮᠡᠨ ᠦ᠌ ᠰᠡᠳᠬᠢᠯ ᠢ᠋ ᠪᠠᠶᠠᠰᠬᠠᠨ
ᠮᠢᠩᠭᠠᠨ ᠤ᠋ ᠪᠡᠶ᠎ᠡ ᠶ᠋ᠢ ᠵᠠᠰᠠᠨ᠎ᠠ᠃

         1935 ᠣᠨ

   ᠦᠰᠦᠭ ᠠᠮᠢᠯᠠᠭᠤᠯᠤᠭᠴᠢ᠄ ᠡᠷᠳᠡᠨᠢᠭᠣᠤ᠎ᠠ
   ᠬᠢᠨᠠᠭᠴᠢ᠄ ᠰᠡᠬᠡᠭᠡᠷᠡᠯ᠂ ᠣᠳᠬᠠᠨᠰᠣ᠎ᠠ