ᠭᠡᠭᠡᠨ ᠭᠤᠨᠢᠭ-ᠬᠤᠷᠳᠤ ᠬᠠᠮᠲᠤᠯᠢᠭГэгээн гуниг-Хурд хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠭᠡᠨ ᠭᠤᠨᠢᠭ-ᠬᠤᠷᠳᠤ ᠬᠠᠮᠲᠤᠯᠢᠭГэгээн гуниг-Хурд хамтлаг

ᠭᠡᠭᠡᠨ ᠭᠤᠨᠢᠭ-ᠬᠤᠷᠳᠤ ᠬᠠᠮᠲᠤᠯᠢᠭГэгээн гуниг-Хурд хамтлаг

ᠠᠩᠭᠢᠯᠠᠯ:ᠳᠠᠭᠤᠤ ᠬᠥᠭᠵᠢᠮ
2022-05-30

522

ᠭᠡᠭᠡᠨ ᠭᠤᠨᠢᠭ

     ᠦᠭᠡ᠂ ᠠᠶ᠎ᠠ᠄ ᠰ᠂ ᠢᠱ᠌ᠢᠬᠦᠦ  ᠬᠤᠷᠳᠤ ᠬᠠᠮᠲᠤᠯᠢᠭ 

ᠲᠩᠷᠢ ᠶ᠋ᠢᠨ ᠰᠠᠷᠠ ᠶ᠋ᠢ ᠮᠢᠨᠦᠬᠢ ᠭᠡᠵᠦ ᠥᠮᠴᠢᠯᠡᠬᠦ ᠰᠢᠭ 
ᠲᠡᠪᠡᠷᠢᠵᠦ ᠦᠵᠡᠭᠡ ᠦᠭᠡᠢ ᠴᠢᠮᠠᠶ᠋ᠢ ᠪᠢ ᠥᠪᠡᠷ ᠦ᠋ᠨ ᠬᠢ ᠭᠡᠳ ᠴᠦ᠍ ᠶᠠᠭᠠᠬᠢᠬᠤᠪ ᠳᠠ 
ᠲᠡᠷᠡ ᠰᠠᠢᠷ ᠤ᠋ᠨ ᠴᠢᠯᠠᠭᠤ ᠶ᠋ᠢ ᠮᠢᠨᠦᠬᠢ ᠭᠡᠵᠦ ᠠᠳᠬᠠᠬᠤ ᠰᠢᠭ᠋ 
ᠲᠠᠩᠬᠢᠯᠬᠠᠨ ᠴᠢᠨᠦᠬᠢ ᠪᠡᠨ ᠴᠡᠩᠭᠡᠬᠦ ᠶ᠋ᠢ ᠬᠣᠷᠢᠭᠠᠳ ᠴᠤ᠌ ᠶᠠᠭᠠᠬᠢᠬᠤᠪ 
ᠲᠡᠷᠡ ᠰᠠᠢᠷ ᠤ᠋ᠨ ᠴᠢᠯᠠᠭᠤ ᠶ᠋ᠢ ᠮᠢᠨᠦᠬᠢ ᠭᠡᠵᠦ ᠠᠳᠬᠠᠬᠤ ᠰᠢᠭ᠋ 
ᠲᠠᠩᠬᠢᠯᠬᠠᠨ ᠴᠢᠨᠦᠬᠢ ᠪᠡᠨ ᠴᠡᠩᠭᠡᠬᠦ ᠶ᠋ᠢ ᠬᠣᠷᠢᠭᠠᠳ ᠴᠤ᠌ ᠶᠠᠭᠠᠬᠢᠬᠤᠪ 

ᠲᠠᠯ᠎ᠠ ᠳ᠋ᠠᠭᠠᠨ ᠳᠠᠭᠤᠯᠠᠬᠤ ᠰᠢᠪᠠᠭᠤᠬᠠᠢ ᠶ᠋ᠢ ᠲᠥᠰᠦᠭᠡᠯᠡᠵᠦ ᠴᠢᠳᠠᠬᠤ ᠦᠭᠡᠢ ᠰᠢᠭ 
ᠲᠤᠢᠯ ᠠ᠋ᠴᠠ ᠳᠣᠲᠣᠨᠣ ᠴᠢᠮᠠᠶ᠋ᠢ ᠪᠢ ᠦᠨᠦᠰᠬᠦ ᠶ᠋ᠢ ᠪᠣᠳᠣᠭᠠᠳ ᠴᠤ᠌ ᠶᠠᠭᠠᠬᠢᠬᠤᠪ
ᠲᠣᠭᠣᠷᠢᠮ ᠪᠦᠷᠢᠳᠦ ᠶ᠋ᠢᠨ ᠤᠰᠤ ᠶ᠋ᠢ ᠤᠷᠤᠰᠬᠠᠯ ᠦᠭᠡᠢ ᠬᠠᠷᠠᠮᠨᠠᠬᠤ ᠰᠢᠭ᠋
ᠲᠣᠮᠣᠭ᠎ᠠ ᠦᠭᠡᠢ ᠴᠢᠨᠦᠬᠢ ᠪᠡᠨ ᠨᠢᠯᠪᠤᠰᠤ ᠶ᠋ᠢ ᠠᠷᠴᠢᠬᠤ ᠭᠡᠳ ᠴᠦ᠍ ᠶᠠᠭᠠᠬᠢᠬᠤᠪ ᠳᠠ
ᠲᠣᠭᠣᠷᠢᠮ ᠪᠦᠷᠢᠳᠦ ᠶ᠋ᠢᠨ ᠤᠰᠤ ᠶ᠋ᠢ ᠤᠷᠤᠰᠬᠠᠯ ᠦᠭᠡᠢ ᠬᠠᠷᠠᠮᠨᠠᠬᠤ ᠰᠢᠭ᠋
ᠲᠣᠮᠣᠭ᠎ᠠ ᠦᠭᠡᠢ ᠴᠢᠨᠦᠬᠢ ᠪᠡᠨ ᠨᠢᠯᠪᠤᠰᠤ ᠶ᠋ᠢ ᠠᠷᠴᠢᠬᠤ ᠭᠡᠳ ᠴᠦ᠍ ᠶᠠᠭᠠᠬᠢᠬᠤᠪ ᠳᠠ

ᠲᠩᠷᠢ ᠶ᠋ᠢᠨ ᠣᠳᠣᠳ ᠢ᠋ ᠴᠤᠭᠯᠠᠭᠤᠯᠵᠤ ᠡᠪᠯᠡᠭᠦᠯᠬᠦ ᠰᠢᠭ
ᠲᠥᠭᠡ ᠲᠥᠭᠡ ᠪᠡᠷ ᠭᠡᠵᠢᠭᠡ ᠶ᠋ᠢ ᠴᠢᠨᠢ ᠰᠦᠯᠵᠢᠬᠦ ᠭᠡᠳ ᠴᠦ᠍ ᠶᠠᠭᠠᠬᠢᠬᠤᠪ ᠳᠠ
ᠲᠤᠭᠤᠯᠬᠤ ᠨᠠᠰᠤᠨ ᠤ᠋ ᠵᠣᠪᠠᠯᠠᠩ ᠢ᠋ ᠳᠠᠭᠠᠷᠢᠭᠠᠳ ᠬᠣᠯᠠᠳᠠᠭᠤᠯᠬᠤ ᠰᠢᠭ᠋
ᠲᠣᠷᠮᠣᠭᠣᠷ ᠴᠢᠮᠠᠶ᠋ᠢ ᠪᠢ ᠳᠠᠰᠬᠠᠬᠤ ᠭᠡᠳ ᠴᠦ᠍ ᠶᠠᠭᠠᠬᠢᠬᠤᠪ ᠳᠠ
ᠲᠤᠭᠤᠯᠬᠤ ᠨᠠᠰᠤᠨ ᠤ᠋ ᠵᠣᠪᠠᠯᠠᠩ ᠢ᠋ ᠳᠠᠭᠠᠷᠢᠭᠠᠳ ᠬᠣᠯᠠᠳᠠᠭᠤᠯᠬᠤ ᠰᠢᠭ᠋
ᠲᠣᠷᠮᠣᠭᠣᠷ ᠴᠢᠮᠠᠶ᠋ᠢ ᠪᠢ ᠳᠠᠰᠬᠠᠬᠤ ᠭᠡᠳ ᠴᠦ᠍ ᠶᠠᠭᠠᠬᠢᠬᠤᠪ ᠳᠠ

ᠳᠠᠭᠠᠨ᠎ᠠ ᠲᠠᠢ ᠭᠣᠪᠢ ᠶ᠋ᠢᠨ ᠦᠨᠦᠷ ᠢ᠋ ᠳᠠᠷᠤᠬᠤ ᠭᠡᠵᠦ ᠳᠠᠭᠠᠷᠢᠬᠤ ᠰᠢᠭ᠋
ᠲᠣᠷᠭᠠᠨ ᠡᠩᠭᠡᠷ ᠪᠡᠶ᠎ᠡ ᠶ᠋ᠢ ᠴᠢᠨᠢ ᠲᠠᠭᠠᠯᠠᠬᠤ ᠭᠡᠳ ᠴᠦ᠍ ᠶᠠᠭᠠᠬᠢᠬᠤᠪ ᠳᠧ
ᠲᠠᠷᠢᠶ᠎ᠠ ᠬᠠᠯᠢᠭᠤᠷᠠᠭᠰᠠᠨ ᠨᠠᠮᠤᠷ ᠢ᠋ ᠡᠪᠦᠯ ᠢ᠋ᠶ᠋ᠡᠷ ᠣᠷᠣᠯᠠᠭᠤᠯᠬᠤ ᠰᠢᠭ᠋
ᠲᠣᠢᠮᠣ ᠦᠭᠡᠢ ᠣᠯᠠᠨ ᠦᠭᠡᠰ ᠢ᠋ᠶ᠋ᠡᠷ ᠴᠢᠮᠠᠶ᠋ᠢ ᠵᠣᠪᠠᠭᠠᠭᠠᠳ ᠴᠤ᠌ ᠶᠠᠭᠠᠬᠢᠬᠤᠪ
ᠲᠠᠷᠢᠶ᠎ᠠ ᠬᠠᠯᠢᠭᠤᠷᠠᠭᠰᠠᠨ ᠨᠠᠮᠤᠷ ᠢ᠋ ᠡᠪᠦᠯ ᠢ᠋ᠶ᠋ᠡᠷ ᠣᠷᠣᠯᠠᠭᠤᠯᠬᠤ ᠰᠢᠭ᠋
ᠲᠣᠢᠮᠣ ᠦᠭᠡᠢ ᠣᠯᠠᠨ ᠦᠭᠡᠰ ᠢ᠋ᠶ᠋ᠡᠷ ᠴᠢᠮᠠᠶ᠋ᠢ ᠵᠣᠪᠠᠭᠠᠭᠠᠳ ᠴᠤ᠌ ᠶᠠᠭᠠᠬᠢᠬᠤᠪ