ᠮᠠᠨ ᠢ᠋ ᠬᠡᠨ ᠠᠯᠠᠨ᠎ᠠ- ᠳ· ᠨᠠᠴᠤᠭᠳᠣᠷᠵᠢМаныг хэн ална-Д.Нацагдорж
ᠳ· ᠨᠠᠴᠤᠭᠳᠣᠷᠵᠢ
ᠬᠠᠷᠭᠢᠰ ᠥᠰᠢᠶᠡᠲᠡᠨ ᠳᠠᠢᠰᠤᠨ
ᠬᠢᠲᠤᠭ᠎ᠠ ᠫᠤᠤ ᠶ᠋ᠢᠨ ᠵᠦᠢᠯ᠂
ᠬᠣᠣᠷ᠎ᠠ ᠢᠳᠡᠭᠡᠨ ᠦ᠌ ᠬᠥᠨᠥᠭᠡᠯ
ᠴᠥᠮ ᠮᠠᠨ ᠢ᠋ ᠢᠯᠡᠳᠲᠡ ᠠᠯᠠᠨ᠎ᠠ᠃
ᠬᠠᠷᠢᠨ ᠲᠡᠭᠦᠨ ᠡᠴᠡ ᠬᠡᠴᠡᠭᠦᠦ
ᠬᠠᠷᠠᠭᠳᠠᠵᠤ ᠦᠵᠡᠭᠳᠡᠬᠦ ᠵᠠᠭᠤᠮᠠ ᠦᠭᠡᠢ
ᠭᠠᠰᠠᠯᠭᠠᠵᠤ ᠵᠣᠪᠠᠭᠠᠵᠤ ᠪᠠᠢᠭᠠᠳ
ᠬᠠᠢᠷ᠎ᠠ ᠦᠭᠡᠢ ᠠᠯᠠᠳᠠᠭ ᠡᠪᠡᠳᠴᠢᠨ ᠪᠣᠢ᠃
ᠪᠠᠷᠢᠵᠤ ᠪᠣᠯᠬᠤ ᠪᠡᠶ᠎ᠡ ᠦᠭᠡᠢ᠂
ᠪᠠᠢᠴᠠᠭᠠᠵᠤ ᠰᠢᠳᠬᠡᠬᠦ ᠡᠷᠬᠡ ᠦᠭᠡᠢ
ᠳᠡᠯᠡᠬᠡᠢ ᠳᠡᠭᠡᠷ᠎ᠡ ᠳᠤᠷ᠎ᠠ ᠪᠠᠷ ᠰᠡᠯᠡᠭᠦᠴᠡᠵᠦ
ᠲᠣᠬᠢᠶᠠᠯᠳᠤᠭᠰᠠᠨ ᠬᠥᠮᠦᠨ ᠢ᠋ ᠰᠥᠨᠥᠭᠡᠨ᠎ᠡ᠃
ᠡᠭᠦᠨ ᠢ᠋ ᠰᠠᠢᠬᠠᠨ ᠮᠡᠳᠡᠭᠡᠷᠡᠢ᠃
ᠥᠪᠡᠷ ᠢ᠋ᠶ᠋ᠡᠨ ᠰᠠᠢᠬᠠᠨ ᠰᠡᠷᠭᠡᠢᠯᠡᠭᠡᠷᠡᠢ᠃
ᠲᠡᠭᠦᠨ ᠢ᠋ ᠵᠠᠬᠢᠷᠬᠤ ᠭᠠᠵᠠᠷ ᠨᠢ
ᠡᠷᠡᠭᠦᠯ ᠢ᠋ ᠬᠠᠮᠠᠭᠠᠯᠠᠬᠤ ᠭᠡᠭᠴᠢ ᠪᠣᠢ ᠰᠢᠦ᠃
1935 ᠣᠨ
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
